ᠤᠲᠤᠭ ᠬᠤᠰᠢᠭᠤᠨ ᠲᠠᠬᠢ ᠮᠣᠩᠭᠤᠯ ᠦᠨᠳᠥᠰᠥᠳᠡᠨ ᠤ ᠲᠠᠷᠬᠠᠯᠳᠠ
ᠨᠡᠶᠢᠲᠡᠯᠡᠭᠰᠡᠨ ᠴᠠᠭ᠄
2018-07-20
               ᠤᠲᠤᠭ ᠬᠤᠰᠢᠭᠤᠨ ᠲᠠᠬᠢ ᠮᠣᠩᠭᠤᠯ ᠦᠨᠳᠥᠰᠥᠳᠡᠨ ᠤ ᠲᠠᠷᠬᠠᠯᠳᠠ                                    ᠤᠳᠤᠭ ᠬᠤᠰᠢᠭᠤᠨ ᠤ ︽ᠦᠨᠳᠥᠰᠥᠲᠡᠨ ᠤ ᠣᠶᠢᠯᠠᠯᠭ᠎ᠠ︾                                    ᠨᠠᠶᠢᠷᠠᠭᠤᠯᠬᠤ ᠺᠣᠮᠢᠰ ᠨᠠᠶᠢᠷᠠᠭᠤᠯᠪᠠ      ᠴᠢᠩ ᠭᠥᠷᠥᠨ ᠤ ᠦᠶ᠎ᠡ ᠳᠤ ᠣᠷᠳᠣᠰ ᠤᠨ ᠪᠠᠷᠠᠭᠤᠨ ᠭᠠᠷ ᠤᠨ ᠳᠤᠮᠳᠠᠳᠤ ᠬᠤᠰᠢᠭᠤ ᠪᠤᠯᠭᠠᠨ ᠬᠤᠪᠢᠶᠠᠬᠤ ᠳᠤ ᠤᠳᠤᠭ ᠬᠤᠰᠢᠭᠤᠨ ᠤ ᠬᠢᠵᠠᠭᠠᠷ ᠡᠮᠥᠨᠡᠰᠢ ᠪᠠᠨ ᠴᠠᠭᠠᠨ ᠬᠡᠷᠡᠮ ᠲᠤᠯᠵᠤ᠂ ᠪᠠᠷᠠᠭᠤᠨᠰᠢ ᠬᠠᠳᠤᠨ ᠭᠤᠤᠯ ᠢᠶᠠᠷ ᠵᠠᠭᠠᠭᠯᠠᠵᠤ᠂ ᠬᠤᠶᠢᠳᠤ ᠲᠠᠯ᠎ᠠ ᠪᠠᠷ ᠢᠶᠠᠨ ᠬᠠᠩᠭᠢᠨ ᠬᠤᠰᠢᠭᠤ᠂ ᠵᠡᠭᠦᠨ ᠲᠠᠯ᠎ᠠ ᠪᠠᠷ ᠢᠶᠠᠨ ᠦᠥᠰᠢᠨ ᠬᠤᠰᠢᠭᠤ ᠲᠠᠢ ᠰᠠᠪᠠᠯᠠᠵᠤ᠂ 4.42 ᠲᠥᠮᠡᠨ ᠲᠡᠭᠰᠢ ᠳᠥᠷᠪᠡᠯᠵᠢᠨ ᠺᠢᠯᠤᠮᠧᠲᠷ ᠨᠣᠳᠤᠭ ᠳᠡᠪᠢᠰᠭᠡᠷ ᠳᠡᠭᠡᠷ᠎ᠡ ᠴᠥᠮ ᠮᠣᠩᠭᠤᠯᠴᠣᠳ ᠨᠡᠭᠦᠳᠡᠯᠯᠡᠨ ᠮᠠᠯᠵᠢᠵᠤ ᠪᠠᠶᠢᠵᠠᠢ᠃ ᠴᠢᠩ ᠣᠯᠣᠰ ᠤᠨ ᠰᠡᠭᠦᠯᠴᠢ ᠢᠷᠭᠡᠨ ᠤᠯᠤᠰ ᠤᠨ ᠡᠬᠢᠨ ᠤ ᠦᠶ᠎ᠡ ᠪᠠᠷ ᠬᠤᠰᠢᠭᠤᠨ ᠤ ᠪᠠᠷᠠᠭᠤᠨ ᠡᠮᠥᠨ᠎ᠡ ᠬᠢᠵᠠᠭᠠᠷ ᠪᠤᠯᠤᠨ ᠵᠡᠭᠦᠨ ᠬᠤᠶᠢᠳᠤ ᠬᠢᠵᠠᠭᠠᠷ ᠲᠤ ᠠᠲᠠᠷ ᠬᠠᠭᠠᠯᠪᠤᠷᠢᠯᠠᠵᠤ᠂ ᠳᠤᠳᠤᠷ᠎ᠠ ᠭᠠᠵᠠᠷ ᠠᠴᠠ ᠲᠠᠷᠢᠶᠠᠴᠢᠳ ᠠᠪᠴᠢᠷᠠᠨ ᠲᠠᠷᠢᠶ᠎ᠠ ᠲᠠᠷᠢᠵᠤ᠂ ᠵᠠᠬ᠎ᠠ ᠬᠥᠪᠡᠭᠡ ᠶᠢᠨ ᠮᠠᠯ ᠤᠨ ᠪᠡᠯᠴᠢᠭᠡᠷ ᠠᠭᠠᠵᠢᠮ ᠢᠶᠠᠷ ᠲᠠᠷᠢᠶᠠᠨ ᠭᠠᠵᠠᠷ ᠪᠤᠯᠵᠤ᠂ ᠮᠠᠯᠴᠢᠳ ᠬᠤᠰᠢᠭᠤᠨ ᠤ ᠳᠤᠮᠳᠠ ᠭᠡᠰᠡᠭ ᠥᠭᠡᠳᠡ ᠲᠥᠪᠯᠡᠷᠡᠵᠠᠢ᠃ ᠰᠢᠨ᠎ᠡ ᠳᠤᠮᠳᠠᠳᠤ ᠤᠯᠤᠰ ᠪᠠᠶᠢᠭᠤᠯᠤᠭᠳᠠᠬᠤ ᠦᠶ᠎ᠡ ᠳᠤ ᠬᠤᠰᠢᠭᠤᠨ ᠤ ᠳᠤᠳᠤᠷ᠎ᠠ ᠨᠢᠭᠡᠨᠲᠡ ᠮᠠᠯᠵᠢᠬᠤ ᠪᠠ ᠲᠠᠷᠢᠶᠠᠯᠠᠬᠤ ᠣᠷᠣᠨ ᠬᠤᠪᠢᠶᠠᠭᠳᠠᠵᠤ᠂ ᠮᠣᠩᠭᠤᠯᠴᠣᠳ ᠭᠤᠤᠯᠳᠠᠭᠤ ᠮᠠᠯᠵᠢᠬᠤ ᠤᠷᠤᠨ ᠳᠤ ᠳᠥᠪᠯᠡᠷᠡᠭᠰᠡᠨ ᠪᠠᠶᠢᠨ᠎ᠠ᠃      2000 ᠣᠨ ᠤ ᠪᠥᠷᠢᠳᠬᠡᠯᠡᠯ ᠢ ᠦᠨᠳᠥᠰᠥᠯᠡᠪᠡᠯ ᠪᠥᠬᠦ ᠬᠤᠰᠢᠭᠤᠨ ᠤ 12  ᠰᠢᠶᠠᠩ ᠰᠣᠮᠣ ᠪᠠᠯᠭᠠᠰᠣᠨ ᠳᠤ ᠮᠣᠩᠭᠤᠯᠴᠣᠳ ᠠᠳᠠᠯᠢ ᠪᠤᠰᠤ ᠬᠡᠮᠵᠢᠶ᠎ᠡ ᠪᠠᠷ ᠲᠠᠷᠬᠠᠵᠤ ᠪᠠᠶᠢᠬᠤ ᠪᠣᠯᠪᠠᠴᠤ 96% ᠨᠢ ᠠᠷᠪᠠᠰ᠂ ᠴᠠᠪ᠂ ᠪᠤᠷᠣᠬᠤᠰᠢᠭᠤ᠂ ᠰᠥᠮᠡᠲᠣ᠂ ᠴᠠᠭᠠᠨᠨᠠᠭᠤᠷ᠂ ᠰᠢᠨ᠎ᠡ ᠵᠣᠤ᠂ ᠴᠢ ᠫᠠᠨ ᠵᠢᠩ᠂ ᠤᠯᠠᠭᠠᠨᠪᠠᠯᠭᠠᠰᠤ ᠵᠡᠷᠭᠡ ᠨᠠᠢᠮᠠᠨ ᠰᠤᠮᠤ ᠪᠠᠯᠭᠠᠰᠣᠨ ᠳᠤ ᠰᠠᠭᠤᠷᠢᠰᠢᠵᠤ᠂ ᠡᠭᠦᠨ ᠤ ᠳᠣᠳᠣᠷ᠎ᠠ 17% ᠨᠢ ᠤᠯᠠᠭᠠᠨᠪᠠᠯᠭᠠᠰᠣᠨ ᠳᠤ ᠰᠠᠭᠤᠵᠤ ᠪᠠᠶᠢᠨ᠎ᠠ᠃      2005 ᠤᠨ ᠤ 9 ᠳ᠋ᠦ᠋ᠭᠡᠷ ᠰᠠᠷ᠎ᠠ ᠳᠤ᠂ ᠳᠡᠭᠡᠳᠦ ᠱᠠᠳᠣᠨ ᠤ ᠰᠣᠮᠣ ᠰᠢᠶᠠᠩ ᠪᠠᠯᠭᠠᠰᠤ ᠶᠢ ᠴᠣᠮᠬᠠᠳᠬᠠᠨ ᠨᠡᠶᠢᠯᠡᠭᠦᠯᠬᠦ ᠵᠣᠷᠢᠭ ᠰᠠᠨᠠᠭ᠎ᠠ ᠪᠠᠷ ᠤᠭ ᠤᠨ 5 ᠰᠢᠶᠠᠩ᠂ 7 ᠰᠤᠮᠤ᠂ 2 ᠪᠠᠯᠭᠠᠰᠤ ᠪᠠᠨ ᠴᠤᠮᠬᠠᠳᠬᠠᠭᠠᠳ 2 ᠰᠤᠮᠤ᠂ 4 ᠪᠠᠯᠭᠠᠰᠤ ᠪᠤᠯᠭᠠᠪᠠ᠃ ᠳᠤᠬᠠᠶᠢᠯᠠᠪᠠᠯ᠄  ᠤᠭ ᠤᠨ ᠭᠥᠨᠴᠢᠷᠭ᠎ᠠ ᠰᠢᠶᠠᠩ ᠤᠨ ᠴᠢᠯᠠᠭᠤᠳᠤ ᠳᠣᠰᠬᠤᠨ᠂ ᠠᠷᠪᠠᠰ ᠰᠣᠮᠣ ᠶᠢᠨ ᠪᠠᠶ᠋ᠬᠠᠦ᠋ᠨᠳᠥᠷ᠂ ᠶᠡᠬᠡᠪᠤᠯᠠᠭ᠂ ᠰᠣᠬᠠᠶᠢᠳᠣ ᠵᠡᠷᠭᠡ ᠶᠢ ᠵᠢᠶᠠᠠᠭᠦ᠋ᠢ ᠲᠠᠢ ᠬᠠᠮᠳᠣᠳᠬᠠᠨ  ᠮᠸᠡᠭ ᠰᠢ ᠪᠠᠯᠭᠠᠰᠤ ᠭᠡᠵᠤ  ᠃ ᠤᠭ ᠤᠨ ᠠᠷᠪᠠᠰ ᠰᠤᠮᠤ ᠶᠢᠨ ᠴᠢᠯᠠᠭᠤᠨᠪᠠᠢ᠂ ᠣᠷᠠᠨᠳᠦ᠋ᠰᠢ᠂ ᠡᠷᠬᠡᠳᠤ᠂ ᠬᠦᠵᠢ ᠵᠡᠷᠭᠡ 4 ᠭᠠᠴᠠᠭ᠎ᠠ ᠪᠠ ᠭᠥᠨᠴᠢᠷᠭ᠎ᠠ ᠰᠢᠶᠠᠩ ᠤᠨ ᠱᠧᠨ ᠵᠢᠩ᠂ ᠪᠠᠢ ᠶᠠᠨ ᠵᠢᠩ᠂ ᠠᠷᠣᠴᠢᠷᠠᠭ᠎ᠠ᠂ ᠰᠥᠮᠡᠲᠣ᠂ ᠰᠢᠷᠢᠬᠢ ᠵᠡᠷᠭᠡ 5 ᠳᠣᠰᠬᠤᠨ ᠢ ᠴᠢ ᠫᠠᠨ ᠵᠢᠩ ᠪᠠᠯᠭᠠᠰᠤ ᠲᠠᠢ ᠬᠠᠮᠳᠤᠳᠬᠠᠨ ᠴᠢ ᠫᠠᠨ ᠵᠢᠩ ᠭᠡᠵᠤ᠃ ᠤᠭ ᠤᠨ ᠴᠠᠭᠠᠨᠨᠠᠭᠤᠷ ᠪᠠᠯᠭᠠᠰᠤ᠂ ᠪᠤᠷᠤᠬᠤᠰᠢᠭᠤ ᠪᠠᠯᠭᠠᠰᠤ ᠶᠢ ᠤᠯᠠᠭᠠᠨᠪᠠᠯᠭᠠᠰᠤ ᠲᠠᠢ ᠬᠠᠮᠳᠤᠳᠬᠠᠨ ᠤᠯᠠᠭᠠᠨᠪᠠᠯᠭᠠᠰᠤ ᠭᠡᠵᠤ  ᠃ ᠦᠮᠡᠬᠡᠶᠢᠨᠠᠭᠤᠷ ᠪᠠᠯᠭᠠᠰᠤ᠂ ᠪᠠᠶᠠᠨᠨᠠᠭᠤᠷ ᠪᠠᠯᠭᠠᠰᠤ ᠶᠢ ᠬᠠᠮᠳᠤᠳᠬᠠᠵᠤ ᠦᠮᠡᠬᠡᠶᠢᠶᠢᠨᠠᠭᠤᠷ ᠪᠠᠯᠭᠠᠰᠤ ᠪᠤᠯᠭᠠᠭᠰᠠᠨ ᠪᠠᠶᠢᠨ᠎ᠠ᠃ ᠢᠩᠬᠢᠭᠡᠳ ᠣᠳᠣ ᠶᠢᠨ 4 ᠪᠠᠯᠭᠠᠰᠤ᠂ 2 ᠰᠣᠮᠣ ᠪᠤᠯᠤᠨ ᠪᠥᠷᠢᠯᠳᠥᠵᠥ᠂ ᠮᠣᠩᠭᠤᠯᠴᠣᠳ ᠤᠨ ᠣᠯᠠᠩᠬᠢ  ᠨᠢ ᠠᠷᠪᠠᠰ ᠰᠤᠮᠤ᠂ ᠰᠥᠮᠡᠲᠣ ᠰᠣᠮᠥ ᠪᠠ ᠤᠯᠠᠭᠠᠨᠪᠠᠯᠭᠠᠰᠤ ᠶᠢᠨ ᠭᠠᠴᠠᠭ᠎ᠠ ᠨᠦᠭᠦᠳ ᠲᠤ ᠲᠥᠪᠯᠡᠷᠡᠵᠠᠢ᠃
 
ᠢᠷᠡᠯᠲᠡ᠄ ᠣᠲᠣᠭ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号