ᠤᠲᠤᠭ ᠮᠤᠩᠭᠤᠯᠴᠤᠳ ᠤᠨ ᠤᠯᠠᠮᠵᠢᠯᠠᠯᠲᠤ ᠭᠡᠷ ᠤᠨ ᠰᠤᠷᠭᠠᠯ — ᠬᠤᠱᠤᠩᠨᠠᠵᠤ ᠴᠡᠭᠡᠷᠯᠡᠭᠦᠯᠬᠦ ᠶᠢᠨ ᠲᠤᠬᠠᠢ
ᠨᠡᠶᠢᠲᠡᠯᠡᠭᠰᠡᠨ ᠴᠠᠭ᠄
2019-02-20
                 ᠤᠲᠤᠭ ᠮᠤᠩᠭᠤᠯᠴᠤᠳ ᠤᠨ ᠤᠯᠠᠮᠵᠢᠯᠠᠯᠲᠤ ᠭᠡᠷ ᠤᠨ ᠰᠤᠷᠭᠠᠯ                                               — ᠬᠤᠱᠤᠩᠨᠠᠵᠤ ᠴᠡᠭᠡᠷᠯᠡᠭᠦᠯᠬᠦ ᠶᠢᠨ ᠲᠤᠬᠠᠢᠠᠶᠢᠯ ᠳᠤ ᠨᠢᠭᠡ ᠬᠤᠳᠬᠤᠭᠤᠷᠠᠶᠢᠷᠠᠭ ᠲᠤ ᠨᠢᠭᠡ ᠪᠥᠯᠢᠭᠦᠷ      — ᠠᠶᠢᠮᠠᠭ ᠰᠠᠭᠠᠬᠠᠯᠲᠠ᠂ ᠨᠥᠬᠦᠷ ᠰᠠᠳᠤᠨ ᠤ ᠳᠤᠮᠳᠠ ᠬᠤᠪ ᠦᠭᠡ ᠵᠥᠭᠡᠭᠡᠵᠦ ᠬᠤᠳᠬᠤᠳᠠᠭ ᠬᠦᠮᠦᠨ  ᠢ ᠰᠢᠭᠦᠮᠵᠢᠯᠡᠨ ᠬᠤᠱᠤᠩᠨᠠᠭᠰᠠᠨ ᠦᠭᠡ᠃ᠠᠮᠠᠨ ᠳᠤ ᠪᠠᠨ ᠠ ᠦᠭᠡᠢᠠᠯᠠᠭᠠᠨ ᠳᠤ ᠪᠠᠨ ᠫᠠᠳ ᠦᠭᠡᠢ      — ᠮᠡᠳᠡᠯᠭᠡ ᠪᠤᠯᠪᠠᠰᠤᠷᠠᠯ ᠦᠭᠡᠢ ᠮᠥᠷᠲᠡᠭᠡᠨ ᠪᠤᠰᠤᠳ ᠤᠨ ᠢᠳᠬᠠᠯ ᠢ ᠠᠪᠳᠠᠭ ᠦᠭᠡᠢ ᠬᠦᠮᠦᠨ ᠢ ᠳᠠᠭᠠᠷᠢᠭᠤᠯᠤᠭᠰᠠᠨ ᠦᠭᠡ᠃ᠠᠷᠢᠶᠠᠪᠠᠯᠤ ᠳᠤ ᠮᠠᠨᠢ ᠵᠢᠭᠠᠬᠤ      — ᠮᠡᠳᠡᠯᠭᠡ ᠦᠭᠡᠢ ᠪᠠᠶᠢᠭᠠᠳ ᠮᠡᠷᠭᠡᠳ ᠤᠨ ᠡᠮᠦᠨ᠎ᠡ ᠮᠡᠳᠡᠮᠡᠬᠡᠶᠢᠷᠡᠬᠦ ᠬᠦᠮᠦᠨ ᠢ ᠬᠤᠱᠤᠩᠨᠠᠭᠰᠠᠨ ᠤᠳᠬ᠎ᠠ ᠪᠦᠬᠦᠢ᠃ᠠᠮᠠ ᠨᠢ ᠴᠢᠬᠢ ᠪᠠᠨ ᠬᠠᠭᠤᠷᠬᠤ      — ᠪᠥᠲᠥᠯ ᠦᠭᠡᠢ ᠬᠦᠮᠦᠨ ᠪᠥᠲᠥᠮᠵᠢ ᠲᠠᠢ ᠶᠠᠭᠤᠮ᠎ᠠ ᠬᠢᠵᠦ ᠳᠡᠶᠢᠯᠳᠡᠭ ᠦᠭᠡᠢ ᠪᠠᠶᠢᠳᠠᠯ ᠢ ᠳᠠᠭᠠᠷᠢᠭᠤᠯᠤᠭᠰᠠᠨ ᠤᠳᠬ᠎ᠠ ᠪᠦᠬᠦᠢ᠃ᠡᠮ᠎ᠡ ᠮᠠᠭᠤ ᠳᠤ ᠪᠠᠨ ᠡᠷᠭᠢᠨᠡᠭ ᠳᠦᠰᠢᠳᠡᠭᠡᠯᠵᠢᠭᠡ ᠮᠠᠭᠤ ᠳᠤ ᠪᠠᠨ ᠡᠷᠭᠢ ᠳᠦᠰᠢᠳᠡᠭ      — ᠠᠯᠵᠠᠭᠤ ᠵᠠᠯᠬᠠᠭᠤ ᠡᠬᠡᠨᠡᠷ ᠬᠦᠮᠦᠨ ᠢ ᠶᠤᠵᠤᠯᠠᠭᠰᠠᠨ ᠤᠳᠬ᠎ᠠ ᠪᠦᠬᠦᠢ᠃ᠡᠵᠡᠯᠡᠪᠡᠯ ᠡᠵᠡᠨ ᠠᠴᠠ ᠨᠢ ᠢᠯᠡᠭᠦᠦᠡᠰᠢᠯᠡᠪᠡᠯ ᠪᠠᠷᠢᠭᠤᠯ ᠠᠴᠠ ᠨᠢ ᠢᠯᠡᠭᠦᠦ      — ᠪᠤᠰᠤᠳ ᠤᠨ ᠥᠪ ᠬᠥᠷᠥᠩᠭᠡ ᠪᠤᠶᠤ ᠨᠡᠷ᠎ᠡ ᠬᠦᠨᠳᠦ ᠳᠤ ᠬᠠᠯᠳᠠᠵᠤ ᠭᠡᠲᠦᠷᠡᠮᠡᠬᠡᠢ ᠠᠭᠠᠰᠢᠯᠠᠳᠠᠭ ᠬᠦᠮᠦᠨ ᠢ ᠶᠤᠵᠤᠯᠠᠭᠰᠠᠨ᠃ᠤᠭᠤᠷ ᠲᠤ ᠬᠢᠪᠡᠴᠦ ᠨᠥᠳᠥᠭᠳᠡᠬᠦ ᠦᠭᠡᠢᠤᠭᠤᠲᠠᠨ ᠳᠤ ᠬᠢᠪᠡᠴᠦ ᠪᠠᠷᠢᠭᠳᠠᠬᠤ ᠦᠭᠡᠢ      — ᠵᠢᠰᠦᠷ ᠵᠤᠯᠪᠢᠩ ᠵᠠᠯᠢ ᠮᠡᠭᠡ ᠲᠠᠢ ᠬᠤᠯᠵᠢᠨ ᠬᠦᠮᠦᠨ ᠢ ᠶᠤᠵᠤᠯᠠᠭᠰᠠᠨ᠃ᠤᠯᠠᠭᠠᠨ ᠠᠮᠤ ᠶᠢᠨ ᠦᠨᠦᠷ ᠢᠶᠠᠷᠤᠭᠤᠷ ᠮᠠᠨᠴᠤᠨ ᠤ ᠴᠢᠮᠡᠭᠡ ᠪᠠᠷ      — ᠵᠠᠯᠠᠬᠤ ᠦᠭᠡᠢ ᠪᠠᠶᠢᠬᠤ ᠳᠤ ᠵᠠᠪᠰᠢᠵᠤ ᠤᠷᠢᠭ᠎ᠠ ᠦᠭᠡᠢ ᠪᠠᠶᠢᠬᠤ ᠳᠤ ᠤᠷᠢᠳᠴᠢᠯᠠᠨ ᠪᠠᠭᠤᠳᠠᠭ ᠬᠦᠮᠦᠨ ᠢ ᠳᠤᠭᠤᠬᠢᠯᠠᠭᠰᠠᠨ᠃ᠤᠳᠤᠮ ᠢᠶᠠᠨ ᠮᠡᠳᠡᠬᠦ ᠦᠭᠡᠢ ᠬᠦᠮᠦᠨᠤᠰᠤ ᠪᠠᠨ ᠲᠠᠨᠢᠬᠤ ᠦᠭᠡᠢ ᠮᠠᠯ ᠮᠡᠲᠦ      — ᠤᠳᠤᠮ ᠤᠭᠰᠠᠭ᠎ᠠ ᠪᠠᠨ ᠮᠡᠳᠡᠵᠦ ᠬᠦᠨᠳᠦᠯᠡᠵᠦ ᠶᠠᠪᠤᠬᠤ ᠦᠭᠡᠢ ᠬᠦᠮᠦᠨ ᠪᠤᠯ ᠤᠩᠭᠠᠰᠤ ᠬᠢᠯᠭᠠᠰᠤ  ᠲᠠᠢ ᠮᠠᠯ ᠠᠴᠠ ᠶᠠᠭᠤᠨ ᠵᠥᠷᠢᠶ᠎ᠡ ᠪᠠᠶᠢᠬᠤ ᠪᠤᠢ ᠭᠡᠵᠦ ᠳᠠᠭᠠᠷᠢᠭᠤᠯᠤᠭᠰᠠᠨ ᠤᠳᠬ᠎ᠠ ᠪᠦᠬᠦᠢ᠃ᠨᠤᠬᠠᠢ ᠶᠢᠨ ᠰᠦᠷ ᠡᠵᠡᠨ ᠳᠤ ᠪᠠᠨᠨᠤᠶᠠᠨ ᠤ ᠰᠦᠷ ᠡᠷᠬᠡ ᠳᠤ ᠪᠠᠨ      — ᠡᠷᠬᠡ ᠵᠡᠷᠭᠡ ᠲᠠᠢ ᠬᠦᠮᠦᠨ ᠢᠶᠠᠷ ᠲᠦᠷᠡᠢ ᠪᠠᠷᠢᠭᠴᠢ ᠡᠭᠡᠯ ᠬᠦᠮᠦᠨ ᠤ ᠳᠡᠭᠡᠷᠡᠩᠭᠦᠢ ᠠᠭᠠᠰᠢ ᠶᠢ ᠶᠤᠵᠤᠯᠠᠭᠰᠠᠨ ᠦᠭᠡ᠃ᠨᠤᠬᠠᠢ ᠶᠢᠨ ᠴᠤᠭᠯᠠᠭᠠᠨ ᠶᠠᠰᠤᠨ ᠳᠡᠭᠡᠷ᠎ᠡᠨᠤᠶᠠᠳ ᠤᠨ ᠴᠤᠭᠯᠠᠭᠠᠨ ᠶᠠᠮᠤᠨ ᠳᠡᠭᠡᠷ᠎ᠡ      — ᠢᠵᠠᠭᠤᠷ ᠤᠨ ᠨᠤᠶᠠᠳ ᠢ ᠶᠤᠵᠤᠯᠠᠭᠰᠠᠨ ᠤᠳᠬ᠎ᠠ ᠪᠦᠬᠦᠢ᠃ᠪᠡᠯᠭᠡᠯᠡᠪᠡᠯ ᠵᠤᠯᠠᠭᠯᠠᠵᠤᠪᠡᠯᠴᠢᠭᠡᠷᠯᠡᠪᠡᠯ ᠲᠠᠷᠭᠤᠯᠠᠨ᠎ᠠ      — ᠶᠠᠮᠠᠷ ᠨᠢᠭᠡᠨ ᠤᠴᠢᠷ ᠢ ᠬᠦᠰᠡᠵᠦ ᠮᠥᠷᠦᠭᠡᠳᠦᠭᠰᠡᠨ ᠰᠠᠶᠢᠨ ᠰᠠᠶᠢᠬᠠᠨ ᠤ ᠪᠡᠯᠭᠡᠳᠡᠯ ᠤᠳᠬ᠎ᠠ ᠪᠦᠬᠦᠢ᠃ᠬᠡᠷᠢᠶᠡᠨ ᠳᠤ ᠬᠠᠷᠪᠤᠭᠰᠠᠨ ᠰᠤᠮᠤᠵᠠᠷᠠᠭᠠᠨ ᠳᠤ ᠳᠤᠰᠪᠠ ᠭᠡᠭᠴᠢ      — ᠠᠵᠠ ᠮᠠᠭᠤᠳᠠᠵᠤ ᠪᠤᠰᠤᠳ ᠤᠨ ᠬᠥᠯ ᠳᠤ ᠳᠠᠭᠠᠷᠢᠭᠳᠠᠭᠰᠠᠨ ᠢ ᠳᠤᠰᠬᠠᠭᠰᠠᠨ ᠤᠳᠬ᠎ᠠ ᠪᠦᠬᠦᠢ᠃ᠰᠠᠨᠠᠭ᠎ᠠ ᠮᠠᠭᠤ ᠵᠠᠶᠠᠭ᠎ᠠ ᠪᠠᠷᠠᠨ᠎ᠠᠰᠠᠪᠠ ᠮᠠᠭᠤ ᠢᠳᠡᠭᠡᠨ ᠪᠠᠷᠠᠨ᠎ᠠ      — ᠮᠠᠭᠤ ᠰᠠᠨᠠᠭ᠎ᠠ ᠪᠡᠶ᠎ᠡ ᠳᠤ ᠴᠢᠨᠢ ᠳᠤᠰᠠ ᠪᠤᠯᠬᠤ ᠦᠭᠡᠢ ᠬᠠᠷᠢᠨ ᠴᠢᠮᠠᠢᠢ ᠬᠤᠤᠷᠯᠠᠨ᠎ᠠ ᠭᠡᠰᠡᠨ ᠤᠳᠬ᠎ᠠ ᠪᠦᠬᠦᠢ᠃ᠰᠠᠨᠳᠤᠷᠤᠭᠰᠠᠨ ᠨᠤᠬᠠᠢᠬᠡᠷᠡᠮ ᠬᠠᠷᠠᠶᠢᠨ᠎ᠠ      — ᠬᠡᠷᠡᠭ ᠬᠢᠭᠰᠡᠨ ᠬᠦᠮᠦᠨ ᠰᠠᠨᠳᠤᠷᠪᠠᠯ ᠶᠠᠭᠤ ᠴᠦ ᠦᠢᠯᠡᠳᠴᠦ ᠮᠡᠳᠡᠨ᠎ᠡ ᠭᠡᠬᠦ ᠤᠳᠬ᠎ᠠ ᠪᠦᠬᠦᠢ᠃ᠰᠥᠮ᠎ᠡ ᠳᠤ ᠪᠠᠨ ᠦᠭᠡᠢ ᠯᠠᠮᠠᠰᠦᠷᠦᠭ ᠲᠤ ᠪᠠᠨ ᠦᠭᠡᠢ ᠪᠤᠬ᠎ᠠ      — ᠬᠡᠰᠦᠭᠦᠯᠴᠢ ᠬᠦᠮᠦᠨ ᠢ ᠬᠤᠱᠤᠩᠨᠠᠭᠰᠠᠨ ᠤᠳᠬ᠎ᠠ ᠪᠦᠬᠦᠢ᠃ᠳ᠋ᠠ ᠶᠢᠨ ᠠᠯᠪᠠᠨ ᠠᠴᠠᠳᠠᠪᠤᠰᠠᠩ ᠤᠨ ᠠᠯᠪᠠ      — ᠥᠩᠭᠡᠷᠡᠭᠰᠡᠨ ᠤ ᠰᠢᠭᠡᠵᠦ ᠪᠠᠭᠠᠬᠤ ᠶᠢᠨ ᠵᠠᠪ ᠦᠭᠡᠢ ᠠᠯᠪᠠᠨ ᠳᠤ ᠲᠠᠭᠤᠬᠤ ᠶᠢ ᠬᠤᠱᠤᠩᠨᠠᠭᠰᠠᠨ ᠤᠳᠬ᠎ᠠ ᠪᠦᠬᠦᠢ᠃ᠳᠠᠯᠠᠢ ᠶᠢ ᠬᠠᠷᠠᠮᠨᠠᠭᠰᠠᠨ ᠪᠢᠷᠢᠳᠳᠠᠭᠠᠷᠢ ᠬᠠᠷᠠᠮᠨᠠᠭᠰᠠᠨ ᠪᠠᠲᠠᠭᠠᠨ᠎ᠠ      — ᠥᠪᠡᠷ ᠢᠶᠠᠨ ᠬᠡᠷᠡᠭᠯᠡᠵᠦ ᠪᠠᠷᠠᠬᠤ ᠦᠭᠡᠢ ᠶᠠᠭᠤᠮ᠎ᠠ ᠶᠢ ᠪᠤᠰᠤᠳ ᠠᠴᠠ ᠬᠠᠷᠠᠮᠨᠠᠬᠤ ᠶᠢ ᠶᠤᠵᠤᠯᠠᠭᠰᠠᠨ ᠤᠳᠬ᠎ᠠ ᠪᠦᠬᠦᠢ᠃ᠳᠡᠷᠭᠡᠳᠡᠬᠢ ᠬᠦᠮᠦᠨ ᠳᠠᠶᠢᠰᠤᠨ ᠪᠤᠯᠵᠤᠳᠡᠷ᠎ᠡ ᠶᠢᠨ ᠳᠤᠤᠷᠠᠬᠢ ᠮᠢᠬ᠎ᠠ ᠬᠤᠤᠷ᠎ᠠ ᠪᠤᠯᠬᠤ      — ᠰᠠᠮᠠᠭᠤᠨ ᠴᠠᠭ ᠨᠡᠶᠢᠬᠡᠮ ᠢ ᠳᠦᠷᠰᠦᠯᠡᠭᠰᠡᠨ ᠤᠳᠬ᠎ᠠ ᠪᠦᠬᠦᠢ᠃ᠲᠤᠭᠤᠰ ᠤᠨ ᠰᠡᠭᠦᠯᠲᠤᠭᠤᠷᠤᠤ ᠳᠤ ᠵᠤᠬᠢᠷᠠᠬᠤ ᠦᠭᠡᠢ      — ᠴᠢᠳᠠᠯ ᠦᠭᠡᠢ ᠬᠦᠮᠦᠨ ᠳᠤ ᠨᠤᠶᠠᠨ ᠰᠠᠭᠤᠳᠠᠯ ᠳᠤᠬᠢᠷᠠᠬᠤ ᠦᠭᠡᠢ ᠭᠡᠰᠡᠨ ᠤᠳᠬ᠎ᠠ ᠪᠦᠬᠦᠢ᠃ᠴᠢᠬᠢ ᠦᠭᠡᠢ ᠲᠤᠯᠤᠭᠠᠢᠴᠡᠭᠡᠵᠢ ᠦᠭᠡᠢ ᠪᠥᠭᠰᠡ      — ᠬᠦᠮᠦᠨ ᠤ ᠦᠭᠡ ᠶᠢ ᠰᠤᠨᠤᠰᠴᠤ ᠤᠬᠠᠭ᠎ᠠ ᠤᠷᠤᠳᠠᠭ ᠦᠭᠡᠢ ᠬᠦᠮᠦᠨ ᠢ ᠳᠠᠭᠠᠷᠢᠭᠤᠯᠤᠭᠰᠠᠨ ᠤᠳᠬ᠎ᠠ ᠪᠦᠬᠦᠢ᠃ᠵᠢᠯᠢᠢᠭᠰᠡᠨ ᠪᠤᠬ᠎ᠠ ᠪᠠᠨ ᠦᠬᠦᠭᠰᠡᠨ ᠡᠴᠢᠭᠡ ᠳᠡᠭᠡᠨ ᠵᠢᠭᠠᠬᠤ      — ᠬᠠᠷᠠᠮᠴᠢ ᠮᠥᠷᠲᠡᠭᠡᠨ ᠬᠦᠮᠦᠨᠴᠢ ᠴᠢᠨᠠᠷ ᠦᠭᠡᠢ ᠬᠦᠮᠦᠰ ᠢ ᠱᠤᠭᠯᠠᠭᠰᠠᠨ ᠤᠳᠬ᠎ᠠ ᠪᠦᠬᠦᠢ᠃
 
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号