ᠰᠢᠭᠤᠷᠭᠠᠯᠠᠵᠤ ᠪᠤᠰᠤᠭᠰᠠᠨ ᠦᠢᠯᠡᠰ
ᠨᠡᠶᠢᠲᠡᠯᠡᠭᠰᠡᠨ ᠴᠠᠭ᠄
2019/3/20

                   ︽ᠨᠤᠲᠤᠭ ᠤᠨ ᠴᠡᠩᠬᠡᠷ ᠠᠭᠤᠯᠠᠰ︾ ︵ᠥᠪᠥᠷ ᠮᠤᠩᠭᠤᠯ ᠤᠨ ᠠᠷᠠᠳ ᠤᠨ ᠬᠡᠪᠯᠡᠯ ᠤᠨ

ᠬᠤᠷᠢᠶ᠎ᠠ︶

                         ᠠ᠊ · ᠴᠤᠭᠵᠢᠯ ᠵᠤᠬᠢᠶᠠᠪᠠ

     ᠶᠡᠭᠡ ᠨᠡᠷᠡᠯᠬᠡᠥ ᠰᠡᠳᠬᠢᠴᠠ ᠶᠢ ᠵᠠᠪᠠᠯ ᠢᠯᠠᠨ ᠲᠠᠪᠠᠭ᠋ᠤ ᠬᠡᠷᠡᠭᠳᠡᠢ᠃ ᠠᠵᠠ ᠲᠤᠬᠢᠶᠠᠯ ᠢ ᠦᠪᠡᠷᠳᠡᠭᠡᠨ ᠡᠷᠢᠵᠦ

ᠬᠠᠶᠢᠬᠤ ᠬᠡᠷᠡᠭᠳᠡᠢ᠃ ᠵᠤᠭᠤᠰ ᠮᠦᠩᠭᠦ ᠶᠢ ᠤᠯᠵᠤ ᠠᠳᠬᠤᠮᠠᠭᠴᠠ ᠬᠠᠰᠢ ᠶᠠᠰᠢ ᠪᠠᠷ ᠪᠦᠷᠢᠯᠭᠡᠵᠦ ᠪᠤᠯᠬᠤ ᠦᠭᠡᠢ᠃

ᠴᠦᠬᠦᠷᠡᠰᠢ ᠦᠭᠡᠢ ᠴᠢᠷᠮᠠᠶᠢᠯᠭ᠎ᠠ᠂ ᠤᠷᠳᠤ ᠬᠤᠭᠤᠴᠠᠭᠠᠨ ᠤ ᠨᠤᠭᠤᠷᠠᠰᠢ ᠦᠭᠡᠢ ᠲᠡᠰᠪᠦᠷᠢ ᠪᠤᠯ ᠶᠠᠭᠤ

ᠪᠦᠬᠦᠨ ᠠᠴᠠ ᠢᠯᠡᠭᠦᠦ ᠠᠮᠵᠢᠯᠳᠠ ᠤᠯᠬᠤ ᠶᠢᠨ ᠠᠯᠳᠠᠨ ᠲᠦᠯᠬᠢᠭᠦᠷ ᠮᠦᠨ᠃

          — ᠮᠤᠩᠭᠤᠯ ᠠᠵᠤ ᠠᠬᠤᠶᠢᠯᠠᠯᠳᠠᠨ ᠪᠠᠳᠤᠨᠠᠰᠤᠨ ᠤ ᠦᠷᠭᠦᠯᠵᠢ ᠶᠢᠨ ᠬᠡᠯᠡᠵᠦ ᠶᠠᠪᠤᠳᠠᠭ ᠦᠭᠡ

     ᠮᠤᠩᠭᠤᠯ ᠬᠦᠮᠦᠨ ᠠᠵᠤ ᠠᠬᠤᠶᠢᠯᠠᠯ ᠡᠷᠬᠢᠯᠡᠵᠦ ᠪᠠᠶᠠᠵᠢᠨ ᠬᠦᠷᠦᠩᠭᠡᠵᠢᠭᠰᠡᠨ ᠨᠢ ᠲᠣᠩ ᠴᠦᠭᠡᠨ᠃ ᠬᠢᠵᠦ

ᠴᠢᠳᠠᠬᠤ ᠦᠭᠡᠢ ᠳᠡᠭᠡᠨ ᠪᠢᠰᠢ᠃ ᠮᠤᠩᠭᠤᠯ ᠬᠦᠮᠦᠨ ᠳᠤ ᠨᠢᠭᠡ ᠵᠦᠢᠯ ᠤᠨ ᠬᠠᠭᠠᠴᠠᠵᠤ ᠬᠠᠶᠠᠵᠤ ᠲᠡᠶᠢᠯᠳᠡᠭ ᠦᠭᠡᠢ

︽ᠤᠳᠤᠮᠰᠢᠯᠳᠤ ᠰᠡᠳᠬᠢᠴᠠ︾ ᠪᠤᠢ᠃ ᠬᠦᠴᠢᠷ ᠢ ᠲᠡᠰᠪᠦᠷᠢᠯᠡᠬᠦ ᠵᠤᠷᠢᠭ ᠰᠠᠨᠠᠭ᠎ᠠ ᠶᠢᠨ ᠲᠤᠭᠤᠰᠢᠳᠠᠢ ᠰᠢᠬᠢᠳᠦᠯᠳᠡ

ᠬᠤᠮᠰᠠ ᠪᠠᠶᠢᠳᠠᠭ᠃ ᠦᠨᠡᠨ ᠳᠡᠭᠡᠨ ᠦᠰᠬᠦ ᠪᠠᠭ᠎ᠠ ᠶᠢᠨ ᠬᠦᠮᠦᠵᠢᠯ ᠨᠢ ᠴᠤ ᠲᠠᠩᠰᠠ ᠲᠤᠭᠠᠴᠠᠵᠤ ᠤᠯᠵᠠ

ᠬᠠᠶᠢᠬᠤ ᠶᠢᠨ ᠰᠤᠷᠭᠠᠯ ᠪᠢᠰᠢ ᠪᠠᠶᠢᠭᠰᠠᠨ ᠬᠤᠶᠢᠨ᠎ᠠ᠃ ᠭᠡᠬᠦ ᠳᠤ ᠵᠠᠬ᠎ᠠ ᠶᠢᠨ ᠠᠵᠤ ᠠᠬᠤᠢ ᠬᠠᠷᠠᠳᠠᠢ ᠰᠢᠭᠤᠷᠭᠠᠯᠠᠵᠤ

ᠦᠷᠢᠰᠦᠯᠳᠦᠭᠡᠨ ᠤ ᠤᠷᠤᠰᠢᠬᠤᠢ ᠡᠳᠦᠷ ᠢᠷᠡᠬᠦᠶ᠎ᠡ ᠢᠷᠮᠡᠭᠦᠳᠦᠭᠰᠡᠨ ᠦᠨᠦᠳᠦᠷ᠂ ᠲᠦᠷᠦᠯᠬᠢ ᠰᠤᠶᠤᠯ ᠢᠶᠠᠨ

ᠰᠤᠷᠤᠭᠰᠠᠨ ᠬᠦᠮᠦᠨ ᠲᠦᠮᠡᠨ ᠤ ᠲᠤᠮᠳᠠ ᠠᠴᠠ ᠭᠢᠯᠠᠷᠠᠭᠠᠵᠤ ᠭᠠᠷᠤᠨ᠎ᠠ ᠭᠡᠳᠡᠭ ᠢ ᠮᠤᠩᠭᠤᠯ ᠠᠵᠤ ᠠᠬᠤᠶᠢᠯᠠᠯᠳᠠᠨ

ᠪᠠᠳᠤᠨᠠᠰᠤᠨ ᠪᠢᠳᠠᠨ ᠳᠤ ᠮᠡᠳᠡᠭᠦᠯᠦᠨ᠎ᠡ ᠰᠢᠥ᠃

ᠪᠠᠳᠤᠨᠠᠰᠤᠨ᠂ ᠶᠡᠭᠡ ᠤᠶᠢᠷᠠᠳ ᠤᠪᠤᠭᠳᠠᠨ᠃1962 ᠤᠨ ᠤ ᠠᠷᠭ᠎ᠠ ᠶᠢᠨ ᠤᠯᠠᠷᠢᠯ ᠤᠨ 3 ᠳ᠋ᠤᠭᠠᠷ ᠰᠠᠷ᠎ᠠ ᠶᠢᠨ

4 ᠤ ᠡᠳᠦᠷ ᠤᠳᠤ ᠶᠢᠨ ᠤᠷᠳᠤᠰ ᠬᠤᠳᠠ ᠶᠢᠨ ᠤᠳᠤᠭ ᠬᠤᠰᠢᠭᠤᠨ ᠤ ᠰᠦᠮᠡᠳᠦ ᠰᠤᠮᠤᠨ ᠤ ᠰᠢᠭᠦᠷᠭᠡᠢ

ᠭᠠᠴᠠᠭᠠᠨ ᠤ ᠪᠤᠷᠬᠠᠨ ᠲᠠᠪᠤᠰᠤ ᠭᠡᠳᠡᠭ ᠰᠢᠮᠡᠳᠦ ᠲᠠᠪᠤᠰᠤᠨ ᠭᠠᠷᠤᠯᠳᠠ ᠪᠠᠶᠠᠯᠢᠭ ᠨᠠᠭᠤᠷ ᠤᠨ ᠪᠠᠷᠠᠭᠤᠨ ᠬᠦᠪᠡᠭᠡᠨ᠎ᠡ

ᠮᠠᠯᠴᠢᠨ ᠴᠤᠶᠢᠷᠤᠭ᠂ ᠲᠤᠩᠬᠠᠢ ᠬᠤᠶᠠᠷ ᠤᠨ ᠲᠦᠷᠪᠡᠳᠦᠭᠡᠷ ᠦᠷ᠎ᠡ ᠪᠤᠯᠤᠨ ᠵᠠᠶᠠᠭᠠᠵᠠᠢ᠃ ᠠᠬ᠎ᠠ ᠡᠭᠡᠴᠢ ᠲᠡᠭᠦᠦ

ᠨᠠᠢᠮᠠᠭᠤᠯᠠ᠃ ᠲᠡᠷᠡ ᠬᠠᠷᠠᠬᠠᠨ ᠪᠠᠭ᠎ᠠ ᠠᠴᠠ ᠪᠠᠨ ᠪᠠᠭ᠎ᠠ ᠡᠪᠦᠭᠡ ᠠᠷᠪᠢᠵᠢᠬᠤ᠂ ᠡᠵᠢ ᠢᠰᠢᠭᠡ ᠶᠢᠨ ᠢᠶᠠᠨ ᠭᠠᠷ

ᠲᠡᠭᠡᠷ᠎ᠡ ᠡᠩᠭᠦᠷᠡᠶᠢᠯᠡᠭᠳᠡᠨ ᠦᠰᠴᠡᠢ᠃ 1970 ᠤᠨ ᠤ ᠬᠠᠪᠤᠷ ᠪᠤᠷᠬᠠᠨ ᠤᠪᠤᠭᠠᠨ ᠤ ᠡᠩᠭᠡᠷ ᠲᠠᠬᠢ ︽ᠠᠷᠪᠠᠨ

ᠪᠤᠨᠳᠤᠭᠤᠷ︾ ᠭᠡᠮᠡᠬᠦ ᠭᠠᠵᠠᠷ ︽ᠤᠯᠠᠭᠠᠨᠨᠠᠭᠤᠷ ᠠᠷᠠᠳ ᠠᠴᠠ ᠡᠷᠬᠢᠯᠡᠭᠰᠡᠨ ᠪᠠᠭ᠎ᠠ ᠰᠤᠷᠭᠠᠭᠤᠯᠢ︾ ᠲᠤ ᠤᠷᠤᠵᠤ

ᠪᠢᠴᠢᠭ ᠨᠢᠳᠦᠯᠡᠪᠡ᠃

     1975ᠤᠨ ᠤ ᠨᠠᠮᠤᠷ ᠡᠷᠬᠡᠳᠦ ᠭᠦᠩᠱᠧ ᠤᠨ ᠰᠤᠷᠭᠠᠭᠤᠯᠢ ᠳᠤ ᠰᠢᠯᠭᠠᠭᠳᠠᠨ ᠠᠩᠬ᠎ᠠ ᠵᠡᠷᠭᠡ ᠶᠢᠨ

ᠲᠤᠮᠤᠨᠳᠤ ᠰᠤᠷᠭᠠᠭᠤᠯᠢ ᠶᠢᠨ ᠠᠩᠭᠢ ᠳᠤ ᠤᠷᠤᠵᠤ ᠰᠤᠷᠤᠯᠴᠠᠪᠠ᠃ 1978 ᠤᠨ ᠳᠤ ᠠᠩᠬ᠎ᠠ ᠵᠡᠷᠭᠡ ᠶᠢᠨ

ᠲᠤᠮᠳᠠᠳᠤ ᠰᠤᠷᠭᠠᠭᠤᠯᠢ ᠪᠠᠨ ᠲᠡᠭᠦᠰᠦᠭᠡᠳ ᠨᠤᠳᠤᠭ ᠲᠠᠭᠠᠨ ᠪᠤᠴᠠᠨ ᠢᠷᠡᠵᠦ ︽ᠤᠯᠠᠭᠠᠨᠨᠠᠭᠤᠷ ᠠᠷᠠᠳ ᠠᠴᠠ

ᠡᠷᠬᠢᠯᠡᠭᠰᠡᠨ ᠪᠠᠭ᠎ᠠ ᠰᠤᠷᠭᠠᠭᠤᠯᠢ︾ ᠳᠤ ᠪᠠᠭᠰᠢᠯᠠᠪᠠ᠃ 1979 ᠤᠨ ᠤ ᠨᠠᠮᠤᠷ ᠶᠡᠭᠡ ᠵᠤᠤ ᠠᠶᠢᠮᠠᠭ ᠤᠨ

ᠦᠨᠳᠦᠰᠦᠳᠡᠨ ᠤ ᠪᠠᠭᠰᠢ ᠶᠢᠨ ᠰᠤᠷᠭᠠᠭᠤᠯᠢ ᠳᠤ ᠰᠢᠯᠭᠠᠭᠳᠠᠨ ᠤᠷᠤᠵᠤ ᠰᠤᠷᠤᠯᠴᠠᠪᠠ᠃ 1981 ᠤᠨ ᠳᠤ

ᠪᠠᠭᠰᠢ ᠶᠢᠨ ᠰᠤᠷᠭᠠᠭᠤᠯᠢ ᠪᠠᠨ ᠲᠡᠭᠦᠰᠬᠡᠭᠡᠳ ᠤᠳᠤᠭ ᠬᠤᠰᠢᠭᠤᠨ ᠤ ᠠᠷᠪᠠᠰ ᠰᠤᠮᠤᠨ ᠤ ᠰᠤᠷᠭᠠᠭᠤᠯᠢ ᠳᠤ

ᠤᠯᠤᠰ ᠤᠨ ᠪᠠᠭᠰᠢ ᠪᠠᠷ ᠬᠤᠪᠢᠶᠠᠷᠢᠯᠠᠭᠳᠠᠪᠠ᠃ 1985 ᠤᠨ ᠳᠤ ᠪᠦᠬᠦ ᠤᠯᠤᠰ ᠤᠨ ᠨᠠᠰᠤᠨ ᠳᠤ

ᠬᠦᠷᠦᠭᠰᠡᠳ ᠤᠨ ᠶᠡᠭᠡ ᠰᠤᠷᠭᠠᠭᠤᠯᠢ ᠶᠢᠨ ᠰᠢᠯᠭᠠᠯᠳᠠ ᠳᠤ ᠰᠢᠯᠭᠠᠭᠤᠯᠵᠤ ᠦᠨᠳᠦᠷ ᠬᠢᠷᠢ ᠪᠦᠳᠦᠮᠵᠢ ᠪᠠᠷ ︽ᠦᠪᠦᠷ

ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠲᠤᠭᠠᠨ ᠤ ᠤᠬᠠᠭᠠᠨ ᠤ ᠰᠠᠯᠪᠤᠷᠢ︾ ᠲᠤ ᠡᠯᠰᠡᠭᠳᠡᠪᠡ᠃

1987 ᠤᠨ ᠤ ᠨᠠᠮᠤᠷ ᠰᠤᠷᠭᠠᠭᠤᠯᠢ ᠪᠠᠨ ᠲᠡᠭᠦᠰᠦᠭᠡᠳ ᠡᠷᠬᠡᠳᠦ ᠰᠤᠮᠤᠨ ᠤ ᠠᠩᠬ᠎ᠠ ᠵᠡᠷᠭᠡ ᠶᠢᠨ ᠠᠵᠢᠯ

ᠮᠡᠷᠭᠡᠵᠢᠯ ᠤᠨ ᠲᠤᠮᠳᠠᠳᠤ ᠰᠤᠷᠭᠠᠭᠤᠯᠢ ᠳᠤ ᠲᠤᠮᠢᠯᠠᠭᠳᠠᠨ ᠤᠴᠢᠵᠤ᠂ ᠬᠢᠴᠢᠶᠡᠯ ᠬᠦᠮᠦᠵᠢᠯ ᠤᠨ ᠡᠷᠬᠢᠯᠡᠭᠴᠢ ᠬᠢᠭᠡᠳ

ᠰᠤᠷᠭᠠᠭᠤᠯᠢ ᠶᠢᠨ ᠵᠠᠬᠢᠷᠤᠯ ᠤᠨ ᠠᠯᠪᠠ ᠶᠢ 6 ᠵᠢᠯ ᠡᠭᠦᠷᠭᠡᠯᠡᠪᠡ᠃ ᠠᠷᠪᠠᠰ ᠪᠤᠯᠤᠨ ᠡᠷᠬᠡᠳᠦ ᠳᠤ ᠪᠠᠭᠰᠢ ᠪᠤᠯᠤᠭᠰᠠᠨ

ᠬᠤᠭᠤᠴᠠᠭᠠᠨ ᠳᠠᠭᠠᠨ ᠨᠡᠶᠢᠳᠡ 3 ᠠᠩᠬ᠎ᠠ ᠵᠡᠷᠭᠡ ᠶᠢᠨ ᠠᠩᠭᠢ ᠶᠢ ᠡᠷᠬᠢᠯᠡᠵᠦ ᠲᠡᠭᠦᠰᠬᠡᠪᠡ᠃ ᠪᠠᠰᠠ

ᠰᠤᠷᠭᠠᠭᠤᠯᠢ ᠶᠢᠨ ︽ᠲᠡᠷᠢᠭᠦᠨ ᠤ ᠠᠵᠢᠯᠳᠠᠨ︾᠂ ︽ᠵᠢᠱᠢᠶᠡᠴᠢ ᠠᠷᠠᠳ ᠤᠨ ᠪᠠᠭᠰᠢ︾ ᠶᠢᠨ ᠱᠠᠩᠨᠠᠯ

ᠬᠦᠬᠢᠭᠦᠯᠦᠯ ᠢ ᠤᠯᠠᠨᠳᠠ ᠬᠦᠷᠳᠡᠭᠰᠡᠨ ᠪᠦᠭᠡᠳ ᠬᠤᠰᠢᠭᠤ ᠱᠠᠳᠤᠨ ᠤ ︽ᠪᠦᠬᠦ ᠬᠤᠰᠢᠭᠤᠨ ᠤ ᠵᠠᠯᠠᠭᠤ ᠰᠢᠯᠢᠳᠡᠭ

ᠪᠠᠭᠰᠢ︾ ᠪᠠᠷ ᠴᠤᠯᠠᠯᠠᠭᠳᠠᠵᠤ ᠦᠩᠭᠡᠷᠡᠪᠡ᠃ 1994 ᠤᠨ ᠤ ᠨᠠᠮᠤᠷ ᠤᠳᠤᠭ ᠬᠤᠰᠢᠭᠤᠨ ᠤ ᠠᠵᠢᠯ

ᠮᠡᠷᠭᠡᠵᠢᠯ ᠤᠨ ᠶᠡᠷᠦᠩᠬᠡᠶᠢᠯᠡᠭᠰᠡᠨ ᠮᠤᠩᠭᠤᠯ ᠲᠤᠮᠳᠠᠳᠤ ᠰᠤᠷᠭᠠᠭᠤᠯᠢ ᠳᠤ ᠠᠵᠢᠯ ᠰᠢᠯᠵᠢᠨ ᠢᠷᠡᠵᠦ᠃ 1995

ᠤᠨ ᠠᠴᠠ ᠲᠤᠰ ᠰᠤᠷᠭᠠᠭᠤᠯᠢ ᠶᠢᠨ ᠬᠢᠴᠢᠶᠡᠯ ᠬᠦᠮᠦᠵᠢᠯ ᠤᠨ ᠡᠷᠬᠢᠯᠡᠭᠴᠢ ᠶᠢᠨ ᠲᠤᠰᠢᠶᠠᠯ ᠢ ᠬᠠᠷᠢᠭᠤᠴᠠᠬᠤ ᠶᠢᠨ

ᠲᠠᠭᠠᠤ ᠦᠨᠳᠦᠷ ᠵᠡᠷᠭᠡ ᠶᠢᠨ ᠨᠢᠭᠡ ᠠᠩᠭᠢ ᠶᠢᠨ ᠲᠤᠭᠠᠨ ᠤ ᠤᠬᠠᠭᠠᠨ ᠤ ᠬᠢᠴᠢᠶᠡᠯ ᠢ ᠵᠢᠭᠠᠵᠤ ᠲᠡᠭᠦᠰᠬᠡᠪᠡ᠃

     ᠪᠠᠳᠤᠨᠠᠰᠤᠨ ᠶᠡᠷᠦ ᠳᠡᠭᠡᠨ ᠤᠯᠠᠨ ᠲᠠᠯ᠎ᠠ ᠶᠢᠨ ᠤᠷ᠎ᠠ ᠠᠪᠢᠶᠠᠰ ᠲᠠᠢ ᠬᠦᠮᠦᠨ ᠪᠢᠯᠡ᠃ ᠪᠠᠭ᠎ᠠ

ᠰᠤᠷᠭᠠᠭᠤᠯᠢ ᠠᠴᠠ ᠲᠤᠮᠳᠠᠳᠤ ᠰᠤᠷᠭᠠᠭᠤᠯᠢ ᠬᠦᠷᠳᠡᠯ᠎ᠡ ᠪᠠᠭᠰᠢᠯᠠᠬᠤ ᠶᠠᠪᠤᠴᠠ ᠳᠠᠭᠠᠨ ᠲᠤᠭ᠎ᠠ᠂ ᠬᠡᠯᠡ᠂ ᠵᠢᠷᠤᠭ᠂

ᠲᠠᠭᠤᠤ᠂ ᠲᠠᠮᠢᠷ ᠢ ᠪᠦᠷ ᠰᠤᠷᠤᠭᠴᠢᠳ ᠲᠤ ᠵᠢᠭᠠᠵᠤ ᠶᠠᠪᠤᠭᠰᠠᠨ ᠮᠦᠷᠳᠡᠭᠡᠨ ᠵᠢᠭᠠᠨ ᠰᠤᠷᠭᠠᠯᠳᠠ᠂

ᠰᠤᠷᠭᠠᠭᠤᠯᠢ ᠶᠢᠨ ᠬᠠᠮᠢᠶᠠᠷᠤᠯᠳᠠ ᠲᠡᠭᠡᠷ᠎ᠡ ᠪᠦᠷ ᠲᠤᠪᠤᠶᠢᠮ᠎ᠠ ᠠᠮᠵᠢᠯᠳᠠ ᠭᠠᠷᠭᠠᠭᠰᠠᠨ ᠪᠠᠭᠰᠢ ᠶᠤᠮ᠃

     1998ᠤᠨ ᠳᠤ ᠤᠳᠤᠭ ᠬᠤᠰᠢᠭᠤᠨ ᠤ ᠠᠵᠢᠯ ᠮᠡᠷᠭᠡᠵᠢᠯ ᠤᠨ ᠶᠡᠷᠦᠩᠬᠡᠶᠢᠯᠡᠭᠰᠡᠨ ᠲᠤᠮᠳᠠᠳᠤ ᠰᠤᠷᠭᠠᠭᠤᠯᠢ

 ᠨᠢ ︽ᠭᠠᠷ ᠤᠷᠠᠯᠠᠯ᠂ ᠵᠢᠷᠤᠭᠯᠠᠯ᠂ ᠵᠠᠰᠠᠯ ᠴᠢᠮᠡᠭᠯᠡᠯ ᠤᠨ ᠭᠠᠵᠠᠷ︾ ᠶᠢ ᠤᠯᠠᠭᠠᠨᠪᠠᠯᠭᠠᠰᠤ ᠶᠢᠨ ᠵᠡᠭᠡᠯᠢ ᠲᠡᠭᠡᠷ᠎ᠡ

ᠨᠡᠭᠡᠭᠡᠵᠦ᠂ ᠨᠢᠭᠡ ᠪᠦᠯᠦᠭ ᠰᠤᠷᠤᠭᠴᠢᠳ ᠢ ᠭᠠᠷ ᠤᠷᠠᠯᠠᠯ᠂ ᠵᠢᠷᠤᠭᠯᠠᠯ᠂ ᠵᠠᠰᠠᠯ ᠴᠢᠮᠡᠭᠯᠡᠯ ᠳᠤ ᠪᠤᠯᠪᠠᠰᠤᠷᠠᠭᠤᠯᠵᠤ

ᠪᠠᠳᠤᠨᠠᠰᠤᠨ ᠪᠠᠭᠰᠢ ᠪᠠᠷ ᠬᠠᠷᠢᠭᠤᠴᠠᠭᠤᠯᠤᠨ ᠤᠨᠤᠯ ᠦᠢᠯᠡᠳᠦᠯᠭᠡ ᠶᠢ ᠪᠤᠳᠠᠳᠠᠶᠢᠵᠢᠭᠤᠯᠬᠤ ᠬᠡᠯᠪᠡᠷᠢ ᠪᠠᠷ ᠮᠡᠷᠭᠡᠵᠢᠯ

ᠰᠤᠷᠭᠠᠬᠤ ᠪᠠᠷ ᠪᠤᠯᠪᠠ᠃ ᠡᠨᠡ ᠨᠢ ᠨᠢᠭᠡ ᠲᠠᠯ᠎ᠠ ᠪᠠᠷ ᠢᠶᠠᠨ ᠰᠤᠷᠤᠭᠴᠢᠳ ᠲᠤ ᠲᠤᠰᠬᠠᠢ ᠠᠵᠢᠯ ᠮᠡᠷᠭᠡᠵᠢᠯ ᠤᠨ

ᠰᠤᠷᠭᠠᠯᠳᠠ ᠬᠢᠵᠦ᠂ ᠨᠦᠭᠦᠭᠡ ᠲᠠᠯ᠎ᠠ ᠪᠠᠷ ᠢᠶᠠᠨ ︽ᠠᠵᠢᠯᠴᠢ ᠠᠷᠪᠢᠴᠢ ᠪᠠᠷ ᠰᠤᠷᠭᠠᠭᠤᠯᠢ ᠪᠠᠨ ᠡᠷᠬᠢᠯᠡᠬᠦ︾ ᠪᠡᠯᠡ

ᠬᠤᠷᠠᠮᠳᠤᠭᠤᠯᠤᠭᠰᠠᠨ ᠶᠠᠪᠤᠳᠠᠯ ᠪᠤᠯᠤᠨ᠎ᠠ᠃ ᠲᠡᠷᠡ 1999 ᠤᠨ ᠳᠤ ᠰᠤᠷᠭᠠᠭᠤᠯᠢ ᠶᠢᠨ ᠬᠦᠷᠢᠶᠡᠨ ᠳᠡᠭᠡᠨ 3.8

ᠲᠦᠮᠡᠨ ᠲᠦᠭᠦᠷᠢᠭ ᠤᠨ ᠦᠷᠳᠡᠭ ᠪᠦᠬᠦᠢ ᠴᠠᠭᠠᠨ ᠬᠠᠰ ᠴᠢᠯᠠᠭᠤᠨ ᠱᠤᠭᠤᠮᠠᠯ ᠢ ᠪᠤᠰᠬᠠᠵᠤ ᠦᠭᠪᠡ  ᠃

     ᠡᠨᠡ ᠠᠩᠭᠢ ᠨᠢ ᠪᠠᠳᠤᠨᠠᠰᠤᠨ ᠪᠠᠭᠰᠢ ᠶᠢᠨ ᠲᠠᠭᠠᠭᠤᠯᠭ᠎ᠠ ᠲᠤᠤᠷ᠎ᠠ ᠡᠭᠦᠳᠡᠨ ᠫᠠᠶᠢᠰᠠ ᠬᠢᠬᠦ᠂ ᠭᠠᠥᠯᠢᠨ

ᠪᠢᠴᠢᠭ ᠰᠡᠶᠢᠯᠪᠦᠷᠢᠯᠡᠬᠦ᠂ ᠵᠠᠷ ᠮᠡᠳᠡᠭᠡ ᠦᠢᠯᠡᠳᠬᠦ ᠠᠴᠠ ᠪᠠᠨ ᠴᠠᠭᠠᠰᠢᠳᠠ ᠪᠠᠷᠢᠮᠠᠯ ᠱᠤᠭᠤᠬᠤ᠂ ᠭᠡᠷ ᠤᠷᠤᠨ ᠢ

ᠵᠠᠰᠠᠵᠤ ᠴᠢᠮᠡᠭᠯᠡᠬᠦ ᠵᠡᠷᠭᠡ ᠲᠠᠯ᠎ᠠ ᠳᠤ ᠦᠷᠭᠡᠳᠬᠡᠨ ᠰᠢᠯᠵᠢᠵᠦ ᠨᠡᠯᠢᠶᠡᠳ ᠨᠢᠭᠡ ᠪᠦᠯᠦᠭ ᠡᠨᠡ ᠲᠠᠯ᠎ᠠ ᠶᠢᠨ

ᠴᠢᠳᠠᠪᠤᠷᠢᠳᠠᠨ ᠢ ᠬᠦᠮᠦᠵᠢᠭᠦᠯᠦᠨ ᠭᠠᠷᠭᠠᠵᠠᠢ᠃ 2001 ᠤᠨ ᠳᠤ ᠪᠠᠳᠤᠨᠠᠰᠤᠨ᠂ ᠰᠤᠷᠭᠠᠭᠤᠯᠢ ᠶᠢᠨ ᠲᠠᠯ᠎ᠠ ᠲᠠᠢ

ᠵᠦᠪᠳᠡᠯᠴᠡᠭᠡᠷ ᠲᠤᠭᠳᠠᠵᠤ ᠰᠤᠷᠭᠠᠭᠤᠯᠢ ᠠᠴᠠ 40% ᠶᠢᠨ ᠬᠤᠪᠢ ᠤᠷᠤᠭᠤᠯᠵᠤ᠂ ᠪᠠᠳᠤᠨᠠᠰᠤᠨ 60% ᠶᠢᠨ

ᠬᠤᠪᠢ ᠤᠷᠤᠭᠤᠯᠤᠨ ᠤᠳᠤᠭ ᠬᠤᠰᠢᠭᠤᠨ ᠳᠤ ︽ᠤᠳᠤᠭ ᠮᠤᠩᠭᠤᠯ ᠦᠨᠳᠦᠰᠦᠳᠡᠨ ᠤ ᠠᠵᠢᠯ ᠮᠡᠷᠭᠡᠵᠢᠯ ᠤᠨ

ᠲᠤᠮᠳᠠᠳᠤ ᠰᠤᠷᠭᠠᠭᠤᠯᠢ ᠶᠢᠨ ᠭᠡᠷ ᠤᠷᠤᠨ ᠤ ᠵᠠᠰᠠᠯ ᠴᠢᠮᠡᠭᠯᠡᠯ ᠤᠨ ᠺᠤᠮᠫᠠᠨᠢ︾ ᠶᠢ ᠵᠢᠩᠬᠢᠨᠢ ᠪᠠᠷ ᠪᠠᠶᠢᠭᠤᠯᠪᠠ᠃

ᠪᠠᠳᠤᠨᠠᠰᠤᠨ 2001 ᠤᠨ ᠠᠴᠠ 2005 ᠤᠨ ᠤ ᠵᠢᠯ ᠤᠨ ᠡᠴᠦᠰ ᠪᠤᠯᠳᠠᠯ᠎ᠠ ᠲᠤᠰ ᠰᠤᠷᠭᠠᠭᠤᠯᠢ ᠳ᠋ᠭᠠᠨ 19

ᠲᠦᠮᠡᠨ ᠲᠦᠭᠦᠷᠢᠭ ᠤᠨ ᠠᠵᠢᠯ ᠤᠨ ᠨᠤᠷᠮ᠎ᠠ ᠶᠢᠨ ᠮᠦᠩᠭᠦ ᠲᠤᠰᠢᠶᠠᠪᠠ᠃ 2002 ᠤᠨ ᠳᠤ ᠲᠡᠷᠡ ᠠᠵᠢᠯ

ᠮᠡᠷᠭᠡᠵᠢᠯ ᠤᠨ ᠶᠡᠷᠦᠩᠬᠡᠶᠢᠯᠡᠭᠰᠡᠨ ᠮᠤᠩᠭᠤᠯ ᠲᠤᠮᠳᠠᠳᠤ ᠰᠤᠷᠭᠠᠭᠤᠯᠢ ᠳᠤ 16 ᠲᠦᠮᠡᠨ ᠲᠦᠭᠦᠷᠢᠭ ᠤᠨ ᠬᠠᠨᠳᠢᠪ

ᠦᠭᠪᠡ᠃ ᠡᠳᠦᠭᠡ ᠪᠠᠳᠤᠨᠠᠰᠤᠨ ᠭᠤᠸᠠᠢ ᠦᠪᠡᠷ ᠤᠨ ︽ᠭᠡᠷ ᠤᠷᠤᠨ ᠵᠠᠰᠠᠯ ᠴᠢᠮᠡᠭᠯᠡᠯ ᠤᠨ ᠺᠤᠮᠫᠠᠨᠢ︾ ᠠᠴᠠ

ᠭᠠᠳᠠᠨ᠎ᠠ 300 ᠲᠦᠮᠡᠨ ᠲᠦᠭᠦᠷᠢᠭ ᠤᠨ ᠪᠡᠯᠡ ᠤᠷᠤᠭᠤᠯᠤᠭᠰᠠᠨ ᠵᠠᠳᠠᠭᠠᠢ ᠨᠡᠭᠦᠷᠡᠰᠦᠨ ᠠᠭᠤᠷᠬᠠᠢ ᠨᠢᠭᠡ ᠪᠠᠶᠢᠬᠤ

ᠮᠦᠷᠳᠡᠭᠡᠨ 200 ᠲᠦᠮᠡᠨ ᠲᠦᠭᠦᠷᠢᠭ ᠤᠨ ᠪᠡᠯᠡ ᠵᠠᠷᠤᠴᠠᠭᠤᠯᠵᠤ᠂ 2006 ᠤᠨ ᠳᠤ ︽ᠨᠤᠮᠢᠨ ᠪᠦᠷᠢᠳᠦ ᠲᠡᠮᠦᠷ

ᠤᠳᠠᠰᠤᠨ ᠲᠤᠤᠷ᠂ ᠱᠦᠢᠨᠢ ᠪᠠᠭᠠᠨ᠎ᠠ ᠶᠢᠨ ᠦᠢᠯᠡᠳᠪᠦᠷᠢ︾ ᠶᠢ ᠡᠬᠢᠯᠡᠭᠦᠯᠦᠨ ᠬᠢᠭᠡᠳ ᠪᠦᠷ ᠡᠷᠭᠢᠯᠳᠡ ᠶᠢᠨ ᠱᠠᠳᠤᠨ

 ᠳᠠᠭᠠᠨ ᠤᠷᠤᠪᠠ  ᠃ ᠠᠵᠤ ᠠᠬᠤᠶᠢᠯᠠᠯ ᠤᠨ ᠠᠵᠢᠯ ᠢ ᠬᠢᠬᠦ ᠳᠤ ᠶᠡᠭᠡ ᠤᠯᠠᠨ ᠬᠦᠮᠦᠰ ᠮᠠᠰᠢ ᠠᠷᠪᠢᠨ ᠨᠤᠭᠤᠷᠠᠯ

ᠪᠦᠳᠦᠷᠢᠯ ᠳᠤ ᠤᠴᠠᠷᠠᠳᠠᠭ ᠲᠠᠢ ᠠᠳᠠᠯᠢ ᠪᠠᠷ ᠪᠠᠳᠤᠨᠠᠰᠤᠨ ᠴᠤ ᠡᠨᠡ ᠪᠦᠬᠦᠨ ᠢ ᠪᠦᠷ ᠲᠤᠭᠤᠯᠵᠤ

ᠦᠩᠭᠡᠷᠡᠭᠦᠯᠦᠭᠰᠡᠨ ᠪᠠᠶᠢᠯ᠎ᠠ᠃ ᠡᠳᠦᠭᠡ ᠲᠡᠷᠡ ᠮᠢᠩᠭᠠᠨ ᠲᠦᠮᠡ ᠭᠠᠷᠤᠢ ᠲᠦᠭᠦᠷᠢᠭ ᠤᠨ ᠲᠤᠭᠳᠠᠮᠠᠯ ᠬᠦᠷᠦᠩᠭᠡ ᠪᠠ

ᠡᠷᠭᠢᠯᠳᠠ ᠶᠢᠨ ᠮᠦᠩᠭᠦ ᠲᠠᠢ ᠪᠤᠯᠵᠤ᠂ ᠨᠢᠭᠡ ᠮᠦᠩᠭᠦᠨ ᠤ ᠵᠢᠭᠡᠯᠡᠯᠭᠡ ᠦᠭᠡᠢ ᠬᠡᠮᠵᠢᠶᠡᠨ ᠳᠤ ᠲᠡᠮᠡᠴᠡᠵᠦ ᠪᠤᠢ᠃

ᠲᠡᠷᠡ ︽ᠶᠡᠭᠡ ᠨᠡᠷᠡᠯᠬᠡᠥ ᠰᠡᠳᠬᠢᠴᠠ ᠶᠢ ᠵᠠᠪᠠᠯ ᠢᠯᠠᠨ ᠲᠠᠪᠠᠭ᠋ᠤ ᠬᠡᠷᠡᠭᠳᠡᠢ᠃ ᠠᠵᠠ ᠲᠤᠬᠢᠶᠠᠯ ᠢ ᠦᠪᠡᠷᠳᠡᠭᠡᠨ

ᠡᠷᠢᠵᠦ ᠬᠠᠶᠢᠬᠤ ᠬᠡᠷᠡᠭᠳᠡᠢ᠃ ᠵᠤᠭᠤᠰ ᠮᠦᠩᠭᠦ ᠶᠢ ᠠᠳᠬᠤᠵᠤ ᠤᠯᠤᠮᠠᠭᠴᠠ ᠬᠠᠰᠢ ᠶᠠᠰᠢ ᠪᠦᠷᠢᠯᠭᠡᠵᠦ ᠪᠤᠯᠬᠤ

ᠦᠭᠡᠢ᠂ ᠴᠦᠬᠦᠷᠡᠰᠢ ᠦᠭᠡᠢ ᠴᠢᠷᠮᠠᠶᠢᠯᠭ᠎ᠠ ᠤᠷᠳᠤ ᠤᠳᠠᠭᠠᠨ ᠬᠤᠭᠤᠴᠠᠭᠠᠨ ᠤ ᠨᠤᠭᠤᠷᠠᠰᠢ ᠦᠭᠡᠢ ᠲᠡᠰᠪᠦᠷᠢ ᠪᠤᠯ

ᠶᠠᠭᠤ ᠪᠦᠭᠦᠨ ᠠᠴᠠ ᠢᠯᠡᠭᠦᠦ ᠠᠮᠵᠢᠯᠳᠠ ᠤᠯᠬᠤ ᠶᠢᠨ ᠠᠯᠳᠠᠨ ᠲᠦᠯᠬᠢᠭᠦᠷ ᠮᠦᠨ︾ ᠭᠡᠵᠦ ᠬᠡᠯᠡᠵᠦ ᠬᠢᠵᠤ ᠶᠠᠪᠤᠨ᠎ᠠ

     2007 ᠤᠨ ᠤ 7 ᠰᠠᠷ᠎ᠠ ᠳᠤ ᠪᠠᠳᠤᠨᠠᠰᠤᠨ 10 ᠲᠦᠮᠡᠨ ᠲᠦᠭᠦᠷᠢᠭ ᠵᠤᠭᠤᠰ ᠭᠠᠷᠭᠠᠵᠤ ︽ᠢᠦᠢ ᠰᠠᠢ ︵

ᠴᠢᠳᠠᠪᠤᠷᠢᠳᠠᠨ ᠤ ᠪᠤᠶᠢᠵᠢᠯᠳᠠ︶ ᠰᠠᠭᠰᠤᠨ ᠪᠦᠮᠪᠦᠭᠡ ᠶᠢᠨ ᠠᠩᠭᠢ︾ ᠭᠡᠳᠡᠭ ᠢ ᠵᠤᠬᠢᠶᠠᠨ ᠪᠠᠶᠢᠭᠤᠯᠤᠨ᠂ ᠤᠷᠤᠨ

ᠨᠤᠳᠤᠭ ᠠᠴᠠ ᠪᠠᠨ ᠭᠠᠳᠠᠭᠰᠢ ᠶᠠᠪᠤᠭᠰᠠᠨ ᠠᠪᠢᠶᠠᠰᠯᠢᠭ ᠪᠦᠮᠪᠦᠭᠡᠴᠢᠳ ᠢᠶᠠᠷ ᠪᠦᠷᠢᠯᠳᠦᠭᠰᠡᠨ ᠲᠠᠮᠢᠷᠴᠢᠳ ᠤᠨ

ᠠᠩᠭᠢ ᠶᠢ ᠪᠦᠷᠢᠯᠳᠦᠭᠦᠯᠵᠦ ᠡᠨᠡ ᠠᠩᠭᠢ ᠨᠢ ︽ᠤᠳᠤᠭ ᠬᠤᠰᠢᠭᠤᠨ ᠤ 2006 ᠤᠨ ᠤ ᠨᠠᠭᠠᠳᠤᠮ ᠤᠨ ᠬᠤᠷᠠᠯ︾

ᠲᠡᠭᠡᠷ᠎ᠡ ᠪᠤᠰᠤᠳ ᠠᠷᠪᠠ ᠭᠠᠷᠤᠢ ᠠᠩᠭᠢ ᠶᠢ ᠦᠨᠳᠦᠷ ᠬᠤᠪᠢ ᠪᠠᠷ ᠢᠯᠠᠵᠤ ᠭᠠᠷᠤᠭᠠᠳ ︽ᠨᠢᠭᠡᠳᠦᠭᠡᠷ ᠨᠡᠷ᠎ᠡ︾ ᠶᠢ

ᠪᠤᠯᠢᠶᠠᠯᠳᠤᠨ ᠠᠪᠴᠠᠢ᠃ ᠲᠡᠷᠡ ᠪᠠᠰᠠ 10 ᠲᠦᠮᠡᠨ ᠲᠦᠭᠦᠷᠢᠭ ᠤᠨ ︽ᠶᠠᠳᠠᠭᠤ ᠬᠦᠴᠢᠷᠳᠡᠯ ᠲᠠᠢ ᠰᠤᠷᠤᠭᠴᠢ ᠶᠢ

ᠲᠡᠮᠵᠢᠬᠦ ᠰᠠᠭᠤᠷᠢ ᠮᠦᠩᠭᠦ︾ ᠶᠢ ᠲᠤᠰᠬᠠᠶᠢᠯᠠᠨ ᠭᠠᠷᠭᠠᠵᠤ᠂ ᠤᠷᠤᠨ ᠨᠤᠳᠤᠭ ᠤᠨ ᠢᠶᠠᠨ ᠶᠠᠳᠠᠭᠤ ᠬᠦᠴᠢᠷᠳᠡᠯ ᠲᠠᠢ

ᠰᠤᠷᠤᠭᠴᠢ ᠶᠢᠨ ᠶᠡᠭᠡ ᠰᠤᠷᠭᠠᠭᠤᠯᠢ ᠳᠤ ᠤᠷᠤᠬᠤ ᠤᠷᠮ᠎ᠠ ᠵᠤᠷᠢᠭ ᠢ ᠨᠢ ᠬᠦᠪᠴᠢᠯᠡᠵᠦ ᠦᠭᠴᠡᠢ᠃ ᠡᠳᠦᠭᠡ

ᠲᠡᠭᠦᠨ ᠤ ᠦᠪᠡᠷ ᠤᠨ ᠢᠶᠠᠨ ᠭᠠᠷ ᠢᠶᠠᠷ ᠬᠢᠵᠦ ᠭᠠᠷᠭᠠᠭᠰᠠᠨ ᠴᠢᠯᠠᠭᠤ ᠬᠢᠭᠡᠳ ᠪᠤᠯᠤᠳ ᠤᠨ ᠱᠤᠭᠤᠮᠠᠯ ︽

ᠲᠦᠷᠰᠦᠳᠦ ᠪᠦᠳᠦᠭᠡᠯ︾ ᠨᠢ ᠤᠳᠤᠭ ᠤᠨ ᠠᠵᠢᠯ ᠮᠡᠷᠭᠡᠵᠢᠯ ᠤᠨ ᠶᠡᠷᠦᠩᠬᠡᠶᠢᠯᠡᠭᠰᠡᠨ ᠲᠤᠮᠳᠠᠳᠣ ᠰᠤᠷᠭᠠᠭᠤᠯᠢ ᠪᠠ

ᠰᠦᠮᠡᠳᠦ ᠪᠠᠭ᠎ᠠ ᠰᠤᠷᠭᠠᠭᠤᠯᠢ᠂ ᠴᠢ ᠫᠠᠨ ᠵᠢᠩ ᠤᠨ ᠬᠤᠶᠠᠳᠤᠭᠠᠷ ᠪᠠᠭ᠎ᠠ ᠰᠤᠷᠭᠠᠭᠤᠯᠢ ᠶᠢᠨ ᠬᠦᠷᠢᠶᠡᠨ᠎ᠡ

ᠰᠦᠨᠳᠡᠷᠯᠡᠨ ᠭᠢᠯᠠᠯᠵᠠᠭᠰᠠᠭᠠᠷ᠂ ᠲᠡᠭᠦᠨ ᠤ ᠠᠯᠳᠠᠷ ᠨᠡᠷ᠎ᠡ ᠶᠢ ᠲᠠᠶᠠᠭᠠᠷ ᠲᠦᠮᠡᠨ ᠳᠤ ᠲᠠᠨᠢᠯᠴᠠᠭᠤᠯᠤᠭᠰᠠᠭᠠᠷ ᠪᠠᠶᠢᠨ᠎ᠠ᠃

ᠢᠷᠡᠯᠲᠡ᠄ ᠤᠳᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ