ᠰᠤᠶᠤᠯ ᠤᠨ ᠰᠥᠮᠪᠥᠷ ᠠᠭᠤᠯᠠ
ᠨᠡᠶᠢᠲᠡᠯᠡᠭᠰᠡᠨ ᠴᠠᠭ᠄
2020/1/16
                 ︽ᠨᠤᠲᠤᠭ ᠤᠨ ᠴᠡᠩᠬᠡᠷ ᠠᠭᠤᠯᠠᠰ︾ ︵ᠥᠪᠥᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ︶                   ᠠ᠊ · ᠴᠤᠭᠵᠢᠯ ᠵᠤᠬᠢᠶᠠᠪᠠ      ᠤᠲᠤᠭ ᠤᠨ ᠤᠯᠠᠭᠠᠨᠪᠠᠯᠭᠠᠰᠤ ᠤᠨᠴᠠ ᠬᠥᠭᠵᠢᠯᠲᠡ ᠲᠠᠢ᠃ ᠠᠰᠠᠷ ᠳᠠᠭᠲᠤ ᠠᠭᠠᠷ ᠴᠢᠴᠢᠯᠡᠨ ᠰᠢᠭᠤᠶᠢᠷᠠᠵᠤ ᠪᠣᠰᠣᠨ᠎ᠠ᠃ ᠪᠠᠯᠭᠠᠰᠤᠨ ᠤ ᠪᠠᠷᠠᠭᠤᠨ ᠤᠷᠲᠤ ᠵᠠᠬ᠎ᠠ ᠶᠢ ᠳᠠᠷᠤᠵᠤ ᠪᠠᠶᠢᠭ᠎ᠠ ᠠᠷᠠᠳ ᠤᠨ ᠵᠠᠰᠠᠭ ᠤᠨ ᠤᠷᠳᠤᠨ ᠤ ᠲᠤᠮᠤ ᠠᠯᠪᠠᠨ ᠠᠰᠠᠷ ᠲᠠᠪᠤᠨ ᠳᠠᠪᠬᠤᠷᠯᠢᠭ ᠲᠠᠢ ᠪᠠᠶᠢᠳᠠᠭ ᠢᠶᠠᠷ ᠢᠶᠠᠨ ᠥᠭᠡᠷ᠎ᠡ ᠪᠤᠰᠤᠳ ᠪᠠᠶᠢᠭᠤᠯᠭ᠎ᠠ ᠶᠢᠨ ᠠᠰᠠᠷ ᠢ ᠠᠬᠠᠯᠠᠨ ᠨᠣᠶᠠᠯᠠᠵᠤ ᠣᠨᠴᠠᠭᠠᠶᠢᠷᠠᠬᠤ ᠠᠵᠠᠢ᠃      ᠡᠳᠦᠷ ᠪᠣᠯᠭᠠᠨ ᠡᠨᠡ ᠬᠦ ᠲᠤᠮᠤ ᠠᠯᠪᠠᠨ ᠠᠰᠠᠷ ᠤᠨ ᠴᠡᠴᠡᠭ ᠬᠤᠸᠠᠷ ᠮᠢᠷᠠᠯᠵᠠᠨ ᠳᠡᠯᠭᠡᠷᠡᠵᠦ᠂ ᠵᠠᠰᠠᠮᠠᠯ ᠪᠤᠯᠠᠭ ᠣᠷᠭᠢᠯᠤᠨ ᠰᠦᠷᠴᠢᠭᠰᠡᠨ ᠠᠭᠤᠳᠠᠮ ᠲᠠᠯᠠᠪᠠᠢ ᠲᠠᠢ ᠬᠦᠷᠢᠶᠡᠨ ᠳᠤ ᠥᠩᠭᠡ ᠶᠢᠨ ᠪᠠᠭ᠎ᠠ ᠮᠠᠰᠢᠨ ᠨᠤᠭᠤᠳ ᠵᠢᠭᠳᠡᠷᠡᠨ ᠭᠢᠯᠠᠯᠵᠠᠬᠤ ᠪᠤᠶᠤ ᠭᠠᠷᠤᠨ ᠤᠷᠤᠨ ᠶᠠᠭᠠᠷᠠᠯᠲᠠᠢ ᠳᠠᠪᠬᠢᠯᠳᠤᠬᠤ ᠶᠢ ᠶᠠᠭᠤᠨ ᠦᠭᠦᠯᠡᠬᠦ᠃ ᠠᠳᠡ ᠠᠴᠠ ᠡᠮᠦᠨᠡᠰᠢ ᠪᠠᠨ ᠵᠠᠮ ᠠᠯᠤᠰᠯᠠᠭᠠᠳ ᠵᠠᠭᠤᠨ ᠮᠧᠲᠷ ᠤᠨ ᠵᠠᠢ ᠳᠤ ᠬᠦᠷᠪᠡᠯ ᠴᠠᠭᠠᠰᠢ ᠪᠠᠨ ᠨᠠᠪᠲᠠᠭᠠᠷ ᠬᠡᠯᠪᠡᠷᠢ ᠶᠢᠨ ᠨᠠᠶᠠᠭᠠᠳ ᠣᠨ ᠤ ᠬᠠᠭᠤᠴᠢᠨ ᠤᠷᠤᠨ ᠰᠠᠭᠤᠴᠠ ᠦᠷᠭᠦᠯᠵᠢᠯᠡᠳᠡᠭ᠃ ᠳᠡᠳᠬᠦᠪᠦᠷᠢ ᠳᠡᠭᠡᠨ ᠭᠠᠷᠤᠭᠰᠠᠨ ᠠᠬᠠᠮᠠᠳ ᠺᠠᠳ᠋ᠷ ᠢᠶᠠᠷ ᠭᠤᠣᠯᠳᠠᠭᠰᠠᠨ ᠰᠠᠭᠤᠭᠠᠯᠢ ᠠᠷᠠᠳ ᠤᠳ ᠠᠳᠡ ᠰᠠᠭᠤᠷᠢᠰᠢᠨ᠎ᠠ᠃ ᠬᠤᠷᠢᠨ ᠵᠢᠯ ᠤᠨ ᠡᠮᠦᠨᠡᠬᠢ ᠬᠤᠰᠢᠭᠤ ᠳᠠᠷᠤᠭ᠎ᠠ᠂ ᠠᠷᠪᠠᠨ ᠵᠢᠯ ᠤᠨ ᠤᠷᠢᠳᠤᠬᠢ ᠠᠷᠠᠳ ᠤᠨ ᠪᠠᠶᠢᠩᠭᠤ ᠶᠢᠨ ᠬᠤᠷᠢᠶᠠᠨ ᠤ ᠡᠷᠬᠢᠯᠡᠭᠴᠢ᠂ ᠤᠯᠤᠰ ᠲᠦᠷᠦ ᠶᠢᠨ ᠵᠥᠪᠯᠡᠯᠭᠡᠨ ᠤ ᠲᠡᠷᠢᠭᠦᠯᠡᠭᠴᠢ ᠵᠡᠷᠭᠡ ᠤᠷᠤᠨ ᠨᠤᠲᠤᠭ ᠤᠨ ᠬᠦᠨᠳᠦ ᠳᠤᠰᠢᠶᠠᠯ ᠢ ᠳᠠᠷᠤᠵᠤ ᠪᠠᠶᠢᠭᠰᠠᠨ ᠭᠠᠪᠢᠶᠠᠲᠤ ᠤᠳᠤᠷᠢᠳᠤᠯᠭ᠎ᠠ ᠨᠠᠷ ᠤᠨ ᠣᠯᠠᠩᠬᠢ ᠨᠢ ᠠᠳᠡ ᠰᠠᠭᠤᠳᠠᠭ᠃ ᠠᠳᠡ ᠤᠷᠴᠢᠨ ᠲᠤᠭᠤᠷᠢᠨ ᠪᠣᠷᠣᠭᠵᠢᠭᠤᠨ ᠴᠡᠪᠡᠷ ᠮᠥᠷᠲᠡᠭᠡᠨ ᠣᠨᠴᠠᠭᠠᠢ ᠨᠠᠮ ᠰᠡᠯᠡᠭᠦᠨ᠃ ᠥᠷᠯᠦᠭᠡ ᠤᠷᠤᠢ ᠳᠤᠨᠢ ᠪᠤᠭᠤᠷᠤᠯ ᠬᠠᠯᠵᠠᠨ ᠲᠤᠯᠤᠭᠠᠢ ᠲᠠᠢ ᠡᠪᠦᠭᠡᠴᠦᠦᠯ ᠪᠤᠶᠤ ᠮᠠᠷᠢᠶᠠᠯᠢᠭ ᠴᠡᠪᠡᠷᠬᠡᠨ ᠬᠥᠭᠰᠢᠴᠦᠦᠯ ᠲᠠᠪᠤ ᠭᠤᠷᠪᠠ ᠪᠠᠷ ᠠᠶᠢᠯ ᠤᠨ ᠵᠠᠬ᠎ᠠ ᠶᠢᠨ ᠭᠤᠲᠤᠮ ᠳᠤ ᠵᠤᠯᠭᠠᠯᠴᠠᠨ ᠪᠡᠶ᠎ᠡ ᠰᠡᠯᠡᠭᠦᠴᠡᠬᠦ ᠶᠢᠨ ᠳᠠᠭᠠᠤ ᠵᠤᠭᠤᠭ ᠳᠡᠯᠭᠡᠬᠦ ᠨᠢ ᠣᠯᠠᠨ᠃      ᠦᠳᠡᠰᠢ ᠶᠢᠨ ᠬᠥᠰᠢᠭᠡ ᠨᠡᠲᠦᠶᠢᠨ ᠪᠠᠭᠤᠵᠤ ᠢᠷᠡᠬᠦ ᠳᠤ ᠵᠠᠰᠠᠭ ᠤᠨ ᠤᠷᠳᠤᠨ ᠤ ᠡᠮᠦᠨᠡᠬᠢ ᠨᠠᠪᠲᠠᠭᠠᠷ ᠪᠠᠶᠢᠰᠢᠩ ᠤᠳ ᠤᠨ ᠳᠤᠮᠳᠠᠬᠢ ᠨᠢᠭᠡᠨ ᠠᠶᠢᠯ ᠤᠨ ᠴᠤᠩᠬᠤ ᠪᠠᠷ ᠳ᠋ᠧᠩ ᠤᠨ ᠬᠤᠷᠴᠠ ᠭᠡᠷᠡᠯ ᠰᠥᠨᠢᠵᠢᠨ ᠲᠤᠸᠠᠯᠠᠵᠤ ᠂ ᠡᠨᠡ ᠬᠦ ᠨᠠᠮ ᠬᠦᠮ ᠣᠷᠴᠢᠨ ᠲᠤᠭᠤᠷᠢᠨ ᠤ ᠡᠯᠡᠢ ᠬᠤᠯᠠᠢ ᠠᠬᠤᠢ ᠶᠢ ᠡᠪᠳᠡᠨ ᠭᠡᠷᠡᠯ ᠨᠡᠮᠡᠷᠢᠯᠡᠬᠦ ᠨᠢ ᠰᠠᠷᠠᠭᠤᠯ ᠢᠷᠡᠭᠡᠳᠦᠢ᠂ ᠠᠵᠢᠯ ᠦᠢᠯᠡᠰ᠂ ᠬᠦᠰᠡᠯᠡᠩ ᠲᠡᠮᠡᠦᠯᠦᠯ ᠭᠡᠰᠡᠨ ᠬᠦᠮᠦᠨ ᠲᠥᠷᠥᠯᠬᠢᠲᠡᠨ ᠤ ᠭᠤᠸ᠎ᠠ ᠰᠠᠶᠢᠬᠠᠨ ᠢ ᠪᠡᠯᠭᠡᠳᠡᠨ ᠲᠤᠩᠬᠠᠭᠯᠠᠵᠤ ᠣᠨᠴᠠ ᠶᠢᠨ ᠵᠢᠪᠬᠤᠭ᠎ᠠ ᠲᠡᠭᠦᠯᠳᠡᠷ ᠭᠢᠯᠠᠯᠵᠠᠨ ᠪᠠᠶᠢᠭ᠎ᠠ᠃ ᠡᠨᠡ ᠪᠤᠯ ︽ᠳᠡᠯᠡᠬᠡᠢ ᠶᠢᠨ ᠰᠤᠶᠤᠯ ᠤᠨ ᠨᠡᠷᠡᠲᠦ ᠬᠦᠮᠦᠰ ᠤᠨ ᠲᠤᠯᠢ ᠪᠢᠴᠢᠭ︾᠂ ︽ᠬᠤᠷᠢᠨ ᠨᠢᠭᠡᠳᠦᠭᠡᠷ ᠵᠠᠭᠤᠨ ᠤ ᠴᠢᠳᠠᠪᠤᠷᠢᠲᠠᠨ ᠤ ᠰᠠᠩ︾᠂ ︽ᠮᠤᠩᠭᠤᠯᠴᠢ ᠮᠡᠷᠭᠡᠳ ᠤᠨ ᠴᠢᠭᠤᠯᠭ᠎ᠠ︾ ᠵᠡᠷᠭᠡ ᠲᠤᠮᠤ ᠨᠤᠮ ᠤᠳ ᠲᠤ ᠨᠡᠷ᠎ᠡ ᠬᠠᠳᠠᠭᠳᠠᠨ ᠲᠠᠨᠢᠯᠴᠠᠭᠤᠯᠤᠭᠳᠠᠵᠤ ᠪᠠᠶᠢᠭ᠎ᠠ ᠮᠠᠨ ᠤ ᠤᠷᠤᠨ ᠤ ᠠᠯᠳᠠᠷᠲᠤ ᠤᠷᠴᠢᠭᠤᠯᠤᠭᠴᠢ᠂ ᠨᠡᠷᠡᠲᠦ ᠰᠤᠶᠤᠯ ᠤᠨ ᠵᠢᠳᠬᠦᠯᠲᠡᠨ ᠷᠢᠨᠴᠢᠨᠳᠤᠷᠵᠢ ᠭᠤᠸᠠᠢ ᠶᠢᠨ ᠠᠷᠪᠠᠨ ᠵᠢᠷᠭᠤᠭᠠᠨ ᠺᠦᠸᠠᠳ᠋ ᠮᠧᠲᠷ ᠤᠨ ᠢᠪᠴᠤᠤ ᠴᠢᠬᠤᠯ ᠪᠢᠴᠢᠭ ᠤᠨ ᠥᠷᠦᠭᠡᠨ ᠠᠴᠠ ᠰᠠᠴᠤᠷᠠᠨ ᠭᠠᠷᠤᠭᠰᠠᠨ ᠭᠡᠷᠡᠯ ᠭᠢᠯᠪᠠᠭ᠎ᠠ ᠪᠣᠯᠣᠨ᠎ᠠ᠃ ᠷᠢᠨᠴᠢᠨ ᠪᠠᠭᠰᠢ ᠮᠠᠨᠢ ᠪᠣᠰᠢᠭ᠎ᠠ ᠠᠴᠠ ᠪᠠᠨ ᠡᠬᠢᠯᠡᠵᠦ ᠪᠤᠭᠤᠷᠤᠯᠳᠤᠭᠰᠠᠨ ᠬᠠᠯᠢᠮᠠᠭ ᠢᠶᠠᠨ ᠮᠠᠭᠠᠵᠢᠯᠠᠨ ᠢᠯᠪᠢᠯᠬᠢᠯᠡᠵᠦ᠂ ᠭᠠᠯ ᠰᠢᠯ ᠢᠶᠠᠨ ᠳᠡᠭᠡᠭᠰᠢ ᠡᠷᠭᠦᠰᠬᠢᠭᠡᠳ ᠪᠢᠴᠢᠭ ᠤᠨ ᠰᠢᠷᠡᠭᠡᠨ ᠤ ᠪᠠᠨ ᠬᠠᠭᠠᠰ ᠢᠯᠡᠭᠦᠦ ᠵᠠᠢ ᠶᠢ ᠡᠵᠡᠯᠡᠭᠦᠯᠦᠭᠰᠡᠨ ᠰᠥᠭᠡᠮ ᠵᠤᠵᠠᠭᠠᠨ ᠤᠯᠠᠨ ᠲᠤᠯᠢ ᠪᠢᠴᠢᠭ  ᠢ ᠤᠷᠪᠠᠭᠤᠯᠤᠨ ᠬᠠᠶᠢᠵᠤ ᠶᠠᠭᠤ ᠨᠢᠭᠡ ᠶᠢ ᠰᠢᠮᠲᠠᠨ ᠪᠢᠴᠢᠵᠦ ᠰᠠᠭᠤᠭ᠎ᠠ ᠨᠢ ᠨᠢᠭᠡᠨᠲᠡ ᠤᠳᠠᠭᠠᠨ ᠣᠨ ᠤ ᠵᠤᠷᠰᠢᠯ ᠪᠣᠯᠴᠢᠬᠠᠵᠠᠢ᠃ ᠲᠡᠭᠦᠨ ᠤ ᠡᠨᠡ ᠬᠦ ᠪᠣᠭᠤᠨᠢ ᠰᠠᠷᠠᠪᠴᠢ ᠳᠠᠪᠴᠢᠭᠤ ᠳᠠᠰᠤᠯᠭ᠎ᠠ᠂ ᠰᠢᠷ ᠨᠢ ᠬᠤᠪᠬᠤᠷᠠᠭᠰᠠᠨ ᠮᠤᠳᠤᠨ ᠰᠢᠷᠡᠭᠡᠨ ᠳᠡᠭᠡᠷ᠎ᠡ ᠠᠴᠠ ︽ᠤᠲᠤᠭ ᠬᠤᠰᠢᠭᠤᠨ ᠤ ᠤᠶᠢᠯᠠᠯᠭ᠎ᠠ︾᠂ ︽ᠰᠦᠮᠡᠲᠦ ᠰᠤᠮᠤᠨ ᠤ ᠣᠶᠢᠯᠠᠯᠭ᠎ᠠ ︾᠂ ︽ᠤᠲᠤᠭ ᠬᠤᠰᠢᠭᠤᠨ ᠤ ᠲᠡᠦᠬᠡ ᠶᠢᠨ ᠳᠤᠷᠠᠰᠬᠠᠯᠲᠤ ᠵᠦᠢᠯ ᠤᠨ ᠣᠶᠢᠯᠠᠯᠭ᠎ᠠ︾᠂ ︽ᠮᠣᠩᠭᠤᠯ ᠬᠢᠲᠠᠳ ᠬᠡᠯᠡᠴᠡ ᠶᠢᠨ ᠳᠤᠪᠴᠢ ᠲᠤᠯᠢ︾᠂ ︽ᠪᠠᠶᠠᠨ ᠲᠤᠩᠭᠠᠯᠠᠭ ᠤᠲᠤᠭ︾ ᠵᠡᠷᠭᠡ ᠠᠷᠪᠠᠨ ᠳᠡᠪᠲᠡᠷ ᠨᠤᠮ ᠵᠢᠴᠢ ︽ᠠᠷᠵᠠᠢ ᠠᠭᠤᠢ ᠶᠢᠨ ᠡᠪᠳᠡᠭᠳᠡᠭᠰᠡᠨ ᠣᠨ ᠵᠢᠯ ᠢ ᠮᠠᠭᠠᠳᠯᠠᠬᠤ ᠨᠢ︾ ᠵᠡᠷᠭᠡ ᠶᠢᠨ ᠭᠤᠴᠢ ᠰᠢᠬᠠᠮ ᠡᠷᠳᠡᠮ ᠰᠢᠨᠵᠢᠯᠡᠭᠡᠨ ᠤ ᠦᠭᠦᠯᠡᠯ ᠤᠳ ᠨᠡᠶᠢᠲᠡ ᠲᠠᠪᠤᠨ ᠵᠠᠭᠤ ᠭᠠᠷᠤᠢ ᠲᠥᠮᠡᠨ ᠦᠰᠦᠭ ᠤᠨ ᠨᠣᠮ ᠵᠣᠬᠢᠶᠠᠯ ᠪᠢᠴᠢᠭᠳᠡᠨ ᠭᠠᠷᠴᠤ ᠲᠡᠭᠦᠨ ᠤ ᠥᠷᠯᠦᠭᠡ ᠦᠳᠡᠰᠢ ᠶᠢ ᠲᠡᠮᠡᠴᠡᠬᠦ ᠳᠠᠶᠢᠴᠢᠨ ᠵᠤᠷᠢᠭ ᠰᠠᠨᠠᠭ᠎ᠠ ᠬᠢᠭᠡᠳ ᠡᠪᠦᠭᠡᠷᠡᠬᠦ ᠳᠤᠲᠤᠮ ᠢᠶᠠᠨ ᠴᠢᠩᠭᠠᠷᠠᠭᠠᠳ ᠢᠷᠡᠳᠡᠭ ᠢᠳᠡᠯᠢᠭ ᠬᠤᠷᠤᠭᠤᠨ ᠤ ᠬᠢᠨᠢ ᠡᠷᠳᠡᠮ ᠨᠡᠶᠢᠬᠡᠮ ᠨᠡᠶᠢᠲᠡ ᠳᠤ ᠠᠯᠳᠠᠷᠰᠢᠨ ᠳᠠᠷᠬᠠᠭᠰᠠᠨ ᠪᠢᠯᠡ᠃      ᠬᠦᠰᠡᠯ                  ᠰᠠᠭᠯᠠᠭᠠᠷ ᠮᠤᠳᠤᠨ ᠤ ᠰᠠᠯᠠᠭ᠎ᠠ ᠪᠠᠶᠢᠪᠠᠯ                  ᠰᠠᠯᠠᠭᠠᠯᠠᠬᠤ ᠯᠠ ᠪᠠᠶᠢᠯᠭᠦᠢ ᠳ᠋ᠤᠤ                         — ᠠᠷᠠᠳ ᠤᠨ ᠳᠠᠭᠤᠤ      ᠣᠲᠤᠭ ᠬᠤᠰᠢᠭᠤᠨ ᠤ ᠵᠡᠭᠦᠨ ᠪᠡᠶ᠎ᠡ ᠶᠢᠨ ᠬᠥᠭᠡᠪᠦᠷ ᠨᠤᠲᠤᠭ ᠭᠡᠵᠦ ᠤᠮᠠᠷ᠎ᠠ ᠳᠠᠭᠠᠨ ᠠᠭᠤᠳᠠᠮ ᠲᠡᠨᠢᠭᠡᠷ ᠰᠢᠯᠢ ᠲᠤᠯᠤᠭᠠᠳ ᠦᠷᠭᠦᠯᠵᠢᠯᠡᠨ ᠬᠠᠨᠠᠷᠠᠵᠤ᠂ ᠡᠮᠦᠨᠡᠭᠦᠷ ᠢᠶᠠᠨ ᠨᠠᠷᠢᠨ ᠨᠠᠭᠤᠷ᠂ ᠪᠠᠶᠠᠨ ᠨᠠᠭᠤᠷ᠂ ᠥᠯᠵᠡᠶᠢᠲᠦ ᠶᠢᠨ ᠴᠠᠶᠢᠳᠠᠮ ᠵᠠᠯᠭᠠᠯᠳᠤᠭᠰᠠᠨ ᠤᠰᠤ ᠱᠠᠩᠳᠠ ᠲᠠᠢ ᠦᠨᠢᠷ ᠥᠩᠰᠢᠭ ᠭᠠᠵᠠᠷ ᠶᠤᠮᠰᠠᠨ᠃ ᠴᠢᠩ ᠭᠦᠷᠦᠨ ᠤ ᠦᠶ᠎ᠡ  ᠠᠴᠠ ᠠᠪᠤᠭᠠᠳ ᠡᠨᠡ ᠤᠷᠴᠢᠮ ᠤᠨ ᠨᠤᠲᠤᠭ ᠤᠰᠤ ᠨᠢ ᠤᠲᠤᠭ ᠬᠤᠰᠢᠭᠤᠨ ᠤ ᠰᠤᠶᠤᠯ᠂ ᠱᠠᠰᠢᠨ᠂ ᠵᠠᠰᠠᠭ᠂ ᠴᠡᠷᠢᠭ᠂ ᠠᠵᠤ ᠠᠬᠤᠢ ᠶᠢᠨ ᠴᠢᠬᠤᠯᠠ ᠬᠦᠢᠰᠦ ᠪᠤᠯᠵᠤ ᠤᠯᠠᠨ ᠪᠤᠳᠤᠯᠢᠶᠠᠨᠲᠤ ᠦᠯᠢᠭᠡᠷ ᠠᠳᠡ ᠡᠭᠦᠰᠦᠨ᠂ ᠣᠯᠠᠨ ᠠᠷᠪᠢᠨ ᠨᠡᠷᠡᠲᠦ ᠬᠦᠮᠦᠰ ᠠᠳᠡ ᠮᠡᠨᠳᠦᠯᠡᠭᠰᠡᠨ ᠶᠤᠮ ᠰᠠᠨᠵᠠᠢ᠃      ᠠᠪᠤᠷᠭᠤ ᠰᠦᠷᠯᠢᠭ ᠳᠥᠷᠪᠡᠨ ᠦᠨᠳᠦᠷ ᠤᠨ ᠰᠢᠯᠢ ᠶᠢᠨ ᠵᠡᠭᠦᠨ ᠰᠤᠭᠤ — ᠬᠤᠵᠢᠭᠢᠷ ᠤᠨ ᠬᠤᠭᠤᠯᠠᠢ  ᠶᠢᠨ ᠬᠤᠶᠢᠳᠤ ᠡᠬᠢ ᠤᠪᠤᠭᠠᠨ ᠴᠢᠷᠭ᠎ᠠ ᠶᠢᠨ ᠲᠡᠷᠳᠡᠭᠡ ᠥᠷᠯᠦᠭᠦᠳ ᠤᠪᠤᠭᠲᠠᠨ ᠮᠠᠯᠴᠢᠨ ᠪᠠᠶᠠᠨᠳᠦ᠋ᠭᠦᠷᠡᠩ ᠬᠡᠮᠡᠭᠴᠢ ᠠᠶᠢᠯ ᠤᠨ ᠡᠭᠦᠳᠡᠨ᠎ᠡ 1943 ᠣᠨ ᠤ 4 ᠰᠠᠷ᠎ᠠ ᠶᠢᠨ 21 ᠤ ᠡᠳᠦᠷ ᠠᠯᠲᠠᠨ ᠰᠤᠭᠤᠨᠠᠭ ᠰᠠᠴᠤᠷᠠᠭᠤᠯᠤᠨ ᠠᠰᠢᠳᠠ ᠶᠢᠨ ᠤᠳᠤᠨ ᠪᠠᠭᠤᠵᠤ ᠢᠷᠡᠭᠡᠳ ᠠᠩᠭ᠎ᠠ ᠨᠢᠯᠬ᠎ᠠ ᠨᠢᠭᠡᠨ ᠨᠤᠭᠤᠨ ᠠᠩᠬ᠎ᠠ ᠡᠨᠡ ᠳᠡᠯᠡᠬᠡᠢ ᠲᠠᠢ ᠠᠮᠤᠷ ᠡᠷᠢᠪᠡ᠃ ᠡᠨᠡ ᠴᠠᠭ ᠪᠤᠯ ᠶᠠᠭ ︽ᠶᠡᠭᠡ ᠵᠤᠤ ᠠᠶᠢᠮᠠᠭ ᠤᠨ ᠬᠡᠷᠡᠭ ᠬᠤᠪᠢᠰᠤᠯ︾ ᠭᠠᠷᠴᠤ ᠴᠡᠷᠢᠭ ᠳᠠᠶᠢᠨ ᠤ ᠬᠥᠯ ᠡᠭᠦᠰᠦᠨ ᠴᠢᠭᠤᠯᠭᠠᠨ ᠳ᠋ᠠ ᠶᠢᠨ ᠲᠤᠯᠭᠠᠮᠳᠠᠵᠤ ᠪᠠᠶᠢᠭᠰᠠᠨ ᠳᠤᠭᠰᠢᠨ ᠬᠠᠲᠠᠭᠤ ᠴᠠᠭ ᠦᠶ᠎ᠡ ᠪᠠᠶᠢᠭᠰᠠᠨ᠃ ᠵᠢᠭᠠᠯ ᠬᠦᠦ ᠶᠢᠨ ᠢᠶᠠᠨ ᠰᠠᠷ᠎ᠠ ᠶᠢᠨ ᠴᠠᠢ ᠳᠡᠭᠡᠷ᠎ᠡ ᠡᠪᠦᠭᠡ ᠠᠪᠤ ᠨᠢ ︽ᠷᠢᠨᠴᠢᠨᠳᠤᠷᠵᠢ︾ ︵ᠮᠤᠩᠭᠤᠯᠴᠢᠯᠠᠪᠠᠯ ᠡᠷᠳᠡᠨᠢᠪᠠᠲᠤ ︶ ᠭᠡᠰᠡᠨ ᠪᠡᠯᠭᠡ ᠲᠠᠢ ᠨᠡᠷ᠎ᠡ ᠥᠭᠴᠦ ᠬᠠᠶᠢᠷᠠᠯᠠᠨ ᠳᠠᠭᠤᠳᠠᠵᠠᠢ᠃ ᠡᠳᠡᠨ ᠤ ᠬᠢᠨ ᠪᠣᠯ ᠲᠤᠯᠤᠢ ᠡᠵᠡᠨ ᠤ ᠰᠢᠲᠦᠭᠡᠨ  ᠲᠠᠢ ᠬᠡᠶᠡᠳ ᠶᠠᠰᠤᠲᠠᠨ ᠤ ᠤᠭᠰᠠᠭ᠎ᠠ ᠪᠣᠯᠬᠤᠷ ᠦᠷ᠎ᠡ ᠬᠤᠶᠢᠴᠢᠰ ᠢᠶᠠᠨ ᠬᠦᠮᠦᠵᠢᠭᠦᠯᠬᠦ ᠶᠢ ᠮᠠᠰᠢᠳᠠ ᠠᠩᠬᠠᠷᠤᠨ ᠴᠢᠬᠤᠯᠠᠴᠢᠯᠠᠳᠠᠭ ᠪᠠᠶᠢᠪᠠ᠃ ᠢᠩᠬᠢᠭᠰᠡᠨ ᠠᠴᠠ ᠷᠢᠨᠴᠢᠨᠳᠤᠷᠵᠢ ᠶᠢ ᠠᠷᠠᠢ ᠨᠠᠢᠮᠠ ᠬᠦᠷᠪᠡ ᠭᠡᠬᠦ ᠳᠤᠨᠢ ᠠᠪᠤ ᠨᠢ ᠰᠤᠳᠤᠷ ᠡᠷᠢᠨ ᠡᠳᠦᠷ ᠰᠤᠩᠭᠤᠵᠤ᠂ ᠨᠤᠲᠤᠭ ᠨᠢᠭᠡᠲᠡᠢ ᠰᠠᠭᠠᠬᠠᠯᠲᠠ ᠠᠶᠢᠯ ᠮᠦᠩᠴᠢ ᠴᠣᠶᠢᠳᠠᠷ ᠭᠡᠭᠴᠢ ᠮᠤᠩᠭᠤᠯ᠂ ᠲᠥᠪᠡᠳ᠂ ᠭᠢᠲᠠᠳ ᠭᠤᠷᠪᠠᠨ ᠬᠡᠯᠡᠨ ᠳᠤ ᠴᠠᠭᠠᠷᠠᠭᠰᠠᠨ ᠰᠤᠶᠤᠯᠲᠠᠨ ᠪᠠᠭᠰᠢ ᠳᠤ ᠱᠠᠪᠢ ᠤᠷᠤᠭᠤᠯᠤᠨ ᠦᠰᠦᠭ ᠨᠢᠳᠦᠯᠡᠭᠦᠯᠦᠭᠰᠡᠨ ᠨᠢ ᠲᠡᠭᠦᠨ ᠤ ᠬᠤᠵᠢᠮ ᠤᠨ ᠡᠳᠦᠷ ᠬᠤᠶᠢᠰᠢᠳᠠ ᠶᠢᠨ ᠮᠠᠷᠭᠠᠰᠢ ᠳᠠᠭᠠᠨ ᠡᠷᠳᠡᠮ ᠰᠤᠶᠤᠯ ᠳᠤ ᠢᠳᠡᠭᠡᠰᠢᠨ ᠨᠡᠪᠲᠡᠷᠡᠭᠰᠡᠨ ᠡᠷᠳᠡᠮᠲᠡᠨ ᠬᠦᠮᠦᠨ ᠪᠣᠯᠬᠤ ᠶᠢ ᠵᠦᠩᠨᠡᠨ ᠢᠲᠡᠭᠡᠭᠰᠡᠨ ᠭᠠᠭᠴᠠ ᠦᠵᠦᠭᠦᠷᠲᠦ ᠬᠦᠰᠡᠯ ᠪᠠᠶᠢᠪᠠ᠃      ᠷᠢᠨᠴᠢᠨᠳᠤᠷᠵᠢ ᠶᠢ ᠶᠢᠰᠦᠨ ᠨᠠᠰᠤᠲᠠᠢ ᠲᠡᠷᠡ ᠵᠢᠯ ᠤᠨ ᠨᠠᠯᠠᠭᠠᠷ ᠨᠠᠮᠤᠷ ᠤᠨ ᠨᠠᠷᠠᠨ ᠲᠤᠩᠭᠠᠯᠠᠭ ᠨᠢᠭᠡᠨ ᠥᠷᠯᠦᠭᠡ᠂ ᠡᠴᠢᠭᠡ ᠪᠠᠶᠠᠨᠳᠦ᠋ᠭᠦᠷᠡᠩ ᠨᠢ ᠬᠥᠪᠡᠭᠦᠨ ᠢᠶᠠᠨ ᠳᠠᠭᠠᠭᠤᠯᠵᠤ ᠭᠠᠷᠤᠨ ᠤᠰᠠᠩ ︵ᠰᠠᠩ︶ ᠤᠨ ᠰᠦᠷᠦ  ᠶᠢᠨ ᠬᠠᠵᠠᠭᠤ ᠳᠤ ᠳᠡᠪᠢᠰᠦᠭᠰᠡᠨ ᠲᠤᠯᠤᠭ ᠳᠡᠭᠡᠷ᠎ᠡ ᠰᠥᠭᠦᠳᠥᠨ ᠬᠡᠢ ᠮᠣᠷᠢ ᠳᠠᠭᠠᠨ ᠭᠤᠷᠪᠠᠨᠲᠠ ᠨᠠᠮᠠᠨᠴᠢᠯᠠᠨ ᠮᠥᠷᠭᠦᠵᠥ ᠠᠶᠠᠷ ᠪᠣᠰᠣᠨ ᠰᠠᠩ ᠰᠦᠯᠭᠡ ᠲᠠᠯᠪᠢᠭᠠᠳ ᠤᠰᠠᠩ ᠤᠨ ᠰᠦᠷᠦ ᠪᠠᠨ ᠨᠠᠷᠠᠨ ᠵᠥᠪ ᠢᠶᠠᠷ ᠭᠤᠷᠪᠠᠨᠲᠠ ᠡᠷᠭᠢᠭᠰᠡᠨ ᠤ ᠬᠤᠶᠢᠨ᠎ᠠ ᠮᠣᠷᠢᠨ ᠤᠶᠠᠭᠠᠨ ᠳᠡᠭᠡᠷ᠎ᠡ ᠪᠠᠨ ᠬᠦᠷᠴᠦ ᠡᠷᠲᠡ ᠠᠴᠠ ᠪᠡᠯᠡᠳᠬᠡᠵᠦ ᠲᠠᠯᠪᠢᠭᠰᠠᠨ ᠡᠮᠡᠭᠡᠯᠲᠦ ᠬᠤᠶᠠᠷ ᠮᠤᠷᠢ ᠪᠠᠨ ᠲᠠᠶᠢᠯᠵᠤ ᠠᠪᠤᠭᠠᠳ ᠤᠷᠭᠤᠬᠤ ᠨᠠᠷᠠ ᠴᠢᠭᠯᠡᠨ ᠶᠠᠪᠠᠭᠠᠨ ᠢᠶᠠᠷ ᠪᠠᠭ᠋ᠠᠨ ᠬᠥᠲᠥᠯᠥᠭᠰᠡᠨ ᠤ ᠬᠤᠶᠢᠨ᠎ᠠ ᠲᠤᠰ ᠲᠤᠰ ᠤᠨ ᠮᠣᠷᠢᠨ ᠳᠠᠭᠠᠨ ᠮᠣᠷᠳᠠᠵᠠᠭᠠᠯ᠎ᠠ᠃ ᠷᠢᠨᠴᠢᠨᠳᠤᠷᠵᠢ ᠮᠠᠨᠢ ᠠᠩᠬ᠎ᠠ ᠤᠳᠠᠭ᠎ᠠ ᠡᠷ᠎ᠡ ᠬᠦᠮᠦᠨ  ᠤ ᠮᠠᠶ᠋ᠢᠭᠲᠠᠢ ᠢᠩᠬᠢᠵᠦ ᠬᠤᠨᠢᠨ ᠴᠠᠭᠠᠨ ᠭᠡᠷ ᠠᠴᠠ ᠪᠠᠨ ᠰᠠᠯᠵᠤ ᠬᠤᠯᠠ ᠭᠠᠵᠠᠷ ᠰᠣᠷᠬᠤ ᠪᠠᠷ ᠣᠳᠬᠤ ᠪᠣᠯᠣᠭᠰᠠᠨ  ᠳᠠᠭᠠᠨ ᠬᠡᠳᠦᠶᠢᠪᠡᠷ ᠰᠡᠳᠬᠢᠯ ᠶᠡᠭᠡ ᠬᠥᠭᠰᠡᠯ ᠲᠠᠢ ᠪᠠᠶᠢᠪᠠᠴᠤ ᠪᠠᠰᠠ ᠰᠡᠨᠡᠭ ᠰᠡᠨᠡᠭ ᠰᠠᠯᠵᠤ ᠶᠠᠳᠠᠨ ᠡᠷᠭᠢᠨ ᠡᠷᠭᠢᠨ ᠬᠠᠷᠠᠬᠤᠯᠠᠷ ᠡᠨᠡᠷᠢᠯ ᠬᠠᠶᠢᠷᠠᠲᠤ ᠮᠥᠮᠦ ᠨᠢ ᠡᠭᠦᠳᠡᠨ ᠭᠠᠳᠠᠨ᠎ᠠ ᠪᠠᠨ ᠵᠤᠭᠰᠤᠭᠠᠳ ᠮᠥᠩᠭᠦᠨ ᠠᠶᠠᠭ᠎ᠠ ᠲᠠᠢ ᠰᠦ ᠶᠢᠨ ᠳᠡᠭᠡᠵᠢ ᠪᠠᠨ ᠢᠳᠠᠮᠯᠠᠨ ᠰᠡᠷᠵᠢᠮᠯᠡᠨ ᠦᠳᠡᠵᠦ ᠪᠠᠶᠢᠭ᠎ᠠ ᠨᠢ ᠶᠠᠭᠤᠨ ᠠᠴᠠ ᠴᠦ ᠢᠯᠡᠲᠡᠢ ᠬᠠᠷᠠᠭᠳᠠᠨ ᠬᠤᠴᠤᠷᠤᠯ᠎ᠠ᠃      ︽ᠷᠢᠨᠴᠢᠨ᠂ ᠮᠠᠨᠤᠰ ᠬᠠᠮᠢᠭ᠎ᠠ ᠬᠦᠷᠦᠨ᠎ᠡ ᠭᠡᠵᠦ ᠶᠠᠪᠤᠵᠤ ᠪᠠᠶᠢᠭ᠎ᠠ ᠪᠢᠯᠡ︖︾      ︽ᠰᠢᠷᠠᠪᠦ᠋ᠷᠢᠳᠦ ᠳᠡᠭᠡᠷᠡᠬᠢ ᠨᠤᠲᠤᠭ ᠤᠨ ᠰᠤᠷᠭᠠᠭᠤᠯᠢ ᠳᠤ ᠤᠴᠢᠨ᠎ᠠ︾      ︽ᠨᠤᠲᠤᠭ ᠤᠨ ᠰᠤᠷᠭᠠᠭᠤᠯᠢ ᠳᠤ ᠰᠠᠭᠤᠨ᠎ᠠ ᠭᠡᠳᠡᠭ ᠴᠢᠨᠢ ᠭᠡᠷ ᠤᠨ ᠰᠤᠷᠭᠠᠭᠤᠯᠢ ᠲᠠᠢ ᠠᠳᠠᠯᠢ ᠦᠭᠡᠢ ᠰᠢᠦ ︕ ᠴᠠᠭ ᠪᠠᠷᠢᠵᠤ ᠬᠢᠴᠢᠶᠡᠯ ᠬᠢᠨ᠎ᠡ᠂ ᠳᠤᠷ᠎ᠠ ᠪᠠᠷ ᠢᠶᠠᠨ ᠠᠭᠠᠰᠢᠯᠠᠵᠤ ᠪᠣᠯᠳᠠᠭ ᠦᠭᠡᠢ ᠶᠣᠰᠣ ᠲᠠᠢ᠃︾      ︽ᠴᠣᠶᠢ᠊ ᠪᠠᠭᠰᠢ ᠨᠠᠳᠠ ᠪᠥᠭᠦᠳᠡ ᠶᠢ ᠶᠠᠷᠢᠭᠰᠠᠨ᠃ ᠪᠢ ᠯᠠᠪᠲᠠᠢ ᠰᠤᠷᠭᠠᠭᠤᠯᠢ ᠶᠢᠨ ᠶᠤᠰᠤ ᠶᠢ ᠰᠠᠶᠢᠨ ᠳᠠᠭᠠᠨ᠎ᠠ᠃︾      ︽ᠨᠣᠮ ᠪᠢᠴᠢᠭ ᠢᠶᠠᠨ ᠰᠢᠮᠲᠠᠯ ᠲᠠᠢ ᠰᠤᠷ ᠯᠠ ᠳ᠋ᠠ︕ ᠲᠡᠭᠡᠪᠡᠯ ᠬᠤᠵᠢᠮ ᠶᠡᠭᠡ ᠪᠣᠯᠣᠭᠰᠠᠨ ᠤ ᠬᠤᠶᠢᠨ᠎ᠠ ᠬᠤᠯᠠ ᠶᠠᠪᠤᠵᠤ ᠠᠷᠪᠢᠨ ᠶᠠᠭᠤᠮ᠎ᠠ ᠦᠵᠡᠨ᠎ᠡ ᠰᠢᠦ᠃ ᠪᠢᠲᠡᠭᠡᠢ ᠳᠠᠩᠳᠠ ᠭᠡᠷ ᠲᠡᠭᠡᠨ ᠬᠠᠷᠢᠨ᠎ᠠ ᠭᠡᠵᠦ ᠤᠩᠳᠤᠭᠠᠳ ︵ᠶᠠᠭᠠᠷᠠᠭᠤᠯᠤᠭᠠᠳ︶ ᠪᠠᠢ᠃ ᠮᠠᠨᠤᠰ ᠰᠠᠷ᠎ᠠ ᠬᠤᠷᠢ ᠬᠤᠨᠤᠭ ᠲᠤ ᠨᠢᠭᠡ ᠢᠷᠡᠵᠦ ᠴᠢᠮᠠᠢᠢ ᠡᠷᠭᠢᠵᠦ ᠦᠵᠡᠶ᠎ᠡ᠃︾      ︽ᠠᠪᠤ ᠡ᠂ ᠪᠢ ᠬᠡᠵᠢᠶ᠎ᠡ ᠴᠤᠶᠢ᠊ ᠪᠠᠭᠰᠢ ᠰᠢᠭ᠋ ᠣᠯᠠᠨ ᠣᠯᠠᠨ ︵ᠬᠡᠯᠡᠨ ᠤ︶ ᠪᠢᠴᠢᠭ ᠢ ᠰᠤᠷᠴᠢᠬᠠᠳᠠᠭ ᠪᠣᠯ ︖ ᠮᠠᠨ ᠤ ᠴᠤᠶᠢ᠊ ᠪᠠᠭᠰᠢ ᠮᠡᠳᠡᠬᠦ ᠦᠭᠡᠢ ᠭᠠᠷᠭᠠᠬᠤ ᠦᠭᠡᠢ ᠪᠢᠴᠢᠭ ᠭᠡᠵᠦ ᠨᠢᠭᠡ ᠴᠦ ᠪᠠᠶᠢᠳᠠᠭ ᠦᠭᠡᠢ ᠁︾      ︽ᠬᠦᠦ ᠮᠢᠨᠢ ᠰᠤᠷᠴᠤ ᠯᠠ ᠪᠠᠶᠢᠪᠠᠯ ᠬᠤᠵᠢᠮ ᠴᠤᠶᠢ᠊ ᠪᠠᠭᠰᠢ ᠠᠴᠠ ᠪᠠᠨ ᠳᠠᠪᠠᠭᠰᠠᠨ ᠪᠢᠴᠢᠭ ᠲᠠᠢ ᠬᠦᠮᠦᠨ ᠪᠣᠯᠳᠠᠭ ᠶᠣᠰᠣ ᠲᠠᠢ᠃ ᠰᠤᠷᠤᠨ᠎ᠠ ᠭᠡᠳᠡᠭ ᠲᠤ ᠬᠢᠵᠠᠭᠠᠷ ᠦᠭᠡᠢ ᠶᠤᠮ ᠡ︕︾      ︽ᠦᠨᠡᠨ ᠤᠤ︖ ᠲᠡᠭᠡᠪᠡᠯ ᠪᠢ ᠲᠤᠭᠯᠠᠭᠠᠮ ᠳᠠᠭᠠᠨ ᠡᠭᠦᠷᠲᠦᠬᠦ ᠦᠭᠡᠢ᠂ ᠪᠢᠴᠢᠭ ᠢᠶᠠᠨ ᠰᠠᠶᠢᠨ ᠰᠤᠷᠤᠶ᠎ᠠ︕      ᠁      ᠡᠨᠡ ᠪᠣᠯ ᠲᠠᠪᠢᠨ ᠵᠢᠯ ᠤᠨ ᠡᠮᠦᠨ᠎ᠡ ᠷᠢᠨᠴᠢᠨᠳᠤᠷᠵᠢ ᠭᠤᠸᠠᠢ ᠠᠷᠢᠭᠤᠨ ᠰᠤᠶᠤᠯ ᠤᠨ ᠮᠥᠷ ᠢ ᠠᠩᠬᠠᠯᠠᠵᠤ ᠮᠦᠰᠬᠢᠨ᠂ ᠠᠷᠠᠳ ᠤᠨ ᠰᠤᠷᠭᠠᠭᠤᠯᠢ ᠶᠢᠨ ᠪᠣᠱᠤᠭ᠎ᠠ ᠶᠢ ᠠᠯᠬᠤᠵᠤ ᠤᠷᠤᠭᠰᠠᠨ ᠲᠡᠷᠡ ᠡᠳᠦᠷ ᠠᠪᠤ ᠬᠦᠦ ᠬᠤᠶᠠᠷ  ᠤᠨ ᠠᠶᠠᠨ ᠵᠠᠮ ᠤᠨ ᠭᠤᠳᠤᠰ ᠲᠤ ᠶᠠᠷᠢᠯᠴᠠᠭᠰᠠᠨ ᠭᠡᠰᠡᠭ ᠶᠠᠷᠢᠯᠴᠠᠭ᠎ᠠ ᠶᠤᠮ᠃ ᠷᠢᠨᠴᠢᠨᠳᠤᠷᠵᠢ᠂ ᠬᠠᠷᠠᠬᠠᠨ ᠪᠠᠭ᠎ᠠ  ᠠᠴᠠ ᠪᠠᠨ ᠠᠪᠬᠠᠯᠵᠢ ᠠᠳᠠᠩᠭ᠎ᠠ ᠲᠠᠢ ᠰᠡᠷᠭᠦᠯᠡᠩ ᠬᠡᠦᠬᠡᠳ ᠪᠠᠶᠢᠵᠤ᠂ ᠪᠠᠭᠰᠢ ᠬᠡᠳᠦᠢ ᠵᠢᠭᠠᠪᠠᠯ ᠲᠡᠷᠡ ᠲᠡᠳᠦᠢ ᠶᠢ  ᠨᠢ ᠪᠥᠷᠢᠨ ᠰᠤᠷᠴᠤ ᠠᠪᠳᠠᠭ ᠮᠥᠷᠲᠡᠭᠡᠨ ᠶᠠᠭᠤᠮᠠᠨ ᠳᠤ ᠰᠣᠨᠢᠭᠤᠴᠢ᠂ ᠤᠷᠤᠯᠳᠤᠯᠭ᠎ᠠ ᠲᠠᠢ ᠪᠠᠶᠢᠭᠰᠠᠨ ᠢᠶᠠᠷ ᠨᠤᠲᠤᠭ ᠤᠨ ᠠᠩᠬ᠎ᠠ ᠵᠡᠷᠭᠡ ᠶᠢᠨ ᠪᠠᠭ᠎ᠠ ᠰᠤᠷᠭᠠᠭᠤᠯᠢ ᠶᠢ ᠪᠥᠷᠢᠨ ᠪᠥᠲᠥᠮᠵᠢ ᠪᠠᠷ ᠲᠡᠭᠦᠰᠭᠡᠨ ᠬᠤᠰᠢᠭᠤ ᠮᠤᠩᠭᠤᠯ ᠪᠥᠷᠢᠨ ᠪᠠᠭ᠎ᠠ ᠰᠤᠷᠭᠠᠭᠤᠯᠢ ︵ᠡᠳᠦᠭᠡ ᠶᠢᠨ ᠮᠤᠩᠭᠤᠯ ᠳᠤᠷᠰᠢᠯᠲᠠ ᠶᠢᠨ ᠪᠠᠭ᠎ᠠ ᠰᠤᠷᠭᠠᠭᠤᠯᠢ︶ ᠠᠴᠠ 1957 ᠣᠨ ᠤ ᠵᠤᠨ ᠵᠢᠷᠭᠤᠭᠠᠨ ᠤᠨ ᠤ ᠪᠡᠶᠡᠯᠡᠯ ᠢ ᠠᠪᠴᠤ ᠨᠤᠲᠤᠭ ᠲᠠᠭᠠᠨ ᠬᠠᠷᠢᠵᠠᠢ᠃ ᠲᠡᠷᠡ ᠪᠠᠷ ᠰᠡᠩᠬᠡᠷᠡᠭᠦᠯᠦᠭᠴᠢ ᠪᠠᠭᠰᠢ ᠶᠢᠨ ᠢᠶᠠᠨ ᠨᠥᠯᠥᠭᠡᠯᠡᠯ ᠢ ᠭᠦᠨ ᠭᠦᠷᠲᠡᠭᠰᠡᠨ ᠪᠠᠶᠢᠵᠤ ᠴᠤᠯ ᠮᠤᠩᠭᠤᠯ ᠪᠢᠴᠢᠭ ᠰᠤᠷᠤᠭᠠᠳ ᠪᠣᠯᠬᠤ ᠦᠭᠡᠢ ᠳᠥᠷᠪᠡᠯᠵᠢᠨ ᠦᠰᠦᠭ ᠢ ᠴᠦ ᠭᠦᠨᠵᠡᠭᠡᠢ ᠮᠡᠳᠡᠵᠦ ᠠᠪᠤᠶ᠎ᠠ ᠭᠡᠰᠡᠨ ᠬᠦᠰᠡᠯ ᠢᠶᠠᠷ ᠬᠡᠳᠦᠶᠢᠪᠡᠷ ᠪᠠᠷᠢᠭᠠᠳᠠ ᠶᠢᠨ ᠬᠥᠳᠡᠯᠮᠦᠷᠢ ᠳᠤ ᠳᠠᠲᠠᠭᠳᠠᠨ ᠠᠨᠵᠢᠰᠤᠨ ᠮᠤᠷᠢ ᠬᠥᠲᠥᠯᠬᠦ᠂ ᠲᠠᠷᠢᠶᠠᠨ ᠭᠤᠤ ᠮᠠᠯᠲᠠᠬᠤ᠂ ᠨᠠᠮᠤᠷ ᠤᠨ ᠬᠠᠳᠤᠯᠠᠩ ᠳᠤ ᠭᠠᠷᠬᠤ ᠠᠵᠢᠯ ᠤᠳ ᠲᠤ ᠲᠤᠮᠤᠴᠤᠤᠯ ᠠᠴᠠ ᠳᠤᠲᠠᠬᠤ ᠦᠭᠡᠢ ᠤᠷᠤᠯᠴᠠᠵᠤ ᠶᠠᠪᠤᠳᠠᠭ ᠴᠦ ᠮᠤᠩᠭᠤᠯ ᠭᠢᠲᠠᠳ ᠨᠠᠪᠲᠠᠷᠬᠠᠢ ᠨᠤᠮ ᠢ ᠪᠡᠶ᠎ᠡ ᠠᠴᠠ ᠪᠠᠨ ᠰᠠᠯᠭᠠᠯ ᠦᠭᠡᠢ ᠡᠭᠦᠷᠴᠦ ᠵᠠᠪ ᠤᠯᠳᠠᠪᠠᠯ ᠰᠤᠷᠴᠤ᠂ ᠴᠠᠭ ᠭᠠᠷᠪᠠᠯ ᠱᠠᠭᠠᠶᠢᠳᠠᠭ ᠨᠢ ᠥᠭᠡᠷ᠎ᠡ ᠰᠢᠯᠲᠠᠭᠠᠨ ᠪᠤᠰᠤ᠂ ᠬᠠᠷᠢᠨ ᠰᠤᠷᠴᠤ ᠮᠡᠳᠡᠭᠰᠡᠨ ᠵᠦᠢᠯ ᠨᠢ ᠬᠡᠵᠢᠶᠡᠳᠡ ᠴᠢᠮᠠᠯᠠᠭᠳᠠᠭᠠᠳ ᠪᠠᠶᠢᠳᠠᠭ ᠲᠤ ᠤᠷᠤᠰᠢᠨ᠎ᠠ᠃ ᠬᠤᠶᠢᠨ᠎ᠠ ᠨᠢ ᠬᠤᠰᠢᠭᠤ ᠨᠢᠭᠡᠳᠦᠭᠡᠷ ᠳᠤᠮᠳᠠᠳᠤ ᠰᠤᠷᠭᠠᠭᠤᠯᠢ ᠳᠤ ᠭᠤᠷᠪᠠᠨ ᠵᠢᠯ ᠰᠤᠷᠤᠯᠴᠠᠭᠠᠳ 1961 ᠣᠨ ᠳᠤ ᠡᠨᠡ ᠰᠤᠷᠭᠠᠭᠤᠯᠢ ᠶᠢᠨ ᠤᠤᠭᠠᠨ ᠲᠡᠭᠦᠰᠦᠭᠰᠡᠨ ᠰᠤᠷᠤᠭᠴᠢ ᠶᠢᠨ ᠬᠤᠪᠢ ᠪᠠᠷ ᠨᠡᠶᠢᠬᠡᠮ ᠳᠡᠭᠡᠷ᠎ᠡ ᠵᠢᠩᠬᠢᠨᠢ ᠪᠠᠷ ᠠᠯᠬᠤᠨ ᠭᠠᠷᠴᠠᠢ᠃ ᠡᠨᠡ ᠬᠤᠭᠤᠴᠠᠭᠠᠨ ᠳᠤ ᠲᠡᠷᠡ ᠦᠦᠰᠢᠨ ᠤ ᠰ᠊ · ᠨᠠᠷᠠᠰᠤᠨ ︵ᠤᠭ ᠨᠡᠷ᠎ᠡ ᠪᠤᠶᠠᠨᠳᠤᠭᠲᠠᠬᠤ᠂ ᠲᠡᠦᠬᠡ ᠰᠤᠳᠤᠯᠤᠭᠴᠢ︶᠂ ᠰᠥᠮᠡᠲᠦ ᠶᠢᠨ ᠵ᠊ · ᠮᠠᠭᠰᠠᠷᠵᠠᠪ ︵ᠠᠷᠠᠳ ᠤᠨ ᠵᠠᠩ ᠦᠢᠯᠡ ᠰᠤᠳᠤᠯᠤᠭᠴᠢ︶ ᠵᠡᠷᠭᠡ ᠶᠢᠨ ᠰᠤᠷᠤᠯᠭ᠎ᠠ ᠶᠢᠨ ᠬᠠᠨᠢᠲᠠᠳ ᠲᠠᠢ ᠪᠠᠨ ᠡᠪᠦᠳᠦᠭ ᠨᠡᠶᠢᠯᠡᠭᠦᠯᠦᠨ ᠰᠤᠷᠤᠯᠴᠠᠵᠤ ᠰᠠᠭᠤᠬᠤ ᠳᠠᠭᠠᠨ ᠡᠪᠦᠯ ᠤᠨ ᠴᠡᠪᠳᠡᠭ ᠢ ᠳᠠᠭᠵᠢᠨ ᠥᠩᠭᠡᠷᠡᠭᠦᠯᠵᠦ᠂ ᠥᠯᠥᠰᠭᠦᠯᠡᠩ ᠤᠨ ᠭᠦᠴᠢᠷ ᠢ ᠳᠡᠰᠪᠦᠷᠢᠯᠡᠨ ᠲᠤᠭᠤᠯᠵᠤ᠂ ᠢᠯᠡᠭᠦᠦ ᠮᠡᠳᠡᠵᠦ ᠢᠯᠡᠭᠦᠦ ᠰᠤᠷᠤᠶ᠎ᠠ ᠭᠡᠰᠡᠨ ᠬᠠᠨᠤᠰᠢ ᠦᠭᠡᠢ ᠬᠦᠰᠡᠯ ᠢ ᠤᠷᠤᠢ ᠶᠢᠨ ᠴᠢᠮᠡᠭ ᠰᠢᠭ ᠳᠡᠭᠡᠳᠦᠯᠡᠵᠦ ᠶᠠᠪᠤᠵᠠᠢ᠃ ᠤᠯᠤᠰ ᠲᠦᠷᠦ ᠶᠢᠨ ᠨᠥᠭᠡᠯᠭᠡᠨ ᠰᠠᠯᠬᠢ ᠵᠠᠪᠰᠠᠷ ᠦᠭᠡᠢ ᠳᠠᠭᠠᠷᠢᠳᠠᠭ ᠲᠡᠳᠡᠭᠡᠷ ᠣᠨ ᠵᠢᠯ  ᠤᠳ ᠲᠤ ᠲᠡᠭᠦᠨ ᠤ ᠦᠷᠭᠦᠯᠵᠢᠯᠡᠨ ᠴᠠᠭᠠᠰᠢ ᠰᠤᠷᠤᠯᠴᠠᠬᠤ ᠵᠠᠪᠰᠢᠶᠠᠨ ᠳᠠᠰᠤᠯᠤᠭᠳᠠᠵᠤ᠂ ᠠᠳᠠᠭ ᠲᠠᠭᠠᠨ ︽ᠴᠠᠭᠠᠨ ᠬᠤᠪᠴᠠᠰᠤᠲᠤ ᠪᠠᠶᠢᠯᠳᠤᠭᠴᠢ ᠪᠤᠯᠤᠶ᠎ᠠ︾ ᠭᠡᠰᠡᠨ ᠵᠤᠬᠢᠶᠠᠯ ᠢᠶᠠᠷ ᠢᠶᠠᠨ ᠪᠥᠬᠦ ᠰᠢᠯᠭᠠᠭᠰᠠᠳ ᠤᠨ ᠢᠶᠠᠨ ᠳᠤᠲᠤᠷ᠎ᠠ  ᠪᠠᠨ ᠤᠷᠤᠶᠢᠯᠠᠭᠰᠠᠨ ᠪᠣᠯᠪᠠᠴᠤ ᠲᠡᠭᠦᠨ ᠤ ᠡᠮᠴᠢ ᠪᠣᠯᠬᠤ ᠭᠡᠰᠡᠨ ᠰᠠᠶᠢᠬᠠᠨ ᠬᠦᠰᠡᠯ ᠨᠢ ᠮᠥᠨ ᠯᠠ ᠡᠪᠡᠰᠦᠨ ᠳᠤ ᠠᠪᠤᠯᠴᠠᠭᠰᠠᠨ ᠭᠠᠯ ᠮᠡᠲᠦ ᠠᠭᠱᠠᠨ ᠵᠠᠭᠤᠷ᠎ᠠ ᠳᠦᠷᠡᠯᠵᠡᠵᠦ ᠠᠪᠤᠭᠠᠳ ᠤᠨᠲᠠᠷᠠᠨ ᠵᠠᠮᠬᠠᠷᠠᠵᠤ ᠳᠠᠭᠤᠰᠴᠠᠢ᠃      ᠨᠤᠲᠤᠭ ᠲᠠᠭᠠᠨ ᠳᠠᠬᠢᠵᠤ ᠪᠤᠴᠠᠯ᠎ᠠ᠃ ᠲᠤᠯᠤᠢ ᠡᠵᠡᠨ ᠰᠢᠲᠦᠭᠡᠨ ᠤᠪᠤᠭ᠎ᠠ ᠨᠢ ᠬᠤᠯᠠ ᠠᠴᠠ ᠲᠡᠭᠦᠨ ᠢ ᠤᠭᠲᠤᠨ ᠠᠪᠤᠯ᠎ᠠ᠃ ᠬᠠᠰᠢ ᠯᠠ ᠡᠯᠢᠭᠡᠨ ᠬᠠᠯᠠᠭᠤᠨ ᠨᠤᠲᠤᠭ ᠭᠡᠵᠦ ᠡᠭᠡᠯᠢᠲᠡᠢ ᠳᠤᠯᠠᠭᠠᠨ ᠬᠡᠪ ᠢᠶᠠᠷ ᠢᠶᠠᠨ ᠪᠠᠶᠢᠪᠠ᠃ ᠨᠡᠶᠢᠲᠡ ᠶᠢᠨ ᠬᠥᠳᠡᠯᠮᠦᠷᠢ ᠳᠤ ᠳᠠᠲᠠᠭᠳᠠᠨ ᠶᠠᠪᠤᠯ᠎ᠠ᠃ ᠲᠡᠭᠦᠨ ᠤ ᠬᠠᠭᠤᠴᠢᠨ ᠪᠤᠭᠴᠤᠨ ᠳᠤ ᠤᠬᠢᠶᠠᠵᠤ ᠠᠷᠴᠢᠬᠤ ᠳᠥᠭᠦᠮ ᠬᠡᠷᠡᠭᠰᠡᠯ ᠢ ᠭᠠᠷᠭᠠᠪᠠᠯ ᠪᠦᠷ ᠯᠠ ᠪᠢᠷ᠂ ᠴᠠᠭᠠᠰᠤ᠂ ᠲᠤᠯᠢ ᠪᠢᠴᠢᠭ᠂ ᠦᠯᠢᠭᠡᠷ ᠤᠨ ᠥᠩᠭᠡᠭᠳᠡᠭᠰᠡᠨ ᠨᠤᠮ  ᠤᠳ᠃ ᠬᠡᠨ ᠪᠥᠬᠦᠨ ᠲᠠᠢ ᠵᠤᠭᠤᠭᠳᠠᠬᠤ ᠶᠠᠷᠢᠶ᠎ᠠ ᠬᠥᠭᠡᠷᠦᠭᠡ ᠲᠡᠭᠦᠨ ᠳᠤ ᠦᠭᠡᠢ᠃ ᠵᠥᠪᠬᠡᠨ ︽ᠴᠠᠰᠤᠲᠤ ᠤᠢ  ᠳᠤ︾ ᠶᠢᠨ ᠪᠠᠶᠢᠯᠳᠤᠭᠴᠢᠳ᠂ ︽ᠲᠠᠯ᠎ᠠ ᠶᠢᠨ ᠲᠦᠳᠡᠭ︾ ᠤᠨ ᠫᠠᠷᠲ᠋ᠢᠽᠠᠨᠴᠤᠳ ᠤᠨ ᠠᠮᠢᠳᠤᠷᠠᠯ ᠲᠡᠮᠡᠴᠡᠯ ᠲᠡᠭᠦᠨ  ᠢ ᠪᠠᠭ᠋ᠠᠷᠠᠭᠤᠯᠤᠨ ᠬᠥᠲᠥᠯᠵᠥ ᠨᠢᠭᠡᠮᠦᠰᠦᠨ ᠲᠡᠷᠡ ᠤᠷᠴᠢᠨ ᠲᠤᠭᠤᠷᠢᠨ᠂ ᠲᠡᠳᠡᠭᠡᠷ ᠬᠦᠮᠦᠰ ᠤᠨ ᠳᠤᠮᠳᠠ ᠤᠷᠤᠭᠰᠠᠨ ᠮᠡᠲᠦ ᠪᠣᠯᠭᠠᠵᠤ ᠲᠡᠷᠡ ᠨᠤᠮ ᠤᠳ ᠢ ᠭᠢᠲᠠᠳ ᠢᠶᠠᠷ ᠲᠤᠭᠤᠯᠬᠤ ᠳᠠᠭᠠᠨ ᠲᠠᠭᠠᠷᠠᠯᠳᠤᠭᠰᠠᠨ ᠤᠯᠠᠨ ᠤᠷᠤᠭ᠎ᠠ ᠭᠦᠴᠢᠷ ᠦᠭᠡᠰ ᠢ ᠲᠤᠯᠢ ᠪᠢᠴᠢᠭ ᠢᠶᠠᠷ ᠪᠠᠭᠰᠢᠯᠠᠭᠤᠯᠤᠨ ᠨᠢᠭᠡ ᠲᠠᠯ᠎ᠠ ᠪᠠᠷ ᠢᠶᠠᠨ ᠦᠰᠦᠭ ᠰᠤᠷᠴᠤ ᠨᠥᠭᠦᠭᠡ ᠲᠠᠯ᠎ᠠ ᠪᠠᠷ  ᠢᠶᠠᠨ ᠦᠯᠢᠭᠡᠷ ᠤᠨ ᠳᠠᠯᠠᠢ ᠳᠤ ᠠᠶᠠᠯᠠᠳᠠᠭ ᠪᠣᠯᠪᠠ᠃      ᠶᠠᠭᠠᠬᠢᠭᠰᠠᠨ ᠰᠠᠶᠢᠬᠠᠨ ᠵᠤᠬᠢᠶᠠᠯ ᠤᠳ ᠪᠤᠢ︕ ᠪᠢ ᠶᠠᠭᠠᠬᠢᠪᠠᠯ ᠨᠢᠭᠡ ᠵᠤᠬᠢᠶᠠᠯᠴᠢ ᠪᠣᠯᠴᠢᠬᠠᠳᠠᠭ ᠪᠣᠯ︖ ᠭᠡᠰᠡᠨ ᠬᠦᠰᠡᠯ ᠲᠡᠭᠦᠨ ᠢ ᠴᠠᠭ ᠢᠮᠠᠭᠲᠠ ᠬᠥᠲᠥᠯᠥᠨ ᠨᠣᠶᠢᠷ ᠬᠤᠭᠤᠯᠠ ᠠᠴᠠ ᠨᠢ ᠪᠠᠶᠢᠨ ᠳᠠᠬᠢᠨ ᠰᠠᠯᠭᠠᠵᠤ ᠠᠪᠠᠴᠢᠳᠠᠭ ᠪᠠᠶᠢᠪᠠ᠃      ᠵᠠᠮᠨᠠᠯ             ᠰᠠᠵᠢᠯᠠᠵᠤ ᠪᠠᠶᠢᠭᠰᠠᠭᠠᠷ ᠬᠦᠷᠦᠨ᠎ᠡ             ᠰᠠᠨᠠᠵᠤ ᠪᠠᠶᠢᠭᠰᠠᠭᠠᠷ ᠪᠥᠲᠥᠨ᠎ᠡ                    — ᠰᠡᠴᠡᠨ ᠦᠭᠡ      ᠷᠢᠨᠴᠢᠨᠳᠤᠷᠵᠢ ᠦᠨᠡᠭᠡᠷ ᠨᠣᠮ ᠤᠨ ᠬᠤᠷᠤᠬᠠᠢ ᠶᠢᠨ ᠰᠦᠨᠡᠰᠦᠲᠡᠨ᠃ ᠠᠩᠬ᠎ᠠ ᠳᠤᠮᠳᠠᠳᠤ ᠪᠠᠨ ᠲᠡᠭᠦᠰᠭᠡᠵᠦ ᠬᠠᠷᠢᠵᠤ ᠢᠷᠡᠭᠡᠳ ᠮᠠᠯᠵᠢᠯ ᠤᠨ ᠬᠤᠷᠰᠢᠶᠠᠨ ᠤ ᠲᠤᠭ᠎ᠠ ᠪᠥᠷᠢᠳᠬᠡᠭᠴᠢ᠂ ᠶᠡᠭᠡ ᠪᠠᠷᠢᠭᠠᠳᠠ ᠶᠢᠨ ᠨᠢᠭᠲᠠᠯᠠᠨ ᠪᠣᠳᠣᠭᠴᠢ ᠶᠢᠨ ᠠᠯᠪᠠᠨ ᠳᠤ ᠲᠠᠭᠤᠭᠳᠠᠨ ᠬᠠᠮᠢᠭ᠎ᠠ ᠬᠦᠷᠪᠡᠴᠦ ᠶᠡᠷᠦ ᠳᠡᠭᠡᠨ ᠨᠣᠮ ᠰᠤᠳᠤᠷ ᠠᠴᠠ ᠰᠠᠯᠬᠤ ᠦᠭᠡᠢ ᠪᠠᠶᠢᠬᠤᠯᠠᠷ ᠭᠦᠩᠱᠧ ᠠᠴᠠ ᠲᠡᠭᠦᠨ ᠢ ᠦᠨᠡᠭᠡᠷ ᠪᠢᠴᠢᠭ ᠤᠨ ᠤᠪᠤᠭᠠᠨ ᠳᠤᠨᠢ ᠤᠶᠢᠷᠠᠲᠤᠭᠤᠯᠵᠤ᠂ ᠠᠷᠠᠳ ᠤᠨ ᠰᠤᠷᠭᠠᠭᠤᠯᠢ ᠶᠢᠨ ᠪᠠᠭᠰᠢ ᠶᠢᠨ ᠠᠯᠪᠠᠨ ᠳᠤ ᠳᠤᠬᠢᠷᠠᠭᠤᠯᠪᠠ᠃ ᠡᠨᠡ ᠪᠣᠯ 1963 ᠣᠨ ᠤ ᠰᠢᠵᠢᠷ ᠠᠯᠲᠠᠨ ᠨᠠᠮᠤᠷ  ᠤᠨ ᠤᠯᠠᠷᠢᠯ ᠤᠨ ᠤᠴᠢᠷ ᠪᠠᠶᠢᠯ᠎ᠠ᠃ ᠲᠡᠷᠡ ᠪᠤᠯᠤᠮᠵᠢᠨ ᠳᠤ ᠷᠢᠨᠴᠢᠨᠳᠤᠷᠵᠢ ᠭᠤᠸᠠᠢ ᠺᠢᠷᠢᠯ ᠦᠰᠦᠭ ᠰᠤᠷᠴᠤ ᠴᠠᠭᠠᠰᠢᠯᠠᠨ ᠤᠷᠤᠰ᠂ ᠠᠩᠭ᠍ᠯᠢ ᠦᠰᠦᠭ ᠢ ᠳᠥᠰᠥᠭᠡᠯᠡᠨ᠂ ᠲᠥᠪᠡᠳ ᠠᠪᠠᠬ᠎ᠠ ᠶᠢ ᠴᠦ ᠤᠷᠤᠯᠳᠤᠵᠤ ᠦᠵᠡᠪᠡ᠃ ᠰᠤᠶᠤᠯ ᠰᠤᠷᠤᠨ᠎ᠠ ᠭᠡᠳᠡᠭ ᠵᠥᠪᠬᠡᠨ ᠨᠢᠭᠡ ᠬᠤᠶᠠᠷ ᠦᠨᠳᠦᠰᠦᠲᠡᠨ ᠤ ᠦᠰᠦᠭ ᠪᠢᠴᠢᠭ ᠳᠡᠭᠡᠷ᠎ᠡ ᠪᠣᠭᠤᠭᠳᠠᠵᠤ ᠪᠣᠯᠬᠤ ᠦᠭᠡᠢ ᠭᠡᠳᠡᠭ ᠢ ᠲᠡᠷᠡ ᠭᠠᠶᠢᠬᠠᠯᠲᠠᠢ ᠤᠬᠠᠭᠠᠷᠠᠵᠤ ᠬᠡᠦᠬᠡᠳ ᠤᠳ ᠲᠤ ᠬᠢᠴᠢᠶᠡᠯ ᠤᠷᠤᠬᠤ ᠳᠠᠰᠢᠷᠠᠮ ᠳᠠᠭᠠᠨ ᠳᠤᠬᠠᠢ ᠶᠢᠨ ᠦᠶ᠎ᠡ ᠳᠤ ᠬᠤᠪᠣᠷ ᠣᠯᠳᠠᠬᠤ ᠬᠠᠷᠢ ᠬᠡᠯᠡᠨ ᠤ ᠨᠣᠮ ᠤᠳ ᠢ ᠰᠤᠭᠤᠪᠴᠢᠯᠠᠨ ᠡᠷᠭᠢᠴᠡᠵᠦ ᠰᠢᠮᠡᠲᠡᠢ ᠰᠤᠷᠴᠤ ᠪᠠᠶᠢᠪᠠ᠃      ︽ᠬᠦᠶ᠋ᠢ᠂ ᠪᠥᠲᠥᠨ ᠭᠡᠷ ᠬᠡᠩᠰᠢᠭᠦᠦ ᠲᠠᠯᠪᠢᠴᠢᠬᠠᠯ᠎ᠠ᠃ ᠷᠢᠨᠴᠢᠨ ᠶᠠᠭᠤ ᠪᠠᠨ ᠬᠢᠵᠦ ᠪᠠᠶᠢᠳᠠᠭ ᠶᠤᠮ︖︾      ︽ᠦᠭᠡᠢ︕ ᠡᠨᠡ ᠨᠢᠯᠬ᠎ᠠ ᠬᠢᠮᠤᠷᠠᠭᠰᠠᠨ ᠪᠣᠯᠣᠯᠲᠠᠢ᠃ ᠡᠷᠲᠡᠬᠡᠨ ᠶᠠᠪᠤᠵᠤ ᠡᠮᠴᠢ ᠳᠠᠭᠤᠳᠠᠳᠠᠭ ᠦᠭᠡᠢ ᠭᠡᠭᠴᠢ︕︾      ︽ᠰᠦᠮᠦᠰᠦ ᠭᠠᠷᠭᠠᠳᠠᠭ ᠠᠮᠤ ᠴᠦ ᠪᠠᠷᠠᠭᠳᠠᠯ᠎ᠠ᠃ ᠬᠤᠷᠳᠤᠨ ᠶᠠᠪᠤᠵᠤ ᠣᠯᠵᠣ ᠢᠷᠡᠬᠦ ᠪᠢᠵᠡ᠂ ᠬᠥᠳᠡᠯᠬᠦ ᠦᠭᠡᠢ ᠰᠠᠭᠤᠭᠠᠳ ᠪᠠᠶᠢᠳᠠᠭ ᠴᠢᠨᠢ ᠁︾      ᠡᠨᠡ ᠪᠣᠯ ᠬᠠᠳᠠᠮ ᠡᠬᠡ ᠶᠢᠨ ᠬᠢᠨᠢ ᠳᠠᠭᠤ᠃ ᠪᠦᠰᠡᠭᠦᠢ ᠨᠢ ᠠᠩᠬᠠᠨ ᠤ ᠬᠡᠦᠬᠡᠳ ᠢᠶᠠᠨ ᠰᠠᠷ᠎ᠠ ᠳᠤ ᠰᠠᠭᠤᠬᠤ  ᠳᠤ ᠮᠠᠨ ᠤ ᠷᠢᠨᠴᠢᠨ ᠭᠤᠸᠠᠢ ᠮᠠᠨᠠᠵᠤ ᠬᠠᠷᠠᠬᠤ ᠳᠠᠭᠠᠨ ᠪᠣᠯᠬᠤ ᠦᠭᠡᠢ ᠦᠰᠦᠭ ᠴᠠᠭᠠᠰᠤ ᠤᠪᠤᠭᠠᠯᠠᠵᠤ ᠮᠤᠩᠭᠠᠨᠢᠭᠠᠳ ᠵᠢᠮᠡᠯᠡᠯ ᠬᠦᠷᠲᠡᠭᠰᠡᠨ ᠦᠭᠡᠰ ᠤᠳ᠃ ︽ᠬᠤᠯᠤᠰᠤᠲᠤ ᠴᠠᠶᠢᠳᠠᠮ ᠤᠨ ᠬᠥᠭᠵᠢᠶᠡᠨ︾᠂ ︽ᠡᠯᠪᠡᠭ ᠬᠤᠷᠢᠶᠠᠯᠲᠠ ᠶᠢᠨ ᠳᠠᠭᠤᠯᠠᠯ︾ ᠵᠡᠷᠭᠡ ᠠᠪᠰᠠᠷᠬᠠᠨ ᠢᠷᠠᠭᠤ ᠰᠢᠯᠦᠭ ᠤᠳ ᠨᠢ ᠬᠤᠶᠢᠨ᠎ᠠ ᠬᠤᠶᠢᠨ᠎ᠠ ᠠᠴᠠ ᠪᠠᠨ ︽ᠥᠪᠥᠷ ᠮᠤᠩᠭᠤᠯ ᠤᠨ ᠡᠳᠦᠷ ᠤᠨ ᠰᠤᠨᠢᠨ︾ ᠳᠤ ᠨᠡᠶᠢᠲᠡᠯᠡᠭᠳᠡᠵᠦ ᠡᠬᠢᠯᠡᠬᠦ ᠳᠤ ᠲᠡᠭᠦᠨ ᠤ ᠴᠢᠷᠠᠢ ᠳᠤ ᠬᠦᠦ ᠲᠠᠢ ᠪᠤᠯᠤᠭᠰᠠᠨ ᠪᠠᠶᠠᠷ ᠠᠴᠠ ᠨᠢ ᠢᠯᠡᠭᠦᠦ ᠮᠦᠰᠢᠶᠡᠲᠦ ᠪᠢᠯᠬᠠᠵᠤ᠂ ᠠᠭᠤᠯᠵᠠᠭᠰᠠᠨ ᠪᠣᠯᠭᠠᠨ ᠳᠤ ᠤᠬᠠᠭᠤᠯᠬᠤ ᠶᠢᠨ ᠨᠠᠭᠠᠭᠤᠷ ᠬᠥᠭᠰᠡᠵᠦ ᠶᠠᠪᠤᠭᠰᠠᠨ᠃ ᠮᠡᠳᠡᠭᠡ᠂ ᠴᠢᠮᠡᠭᠡ ᠪᠢᠴᠢᠵᠦ ᠢᠯᠡᠭᠡᠪᠡ᠃ ᠰᠤᠨᠢᠨ ᠤ ᠬᠤᠷᠢᠶ᠎ᠠ ᠲᠡᠭᠦᠨ ᠳᠤ ᠴᠢᠮᠡᠭᠡᠯᠡᠭᠴᠢ ᠪᠠᠷ ᠡᠯᠰᠡᠭᠰᠡᠨ ᠤᠷᠢᠯᠭ᠎ᠠ ᠥᠭᠪᠡ᠃      ︽ᠰᠤᠶᠤᠯ ᠤᠨ ᠶᠡᠭᠡ ᠬᠤᠪᠢᠰᠬᠠᠯ︾ ᠢ ᠥᠩᠭᠡᠷᠡᠭᠡᠳ ᠪᠥᠬᠦ ᠥᠪᠥᠷ ᠮᠤᠩᠭᠤᠯ᠂ ᠡᠰᠡᠪᠡᠯ ᠶᠡᠭᠡ ᠵᠤᠤ ᠠᠶᠢᠮᠠᠭ᠂ ᠨᠡᠩ ᠳᠤᠷᠤᠭᠰᠢ ᠪᠠᠨ ᠤᠲᠤᠭ ᠬᠤᠰᠢᠭᠤᠨ ᠤ ᠬᠡᠪᠴᠢᠶᠡᠨ ᠳᠤ ᠮᠤᠩᠭᠤᠯ ᠬᠢᠲᠠᠳ ᠬᠡᠯᠡᠨ ᠳᠤ ᠨᠡᠪᠲᠡᠷᠡᠭᠰᠡᠨ ᠰᠤᠶᠤᠯᠲᠠᠢ ᠬᠦᠮᠦᠰ ᠤᠯᠳᠠᠬᠤ ᠳᠤ ᠲᠤᠩ ᠪᠡᠷᠬᠡᠲᠡᠢ ᠪᠤᠯᠵᠠᠢ᠃ ᠲᠤᠬᠠᠢ ᠶᠢᠨ ᠦᠶ᠎ᠡ ᠶᠢᠨ ︽ᠳ᠋ᠠᠵᠠᠢ  ᠠᠴᠠ ᠰᠤᠷᠤᠯᠴᠠᠬᠤ ᠠᠯᠪᠠᠨ ᠭᠡᠷ︾ ᠭᠡᠭᠴᠢ ᠳᠤ ᠬᠤᠶᠠᠷ ᠬᠡᠯᠡᠨ ᠤ ᠪᠢᠴᠢᠭ ᠮᠠᠲ᠋ᠧᠷᠢᠶᠠᠯ ᠢ ᠵᠡᠷᠭᠡ ᠪᠠᠷ ᠤᠷᠤᠯᠳᠤᠬᠤ ᠬᠦᠮᠦᠨ ᠪᠠᠴᠢᠮ ᠱᠠᠭᠠᠷᠳᠠᠭᠳᠠᠬᠤ ᠲᠤᠯᠠ ᠨᠡᠶᠢᠬᠡᠮ ᠳᠡᠭᠡᠷ᠎ᠡ ᠭᠠᠵᠠᠷ ᠪᠤᠯᠭᠠᠨ ᠠᠴᠠ ᠡᠷᠢᠵᠦ ᠰᠤᠷᠠᠭᠯᠠᠵᠤ ᠪᠠᠶᠢᠮᠠᠨ ᠰᠠᠶ᠋ᠢ ᠷᠢᠨᠴᠢᠨ ᠭᠤᠸᠠᠢ ᠶᠢ ᠤᠯᠵᠤ ᠰᠤᠷᠭᠠᠭᠤᠯᠢ ᠠᠴᠠ ᠨᠢ ᠰᠢᠯᠵᠢᠭᠦᠯᠦᠨ ᠵᠠᠰᠠᠭ ᠤᠨ ᠠᠵᠢᠯ ᠳᠤ ᠠᠪᠴᠢᠷᠠᠵᠤ ᠵᠠᠷᠤᠪᠠ᠃ ︽ᠨᠤᠮᠤᠬᠠᠨ ᠲᠡᠮᠡᠭᠡ ᠶᠢ ᠨᠤᠤᠯᠠᠬᠤ ᠳᠤ ᠠᠮᠠᠷ᠂ ᠨᠤᠤᠰᠤ ᠶᠢ ᠨᠢ ᠠᠪᠤᠭᠠᠳ ᠬᠡᠷᠡᠭᠯᠡᠬᠦ ᠳᠤ ᠠᠮᠠᠷ︾ ᠭᠡᠳᠡᠭᠴᠢᠯᠡᠨ ᠬᠠᠮᠢᠭ᠎ᠠ ᠭᠢᠲᠠᠳ ᠮᠤᠩᠭᠤᠯ ᠪᠢᠴᠢᠭ ᠤᠨ ᠬᠡᠷᠡᠭᠴᠡᠭᠡ ᠲᠤᠯᠭᠠᠮ᠎ᠠ ᠪᠠᠶᠢᠪᠠᠯ ᠷᠢᠨᠴᠢᠨ ᠭᠤᠸᠠᠢ ᠶᠢ ᠲᠡᠨᠳᠡ ᠳᠤᠬᠢᠷᠠᠭᠤᠯᠤᠨ ᠠᠵᠢᠯᠯᠠᠭᠤᠯᠳᠠᠭ᠃      ᠲᠡᠷᠡ ᠤᠷᠢᠳ ᠬᠤᠵᠢᠳ ᠬᠤᠰᠢᠭᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ᠂ ᠤᠷᠴᠢᠭᠤᠯᠭ᠎ᠠ ᠶᠢᠨ ᠳᠤᠪᠴᠢᠶ᠎ᠠ᠂ ᠵᠠᠰᠠᠭ ᠤᠨ ᠤᠷᠳᠤᠨ ᠤ ᠠᠯᠪᠠᠨ ᠭᠡᠷ᠂ ᠳᠠᠩᠰᠠ ᠡᠪᠬᠡᠮᠡᠯ ᠤᠨ ᠳᠤᠪᠴᠢᠶ᠎ᠠ ᠵᠡᠷᠭᠡ ᠪᠠᠶᠢᠭᠤᠯᠭ᠎ᠠ ᠳᠤ ᠠᠵᠢᠯᠯᠠᠨ ᠳᠡᠳ᠋ ᠡᠷᠬᠢᠯᠡᠭᠴᠢ᠂ ᠳᠡᠳ᠋ ᠳᠤᠪᠴᠢᠶᠠᠨ ᠳᠠᠷᠤᠭ᠎ᠠ ᠶᠢᠨ ᠳᠤᠰᠢᠶᠠᠯ ᠢ ᠴᠦ ᠡᠭᠦᠷᠭᠡᠯᠡᠵᠦ ᠶᠠᠪᠤᠯ᠎ᠠ ᠭᠡᠳ ᠠᠮᠠᠷᠠᠭ ᠬᠠᠨᠢ ᠰᠡᠴᠡᠨᠪᠠᠳᠮ᠎ᠠ ᠪᠤᠯᠤᠨ ᠠᠮᠢᠨ ᠥᠭᠡᠳᠡᠰᠦ ᠪᠤᠯᠤᠭᠰᠠᠨ ᠭᠤᠷᠪᠠᠨ ᠬᠦᠦ ᠨᠢᠭᠡ ᠥᠬᠢᠨ ᠳᠡᠭᠡᠨ ᠠᠵᠢᠯ ᠤᠯᠭᠤᠵᠤ ᠥᠭᠬᠦ ᠶᠢ ᠵᠤᠬᠢᠶᠠᠨ ᠪᠠᠶᠢᠭᠤᠯᠤᠯᠲᠠ ᠳᠤ ᠭᠠᠭᠴᠠ ᠦᠭᠡ ᠴᠦ ᠴᠤᠬᠤᠶᠢᠯᠭᠠᠭᠰᠠᠨ ᠦᠭᠡᠢ᠃ ᠨᠢᠭᠡ ᠬᠦᠮᠦᠨ ᠤ ᠨᠢᠮᠭᠡᠨ ᠴᠠᠯᠢᠩ ᠳᠠᠭᠠᠨ ᠳᠦᠰᠢᠭᠯᠡᠨ ︽ᠬᠤᠪᠢᠰᠬᠠᠯ ᠤᠨ ᠠᠵᠢᠯ︾ ᠳᠤ ᠠᠰᠪᠤᠷ ᠰᠢᠯᠤᠭᠤᠨ᠂ ᠠᠭᠠᠯᠢ ᠡᠶᠡᠯᠳᠡᠭ ᠢᠶᠠᠷ ᠨᠠᠰᠤᠨ ᠤ ᠪᠠᠨ ᠶᠡᠭᠡ ᠬᠠᠭᠠᠰ ᠢ ᠵᠤᠷᠢᠭᠤᠯᠵᠤ ᠢᠷᠡᠭᠰᠡᠨ ᠨᠢ ᠨᠡᠭᠡᠷᠡᠨ ᠪᠢᠰᠢᠷᠡᠯᠲᠡᠢ᠃      1986 ᠣᠨ ᠳᠤ ᠳᠡᠭᠡᠷ᠎ᠡ ᠠᠴᠠ ᠤᠷᠤᠨ ᠨᠤᠲᠤᠭ ᠤᠨ ᠲᠡᠦᠬᠡ ᠤᠶᠢᠯᠠᠯᠭ᠎ᠠ ᠪᠢᠴᠢᠭᠦᠯᠬᠦ ᠶᠢ ᠴᠢᠩᠭ᠎ᠠ ᠱᠠᠭᠠᠷᠳᠠᠵᠤ ᠡᠬᠢᠯᠡᠭᠰᠡᠨ ᠳᠤ ᠬᠤᠰᠢᠭᠤ ᠵᠠᠰᠠᠭ ᠤᠨ ᠤᠷᠳᠤᠨ ᠲᠡᠷᠡ ᠳᠠᠷᠤᠢ ᠳᠤᠨᠢ ᠠᠯᠪᠠᠨ ᠭᠡᠷ ᠪᠠᠶᠢᠭᠤᠯᠵᠤ ᠷᠢᠨᠴᠢᠨ ᠪᠠᠭᠰᠢ ᠶᠢ ᠲᠤᠰ ᠠᠯᠪᠠᠨ ᠭᠡᠷ ᠤᠨ ᠡᠷᠬᠢᠯᠡᠭᠴᠢ ᠪᠠᠷ ᠲᠤᠮᠢᠯᠠᠨ ᠭᠤᠤᠯᠯᠠᠨ ᠨᠠᠶᠢᠷᠠᠭᠤᠯᠬᠤ ᠠᠵᠢᠯ ᠢ ᠬᠠᠷᠢᠭᠤᠴᠠᠭᠤᠯᠵᠠᠢ᠃ ᠲᠡᠷᠡ ᠲᠤᠬᠠᠢ ᠷᠢᠨ᠊ ᠪᠠᠭᠰᠢ ᠡᠷᠭᠢᠴᠡᠭᠦᠯᠬᠦ ᠳᠡᠭᠡᠨ᠄ ︽ᠠᠩᠬ᠎ᠠ ᠡᠬᠢᠯᠡᠭᠡᠳ ᠡᠶᠢᠮᠦ ᠨᠢᠭᠡᠨ ᠠᠯᠪᠠᠨ ᠭᠡᠷ ᠢ ᠴᠦ ᠪᠤᠯ ᠭᠠᠷᠭᠠᠴᠢᠬᠠᠯ᠎ᠠ᠃ ᠴᠤᠬᠤᠮ ᠨᠤᠲᠤᠭ ᠤᠨ ᠲᠡᠦᠬᠡ ᠶᠢᠨ ᠠᠯᠢ ᠭᠡᠰᠡᠭ᠂ ᠬᠠᠮᠢᠭ᠎ᠠ ᠠᠴᠠ ᠨᠢ ᠡᠬᠢᠯᠡᠵᠦ ᠪᠢᠴᠢᠬᠦ ᠶᠢ ᠬᠡᠨ ᠴᠦ ᠤᠨᠤᠬᠤ ᠦᠭᠡᠢ᠃ ᠬᠡᠪ ᠵᠢᠱᠢᠶ᠎ᠡ ᠪᠤᠯᠤᠮᠠᠷ ᠯᠠᠪᠯᠠᠯᠲᠠ ᠪᠠᠰᠠ ᠦᠭᠡᠢ᠃ ᠢᠩᠬᠢᠭᠡᠳ ᠬᠤᠶᠠᠷ ᠵᠢᠯ ᠥᠩᠭᠡᠷᠡᠴᠢᠭᠡᠯ᠎ᠡ᠃ ᠲᠠᠯᠠᠭᠠᠷ ᠰᠠᠭᠤᠭᠠᠳ ᠪᠠᠶᠢᠳᠠᠭ ᠪᠠᠰᠠ ᠪᠢᠰᠢ᠃ ᠪᠢ ᠨᠢᠭᠡ ᠫᠷᠤᠭ᠍ᠷᠠᠮ ᠰᠢᠭ᠋ ᠶᠠᠭᠤᠮ᠎ᠠ ᠭᠠᠷᠳᠠᠨ ᠪᠢᠴᠢᠯ᠎ᠡ᠃ ᠮᠠᠨ ᠤ ᠬᠢᠨ ᠤ ᠰᠠᠨᠠᠯ ᠨᠢᠭᠡᠳᠬᠦ ᠦᠭᠡᠢ᠃ ᠵᠠᠷᠢᠮ ᠨᠢ ᠬᠠᠷᠢᠭᠤ ᠮᠡᠳᠡᠭᠦᠯᠦᠯᠲᠡ ᠶᠢᠨ ᠮᠠᠲ᠋ᠧᠷᠢᠶᠠᠯ ᠮᠠᠶ᠋ᠢᠭ ᠢᠶᠠᠷ ᠪᠢᠴᠢᠨ᠎ᠡ ᠭᠡᠨ᠎ᠡ᠃ ᠲᠡᠭᠡᠵᠦ ᠪᠠᠶᠢᠲᠠᠯ᠎ᠠ ᠥᠪᠥᠷ ᠮᠤᠩᠭᠤᠯ ᠳᠤ ᠪᠤᠯᠤᠭᠰᠠᠨ ᠲᠡᠦᠬᠡ ᠤᠶᠢᠯᠠᠯᠭ᠎ᠠ ᠶᠢᠨ ᠲᠤᠬᠠᠢ ᠬᠤᠷᠠᠯ ᠳᠡᠭᠡᠷ᠎ᠡ ᠬᠠᠷᠢᠨ ᠮᠢᠨᠤ ᠪᠢᠴᠢᠭᠰᠡᠨ ᠫᠷᠤᠭ᠍ᠷᠠᠮ ᠶᠡᠭᠡ ᠦᠨᠡᠯᠡᠯᠲᠡ ᠤᠯᠵᠤ᠂ ᠮᠠᠨ ᠤ ᠬᠤᠰᠢᠭᠤ ᠶᠢ ᠰᠠᠶᠢᠰᠢᠶᠠᠭᠰᠠᠨ ᠢᠶᠠᠷ ᠪᠠᠷᠠᠬᠤ ᠦᠭᠡᠢ ᠪᠢ ᠴᠦ ᠡᠨᠡ ᠠᠵᠢᠯ ᠢ ᠤᠳᠤ ᠪᠠᠷ ᠢᠶᠠᠨ ᠬᠢᠭᠡᠳ ᠭᠠᠷᠭᠠᠴᠢᠬᠠᠮᠠᠷ ᠵᠤᠷᠢᠭᠵᠢᠭᠰᠠᠨ ᠶᠤᠮ︾ ᠭᠡᠵᠦ ᠶᠠᠷᠢᠭᠰᠠᠨ ᠶᠤᠮ᠃      ᠪᠡᠶᠡᠯᠡᠯ             ᠰᠠᠭᠠᠷ ᠬᠦᠮᠦᠨ ᠨᠤᠲᠤᠭ ᠲᠠᠭᠠᠨ ᠤᠭᠤᠯᠢ             ᠰᠠᠶᠢᠨ ᠬᠦᠮᠦᠨ ᠨᠤᠲᠤᠭ ᠲᠠᠭᠠᠨ ᠠᠭᠤᠯᠠ                      — ᠵᠦᠢᠷ ᠦᠭᠡ      ︽ᠠᠪᠢᠶᠠᠰ ᠪᠢᠯᠢᠭ ᠭᠡᠵᠦ ᠲᠥᠷᠥᠯᠬᠢ ᠪᠠᠶᠢᠳᠠᠭ ᠪᠢᠰᠢ᠃ ᠶᠡᠷᠡ ᠶᠢᠰᠦᠨ ᠬᠤᠪᠢ ᠶᠢᠨ ᠴᠢᠷᠮᠠᠶᠢᠯᠭ᠎ᠠ ᠳᠡᠭᠡᠷ᠎ᠡ ᠨᠢᠭᠡ ᠬᠤᠪᠢ ᠶᠢᠨ ᠲᠥᠷᠥᠯᠬᠢ ᠴᠢᠳᠠᠪᠤᠷᠢ ᠶᠢ ᠨᠡᠮᠡᠪᠡᠯ ᠳᠠᠷᠤᠢ ᠠᠪᠢᠶᠠᠰ ᠪᠢᠯᠢᠭᠳᠡᠨ ᠪᠣᠯᠳᠠᠭ︾ ᠭᠡᠵᠦ ᠠᠶᠢᠨᠰᠲ᠋ᠧᠨ ᠬᠡᠯᠡᠵᠦ ᠪᠢᠯᠡ᠃ ᠷᠢᠨᠴᠢᠨᠳᠤᠷᠵᠢ ᠪᠠᠭᠰᠢ ᠶᠢᠨ ᠤᠳᠠᠭᠠᠨ ᠵᠢᠯ ᠤᠨ ᠴᠥᠬᠦᠷᠡᠯ ᠦᠭᠡᠢ ᠤᠷᠤᠯᠳᠤᠯᠭ᠎ᠠ ᠨᠢ ᠡᠴᠦᠰ  ᠲᠡᠭᠡᠨ ᠲᠡᠭᠦᠨ ᠤ ᠬᠦᠰᠡᠯ ᠢ ᠭᠠᠵᠠᠷᠳᠠᠭᠤᠯᠤᠭᠰᠠᠨ ᠦᠭᠡᠢ ᠮᠥᠷᠲᠡᠭᠡᠨ ᠬᠠᠷᠢᠨ ᠡᠷᠭᠦᠵᠦ ᠲᠡᠷᠭᠡᠯᠰᠢᠭᠦᠯᠦᠯ᠎ᠡ᠃ ᠬᠤᠯᠠ ᠤᠶᠢᠷ᠎ᠠ ᠶᠢᠨ ᠲᠠᠨᠢᠵᠤ ᠮᠡᠳᠡᠳᠡᠭ ᠬᠦᠮᠦᠰ ᠪᠦᠷ ᠲᠡᠭᠦᠨ ᠢ ︽ᠠᠮᠢᠳᠤ ᠲᠤᠯᠢ︾ ᠭᠡᠵᠦ ᠳᠤᠲᠤᠨᠤᠴᠢᠯᠠᠨ ᠳᠠᠭᠤᠳᠠᠳᠠᠭ᠃ ᠭᠢᠲᠠᠳ ᠪᠢᠴᠢᠭᠳᠡᠨ ᠬᠦᠮᠦᠰ ᠴᠦ ᠲᠡᠭᠦᠨ ᠤ ᠰᠤᠶᠤᠯ ᠤᠨ ᠭᠦᠨᠴᠡ ᠶᠢ ᠱᠠᠭᠰᠢᠷᠠᠨ᠄ ︽ᠯᠤᠤ ᠷᠢᠨ᠊ ᠪᠢᠴᠢᠭᠰᠡᠨ ᠵᠦᠢᠯ ᠳᠤ ᠪᠢᠷ ᠳᠦᠷᠦᠬᠦ ᠭᠠᠵᠠᠷ ᠤᠯᠳᠠᠳᠠᠭ ᠦᠭᠡᠢ︾ ᠭᠡᠵᠦ ᠭᠠᠷ ᠰᠠᠵᠢᠨ ᠨᠢᠳᠦ ᠪᠦᠯᠲᠡᠭᠡᠨᠡᠭᠦᠯᠳᠡᠭ᠃      ᠲᠡᠷᠡ 1988 ᠣᠨ ᠤ ᠬᠠᠪᠤᠷ ᠤᠲᠤᠭ ᠬᠤᠰᠢᠭᠤᠨ ᠤ ᠰᠤᠶᠤᠯ ᠤᠨ ᠳᠤᠪᠴᠢᠶ᠎ᠠ ᠠᠴᠠ ᠵᠤᠬᠢᠶᠠᠨ ᠪᠠᠶᠢᠭᠤᠯᠵᠤ ᠡᠷᠬᠢᠯᠡᠭᠰᠡᠨ ︽ᠤᠷᠳᠤᠰ ᠮᠤᠩᠭᠤᠯᠴᠤᠳ ᠤᠨ ᠲᠠᠯ᠎ᠠ ᠨᠤᠲᠤᠭ ᠤᠨ ᠦᠵᠡᠰᠭᠦᠯᠡᠩ︾ ᠭᠡᠬᠦ ᠳᠡᠯᠭᠡᠨ ᠦᠵᠡᠭᠦᠯᠦᠯᠭᠡ ᠶᠢᠨ ᠪᠥᠬᠦ ᠪᠢᠴᠢᠭ ᠲᠠᠶᠢᠯᠪᠤᠷᠢ ᠶᠢ ᠪᠢᠴᠢᠨ ᠭᠠᠷᠭᠠᠵᠤ᠂ ᠪᠡᠭᠡᠵᠢᠩ ᠤᠨ ᠦᠨᠳᠦᠰᠦᠲᠡᠨ ᠤ ᠰᠤᠶᠤᠯ  ᠤᠨ ᠤᠷᠳᠤᠨ ᠳᠤ ᠳᠡᠯᠭᠡᠨ ᠦᠵᠡᠭᠦᠯᠬᠦ ᠳᠡᠭᠡᠨ ᠲᠤᠬᠠᠢ ᠶᠢᠨ ᠲᠠᠯᠠᠪᠢ ᠳᠤᠨᠢ ᠬᠦᠷᠴᠦ ᠵᠢᠯᠤᠭᠤᠳᠤᠨ ᠲᠠᠨᠢᠯᠴᠠᠭᠤᠯᠤᠭᠠᠳ ᠰᠤᠶᠤᠯ ᠤᠨ ᠶᠠᠮᠤᠨ ᠤ ᠦᠨᠳᠦᠷ ᠦᠨᠡᠯᠡᠯᠲᠡ ᠶᠢ ᠬᠦᠷᠲᠡᠭᠰᠡᠨ ᠢᠶᠠᠷ ᠪᠠᠷᠠᠬᠤ ᠦᠭᠡᠢ ᠤᠯᠠᠭᠠᠠᠭᠦᠦ᠂ ᠪᠠᠨᠴᠢᠠᠠᠷᠳᠡᠨᠢ ᠵᠡᠷᠭᠡ ᠲᠦᠷᠦ ᠶᠢᠨ ᠤᠳᠤᠷᠢᠳᠬᠤ ᠬᠦᠮᠦᠰ ᠲᠠᠢ ᠴᠦ ᠪᠠᠷᠠᠳᠠᠭᠰᠠᠨ ᠪᠠᠶᠢᠨ᠎ᠠ᠃ ᠡᠨᠡ ᠰᠠᠭᠤᠷᠢᠨ ᠳᠡᠭᠡᠷ᠎ᠡ ᠲᠡᠷᠡ ︽ᠤᠷᠳᠤᠰ ᠮᠤᠩᠭᠤᠯᠴᠤᠳ ᠤᠨ ᠰᠤᠶᠤᠯ ᠤᠨ ᠵᠠᠩ ᠦᠢᠯᠡ︾ ᠬᠡᠮᠡᠬᠦ ᠬᠢᠲᠠᠳ᠂ ᠮᠤᠩᠭᠤᠯ᠂ ᠠᠩᠭ᠍ᠯᠢ ᠭᠤᠷᠪᠠᠨ ᠬᠡᠯᠡᠨ ᠤ ᠲᠠᠶᠢᠯᠪᠤᠷᠢ ᠲᠠᠢ ᠵᠢᠷᠤᠭᠲᠤ ᠨᠤᠮ ᠢ ᠭᠤᠤᠯᠯᠠᠨ ᠨᠠᠶᠢᠷᠠᠭᠤᠯᠵᠤ᠂ ᠳᠤᠮᠳᠠᠳᠤ ᠤᠯᠤᠰ ᠤᠨ ᠦᠨᠳᠦᠰᠦᠲᠡᠨ ᠤ ᠭᠡᠷᠡᠯ ᠵᠢᠷᠤᠭ ᠤᠷᠠᠯᠢᠭ ᠤᠨ ᠬᠡᠪᠯᠡᠯ ᠤᠨ ᠬᠤᠷᠢᠶ᠎ᠠ ᠠᠴᠠ ᠬᠡᠪᠯᠡᠭᠦᠯᠵᠦ ᠭᠠᠷᠭᠠᠪᠠ᠃ ᠷᠢᠨᠴᠢᠨ ᠪᠠᠭᠰᠢ ᠭᠤᠤᠯ ᠨᠠᠶᠢᠷᠠᠭᠤᠯᠤᠭᠴᠢ ᠶᠢᠨ ᠬᠤᠪᠢ ᠳᠤ ᠬᠠᠮᠲᠤ ᠠᠵᠢᠯᠯᠠᠭᠰᠠᠳ ᠲᠠᠢ ᠪᠠᠨ ᠰᠢᠷᠭᠠᠭᠤ ᠬᠠᠲᠠᠭᠤᠵᠢᠯᠲᠠᠢ ᠪᠠᠷ 15 ᠰᠠᠷ᠎ᠠ ᠠᠵᠢᠯᠯᠠᠭᠠᠳ᠂ 110 ᠲᠥᠮᠡᠨ ᠦᠰᠦᠭ ᠲᠠᠢ ᠮᠤᠨᠳᠠᠭ ᠲᠤᠮᠤ ︽ᠤᠲᠤᠭ ᠬᠤᠰᠢᠭᠤᠨ ᠤ ᠤᠶᠢᠯᠠᠯᠭ᠎ᠠ︾ ︵ᠬᠢᠲᠠᠳ ᠬᠡᠪᠯᠡᠯ︶ ᠶᠢ 1993 ᠣᠨ ᠳᠤ ᠬᠡᠪᠯᠡᠭᠦᠯᠦᠨ ᠭᠠᠷᠭᠠᠵᠤ ᠤᠯᠠᠨ ᠡᠷᠳᠡᠮᠲᠡᠳ ᠤᠨ ᠠᠩᠬᠠᠷᠤᠯ ᠢ ᠳᠠᠲᠠᠭᠰᠠᠨ ᠪᠠ ᠨᠡᠶᠢᠬᠡᠮ ᠳᠡᠭᠡᠷ᠎ᠡ ᠲᠤᠶᠢᠯ ᠤᠨ ᠶᠡᠭᠡ ᠳᠤᠩᠰᠤᠯᠤᠯᠲᠠ ᠡᠭᠦᠰᠭᠡᠪᠡ᠃ ᠡᠨᠡ ᠨᠢ ᠪᠥᠬᠦ ᠤᠷᠤᠨ ᠤ ᠬᠡᠪᠴᠢᠶᠡᠨ ᠳᠠᠬᠢ ᠬᠤᠰᠢᠭᠤ ᠱᠠᠲᠤᠨ ᠤ ᠠᠩᠬᠠᠳᠠᠭᠴᠢ ᠲᠡᠦᠬᠡ ᠤᠶᠢᠯᠠᠯᠭ᠎ᠠ ᠶᠢᠨ ᠨᠤᠮ ᠪᠤᠯᠬᠤᠷ 1994 ᠣᠨ ᠳᠤ ᠶᠡᠭᠡ ᠵᠤᠤ ᠠᠶᠢᠮᠠᠭ ᠤᠨ ᠳᠥᠷᠪᠡᠳᠦᠭᠡᠷ ᠬᠤᠭᠤᠴᠠᠭᠠᠨ ᠤ ᠨᠡᠶᠢᠬᠡᠮ ᠤᠨ ᠰᠢᠨᠵᠢᠯᠡᠬᠦ ᠤᠬᠠᠭᠠᠨ ᠤ ᠰᠢᠯᠢᠳᠡᠭ ᠵᠤᠬᠢᠶᠠᠯ ᠪᠦᠲᠦᠭᠡᠯ ᠤᠨ ᠱᠠᠩᠨᠠᠯ ᠢ ᠤᠯᠵᠤ᠂ 1998 ᠣᠨ ᠳᠤ ᠠᠩᠬᠠᠳᠤᠭᠠᠷ ᠤᠳᠠᠭᠠᠨ ᠤ ︽ᠥᠪᠥᠷ ᠮᠤᠩᠭᠤᠯ ᠤᠨ ᠤᠷᠤᠨ ᠨᠤᠲᠤᠭ ᠤᠨ ᠤᠶᠢᠯᠠᠯᠭ᠎ᠠ︾ ᠶᠢᠨ ᠬᠤᠶᠠᠳᠤᠭᠠᠷ ᠲᠡᠰ ᠤᠨ ᠱᠠᠩᠨᠠᠯ ᠢ ᠳᠤᠰᠤᠭᠰᠠᠨ ᠪᠠᠶᠢᠨ᠎ᠠ᠃ 1997 ᠣᠨ ᠳᠤ ᠷᠢᠨᠴᠢᠨᠳᠤᠷᠵᠢ ᠪᠠᠭᠰᠢ ᠪᠥᠬᠦ ᠤᠷᠤᠨ ᠤ ︽ᠨᠤᠲᠤᠭ ᠤᠨ ᠤᠶᠢᠯᠠᠯᠭ᠎ᠠ  ᠶᠢ ᠪᠢᠴᠢᠬᠦ ᠠᠵᠢᠯ ᠤᠨ ᠲᠡᠷᠢᠭᠦᠨ ᠤ ᠬᠤᠪᠢ ᠬᠦᠮᠦᠨ︾ ᠢᠶᠠᠷ ᠬᠥᠬᠢᠭᠦᠯᠦᠭᠳᠡᠵᠦ ᠭᠤᠷᠪᠠᠳᠤᠭᠠᠷ ᠲᠡᠰ ᠤᠨ ᠭᠠᠪᠢᠶ᠎ᠠ ᠲᠡᠮᠲᠡᠭᠯᠡᠭᠦᠯᠦᠭᠰᠡᠨ ᠪᠠᠶᠢᠨ᠎ᠠ᠃ ᠲᠡᠭᠦᠨ ᠤ ᠨᠠᠶᠢᠷᠠᠭᠤᠯᠤᠭᠰᠠᠨ ︽ᠮᠤᠩᠭᠤᠯ ᠦᠭᠡ ᠰᠤᠷᠬᠤ ᠭᠤᠷᠪᠠᠨ ᠵᠠᠭᠤᠨ ᠦᠭᠦᠯᠡᠪᠦᠷᠢ︾ ᠭᠡᠬᠦ ᠳᠤᠲᠤᠭᠠᠳᠤ ᠬᠡᠪᠯᠡᠯ ᠤᠨ ᠨᠤᠮ ᠨᠢ ᠲᠤᠰ ᠬᠤᠰᠢᠭᠤᠨ ᠳᠠᠭᠠᠨ ᠮᠢᠩᠭᠠᠨ ᠳᠡᠪᠲᠡᠷ ᠲᠠᠷᠬᠠᠭᠠᠭᠳᠠᠭᠠᠳ ᠥᠯᠥ ᠬᠥᠷᠥᠯᠴᠡᠨ᠂ ᠠᠶᠢᠮᠠᠭ ᠤᠨ ᠦᠨᠳᠦᠰᠦᠲᠡᠨ ᠤ ᠬᠡᠷᠡᠭ ᠡᠷᠬᠢᠯᠡᠬᠦ ᠳᠤᠪᠴᠢᠶ᠎ᠠ ᠪᠠᠰᠠ ᠨᠢᠭᠡ ᠮᠢᠩᠭᠠᠨ ᠳᠡᠪᠲᠡᠷ ᠬᠡᠪᠯᠡᠨ᠂ ᠰᠢᠭᠤᠳ ᠬᠠᠷᠢᠶ᠎ᠠ ᠪᠠᠶᠢᠭᠤᠯᠭ᠎ᠠ ᠬᠢᠭᠡᠳ ᠡᠯ᠎ᠡ ᠬᠤᠰᠢᠭᠤ ᠰᠢᠶᠠᠨ ᠳᠤ ᠳᠠᠷᠬᠠᠭᠠᠪᠠ᠃ ᠡᠨᠡ ᠨᠢ ᠥᠷᠭᠡᠨ ᠤᠯᠠᠨ ᠬᠢᠲᠠᠳ ᠦᠨᠳᠦᠰᠦᠲᠡᠨ ᠤ ᠺᠠᠳ᠋ᠷᠴᠤᠳ ᠤᠨ ᠬᠠᠯᠠᠭᠤᠨ ᠬᠦᠷᠢᠶᠡᠯᠡᠯ ᠢ ᠤᠯᠵᠠᠢ᠃ ᠲᠡᠭᠦᠨ  ᠤ ᠪᠢᠴᠢᠭᠰᠡᠨ ︽ᠮᠤᠩᠭᠤᠯ ᠭᠢᠲᠠᠳ ᠬᠡᠯᠡᠴᠡ ᠶᠢᠨ ᠳᠤᠪᠴᠢ ᠲᠤᠯᠢ︾ ᠶᠢ ᠥᠪᠥᠷ ᠮᠤᠩᠭᠤᠯ ᠤᠨ ᠰᠤᠷᠭᠠᠨ ᠬᠦᠮᠦᠵᠢᠯ ᠤᠨ ᠬᠡᠪᠯᠡᠯ ᠤᠨ ᠬᠤᠷᠢᠶᠠᠨ ᠠᠴᠠ ᠵᠢᠩᠬᠢᠨᠢ ᠪᠠᠷ ᠬᠡᠪᠯᠡᠭᠦᠯᠦᠨ ᠳᠠᠷᠬᠠᠭᠠᠪᠠ᠃ ᠡᠨᠡ ᠨᠢ ᠮᠠᠨ ᠤ ᠤᠯᠤᠰ  ᠲᠤ ᠡᠶᠢᠮᠦᠷᠬᠦᠦ ᠬᠡᠯᠡᠴᠡ ᠶᠢᠨ ᠲᠤᠯᠢ ᠪᠢᠴᠢᠭ ᠠᠯᠠᠭ᠎ᠠ ᠪᠠᠶᠢᠭᠰᠠᠨ ᠬᠤᠭᠤᠰᠤᠨ ᠵᠠᠢ ᠶᠢ ᠨᠥᠬᠦᠪᠥᠷᠢᠯᠡᠭᠰᠡᠨ ᠶᠤᠮ᠃ ᠲᠡᠷᠡ ᠪᠠᠰᠠ ᠪᠤᠰᠤᠳ ᠲᠠᠢ ᠬᠠᠮᠲᠤᠷᠠᠨ ︽ᠤᠲᠤᠭ ᠬᠤᠰᠢᠭᠤᠨ ᠤ ᠲᠡᠦᠬᠡ ᠶᠢᠨ ᠳᠤᠷᠠᠰᠬᠠᠯᠲᠤ ᠵᠦᠢᠯᠡᠰ ᠤᠨ ᠤᠶᠢᠯᠠᠯᠭ᠎ᠠ︾ ᠶᠢ ᠭᠠᠷᠳᠠᠨ ᠪᠢᠴᠢᠵᠦ ᠬᠡᠪᠯᠡᠭᠦᠯᠦᠭᠰᠡᠨ ᠢᠶᠠᠷ ᠪᠠᠷᠠᠬᠤ ᠦᠭᠡᠢ ᠤᠲᠤᠭ ᠬᠤᠰᠢᠭᠤᠨ ᠤ ᠲᠡᠦᠬᠡ ᠶᠢᠨ ᠳᠤᠷᠠᠰᠬᠠᠯᠲᠤ ᠵᠦᠢᠯᠡᠰ ᠲᠤ ᠬᠤᠯᠪᠤᠭ᠎ᠠ ᠲᠠᠢ ᠠᠭᠤᠢ᠂ ᠤᠪᠤᠭ᠎ᠠ ᠤᠷᠤᠳ᠂ ᠰᠥᠮ᠎ᠡ ᠬᠡᠶᠢᠳ᠂ ᠵᠤᠭᠠᠴᠠᠯ ᠤᠨ ᠭᠠᠵᠠᠷ ᠤᠨ ᠭᠢᠲᠠᠳ ᠮᠤᠩᠭᠤᠯ ᠬᠤᠶᠠᠷ ᠬᠡᠯᠡᠨ ᠤ ᠲᠠᠨᠢᠯᠴᠠᠭᠤᠯᠭ᠎ᠠ ᠨᠤᠭᠤᠳ ᠲᠡᠭᠦᠨ ᠤ ᠭᠠᠷ ᠢᠶᠠᠷ ᠭᠠᠷᠤᠭᠰᠠᠨ ᠦᠭᠡᠢ ᠵᠦᠢᠯ ᠭᠡᠵᠦ ᠪᠠᠷᠤᠭ ᠦᠭᠡᠢ ᠠᠵᠠᠢ᠃ ᠲᠡᠷᠡ ᠲᠡᠦᠬᠡ ᠤᠶᠢᠯᠠᠯᠭ᠎ᠠ ᠪᠢᠴᠢᠬᠦ ᠮᠥᠷᠲᠡᠭᠡᠨ ᠳᠠᠰᠢᠷᠠᠮ ᠳᠠᠭᠠᠨ ᠡᠷᠳᠡᠮ ᠰᠢᠨᠵᠢᠯᠡᠭᠡᠨ ᠤ ᠰᠤᠳᠤᠯᠭᠠᠨ ᠬᠢᠵᠦ ᠶᠡᠭᠡ ᠠᠷᠪᠢᠨ ᠦᠨ᠎ᠡ ᠴᠡᠨ᠎ᠡ ᠲᠠᠢ ᠦᠭᠦᠯᠡᠯ ᠤᠳ ᠨᠢ ᠤᠷᠤᠨ ᠬᠢᠭᠡᠳ ᠤᠯᠤᠰ ᠤᠨ ᠰᠤᠨᠢᠨ ᠰᠡᠳᠬᠦᠯ ᠳᠡᠭᠡᠷ᠎ᠡ ᠳᠡᠪᠰᠢᠭᠦᠯᠦᠭᠳᠡᠨ ᠨᠡᠶᠢᠲᠡᠯᠡᠭᠳᠡᠭᠰᠡᠨ ᠶᠤᠮ᠃ ᠨᠡᠩ ᠴᠦ ᠵᠠᠯᠠᠭᠤ ᠨᠢᠭᠡᠨ ᠦᠶ᠎ᠡ ᠶᠢᠨ ᠬᠢᠨ ᠲᠡᠭᠦᠨ ᠢ ᠪᠠᠭᠰᠢ ᠪᠤᠯᠭᠠᠵᠤ ︽ᠪᠠᠷᠢᠬᠤ︾ ᠳᠤᠷᠠᠲᠠᠢ᠃ ᠨᠠᠮ᠂ ᠵᠠᠰᠠᠭ᠂ ᠪᠠᠶᠢᠭᠤᠯᠭ᠎ᠠ ᠶᠢᠨ ᠤᠯᠠᠨ ᠠᠷᠪᠢᠨ ᠮᠠᠲ᠋ᠧᠷᠢᠶᠠᠯ ᠰᠠᠯᠳᠠ ᠶᠢ ᠤᠷᠴᠢᠭᠤᠯᠬᠤ ᠳᠠᠭᠠᠨ ᠵᠢᠯᠤᠭᠤᠳᠤᠮᠵᠢ ᠠᠪᠬᠤ ᠪᠠᠷ ᠬᠦᠰᠡᠮᠵᠢᠯᠡᠪᠡᠯ ᠲᠡᠷᠡ ᠤᠭᠲᠤ ᠳᠠᠲᠠᠭᠠᠯᠵᠠᠯ ᠦᠭᠡᠢ ᠪᠠᠷ ᠭᠠᠷ ᠲᠠᠬᠢ ᠠᠵᠢᠯ ᠢᠶᠠᠨ ᠴᠠᠭᠠᠰᠢ ᠪᠠᠨ ᠲᠠᠯᠪᠢᠵᠤ᠂ ᠲᠤᠩ ᠨᠠᠷᠢᠨ ᠬᠢᠨᠠᠮᠠᠭᠠᠢ ᠪᠠᠷ ᠬᠠᠪᠰᠤᠷᠤᠨ ᠵᠢᠯᠤᠭᠤᠳᠴᠤ ᠬᠢᠨᠠᠨ ᠥᠭᠳᠡᠭ᠃      ᠲᠡᠭᠦᠨ ᠤ ᠪᠢᠴᠢᠭᠰᠡᠨ ᠨᠣᠮ᠂ ᠵᠣᠬᠢᠶᠠᠯ᠂ ᠦᠭᠦᠯᠡᠯ᠂ ᠲᠠᠶᠢᠯᠪᠤᠷᠢ᠂ ᠤᠷᠴᠢᠭᠤᠯᠭ᠎ᠠ᠂ ᠲᠧᠯᠸᠢᠰ ᠨᠠᠶᠢᠷᠠᠭᠤᠯᠤᠯ ᠵᠡᠷᠭᠡ ᠨᠢ ᠮᠠᠨ ᠤ ᠮᠤᠩᠭᠤᠯ ᠰᠤᠶᠤᠯ ᠤᠨ ᠡᠷᠳᠡᠨᠢ ᠶᠢᠨ ᠰᠠᠩ ᠳᠤ ᠰᠢᠵᠢᠷ ᠠᠯᠲᠠ ᠪᠤᠯᠤᠨ ᠭᠢᠯᠠᠯᠵᠠᠵᠤ ᠤᠯᠤᠰ᠂ ᠤᠷᠤᠨ ᠴᠢᠨᠠᠭᠰᠢᠯᠠᠪᠠᠯ ᠳᠡᠯᠡᠬᠡᠢ ᠶᠢᠨ ᠮᠤᠩᠭᠤᠯ ᠰᠤᠶᠤᠯ ᠳᠤ ᠳᠠᠷᠬᠠᠨ ᠬᠠᠨᠳᠢᠪ ᠪᠤᠯᠤᠨ ᠬᠠᠭᠤᠳᠠᠰᠤᠯᠠᠭᠳᠠᠬᠤ ᠶᠤᠰᠤᠲᠠᠢ᠃ 1999 ᠣᠨ ᠤ 5 ᠰᠠᠷ᠎ᠠ ᠳᠤ ᠳᠡᠯᠡᠬᠡᠢ ᠶᠢᠨ ᠰᠤᠶᠤᠯ ᠤᠨ ᠨᠡᠷᠡᠲᠦ ᠬᠦᠮᠦᠰ  ᠤᠨ ᠪᠥᠲᠥᠭᠡᠯ ᠤᠨ ︽ᠠᠯᠲᠠᠨ ᠬᠦᠷᠦᠭ ᠪᠠᠶᠢᠩᠭᠤ ᠬᠢᠬᠦ ᠪᠠᠶᠢᠭᠤᠯᠤᠮᠵᠢ︾᠂ ᠳᠤᠮᠳᠠᠳᠤ ᠤᠯᠤᠰ ᠤᠨ ᠳᠡᠯᠡᠬᠡᠢ ᠶᠢᠨ ᠨᠡᠷᠡᠲᠦ ᠬᠦᠮᠦᠰ ᠤᠨ ᠬᠦᠷᠢᠶᠡᠯᠡᠩ ᠤᠨ ᠬᠢᠨᠠᠨ ᠰᠢᠯᠭᠠᠷᠠᠭᠤᠯᠬᠤ ᠺᠤᠮᠢᠰ᠂ ᠪᠡᠭᠡᠵᠢᠩ ᠬᠤᠲᠠ ᠶᠢᠨ ᠨᠡᠷᠡᠲᠦ ᠬᠦᠮᠦᠰ  ᠤᠨ ᠰᠤᠳᠤᠯᠭᠠᠨ ᠤ ᠲᠥᠪ ᠠᠴᠠ ᠬᠠᠮᠲᠤᠷᠠᠨ ᠬᠢᠨᠠᠨ ᠰᠢᠯᠭᠠᠷᠠᠭᠤᠯᠤᠭᠠᠳ ᠷᠢᠨᠴᠢᠨᠳᠤᠷᠵᠢ ᠪᠠᠭᠰᠢ ᠳᠤ ︽ᠳᠡᠯᠡᠬᠡᠢ  ᠶᠢᠨ ᠰᠤᠶᠤᠯ ᠤᠨ ᠨᠡᠷᠡᠲᠦ ᠬᠦᠮᠦᠰ ᠤᠨ ᠱᠠᠩᠨᠠᠯ︾ ᠢ ᠤᠨᠴᠠᠯᠠᠨ ᠤᠯᠭᠤᠭᠰᠠᠨ ᠢᠶᠠᠷ ᠪᠠᠷᠠᠬᠤ ᠦᠭᠡᠢ ᠲᠡᠭᠦᠨ ᠤ ᠳᠤᠰᠬᠠᠢ ᠮᠡᠷᠭᠡᠵᠢᠯ ᠤᠨ ᠨᠡᠮᠡᠷᠢ ᠬᠠᠨᠳᠢᠪ ᠪᠤᠯᠤᠨ ᠦᠢᠯᠡ ᠠᠵᠢᠯᠯᠠᠭ᠎ᠠ ᠶᠢ ︽ᠳᠡᠯᠡᠬᠡᠢ ᠶᠢᠨ ᠰᠤᠶᠤᠯ ᠤᠨ ᠨᠡᠷᠡᠲᠦ ᠬᠦᠮᠦᠰ ᠤᠨ ᠲᠤᠯᠢ ᠪᠢᠴᠢᠭ︾ ᠲᠤ ᠤᠷᠤᠭᠤᠯᠵᠤ᠂ ᠲᠡᠭᠦᠨ ᠢ ᠲᠤᠰ ᠨᠤᠮ ᠤᠨ ᠤᠨᠴᠠ ᠤᠷᠢᠭᠰᠠᠨ ᠵᠥᠪᠯᠡᠭᠴᠢ ᠨᠠᠶᠢᠷᠠᠭᠤᠯᠤᠭᠴᠢ ᠭᠡᠰᠢᠭᠦᠨ ᠢᠶᠠᠷ ᠤᠷᠢᠭᠰᠠᠨ ᠶᠤᠮ᠃      ᠡᠳᠦᠭᠡ ᠲᠡᠷᠡ ᠮᠥᠨ ᠯᠠ ︽ᠤᠲᠤᠭ ᠬᠤᠰᠢᠭᠤᠨ ᠤ ᠤᠶᠢᠯᠠᠯᠭ᠎ᠠ︾ ᠶᠢᠨ 130 ᠲᠥᠮᠡᠨ ᠦᠰᠦᠭ ᠪᠦᠬᠦᠢ ᠮᠤᠩᠭᠤᠯ ᠬᠡᠪᠯᠡᠯ ᠢ ᠡᠷᠲᠡ ᠨᠢᠭᠡᠨ ᠡᠳᠦᠷ ᠬᠡᠪᠯᠡᠭᠦᠯᠦᠨ ᠭᠠᠷᠭᠠᠬᠤ ᠳᠤ ᠵᠢᠳᠬᠦᠬᠦ ᠶᠢᠨ ᠵᠠᠪᠰᠠᠷ ᠴᠢᠯᠦᠭᠡ ᠪᠠᠷ ᠢᠶᠠᠨ ︽ᠡᠷᠬᠡᠲᠦ ᠰᠤᠮᠤᠨ ᠤ ᠣᠶᠢᠯᠠᠯᠭ᠎ᠠ︾᠂ ︽ᠠᠷᠪᠠᠰ ᠰᠤᠮᠤᠨ ᠤ ᠤᠶᠢᠯᠠᠯᠭ᠎ᠠ︾ ᠪᠠ ᠮᠤᠩᠭᠤᠯᠴᠤᠳ ᠤᠨ ᠨᠡᠷ᠎ᠡ ᠶᠢᠨ ᠲᠤᠬᠠᠢ ᠰᠢᠨᠵᠢᠯᠡᠭᠡᠨ ᠤ ᠵᠤᠬᠢᠶᠠᠯ ᠤᠳ ᠢ ᠠᠮᠤᠰᠬᠢᠯ ᠦᠭᠡᠢ ᠲᠤᠭᠤᠷᠪᠢᠨ ᠪᠢᠴᠢᠵᠦ ᠪᠤᠢ᠃ ᠲᠡᠷᠡ ᠪᠣᠯ ︽ᠥᠪᠥᠷ ᠮᠤᠩᠭᠤᠯ ᠤᠨ ᠠᠷᠠᠳ ᠤᠨ ᠵᠠᠩ ᠦᠢᠯᠡ ᠶᠢ ᠰᠤᠳᠤᠯᠬᠤ ᠨᠡᠶᠢᠬᠡᠮᠯᠢᠭ︾ ᠤᠨ ᠭᠡᠰᠢᠭᠦᠨ᠂ ︽ᠤᠷᠳᠤᠰ ᠰᠤᠳᠤᠯᠭᠠᠨ  ᠤ ᠨᠡᠶᠢᠬᠡᠮᠯᠢᠭ︾ ᠤᠨ ᠬᠡᠷᠡᠭ ᠡᠷᠬᠢᠯᠡᠭᠴᠢ᠂ ᠮᠤᠩᠭᠤᠯ ᠬᠡᠯᠡ ᠪᠢᠴᠢᠭ ᠤᠨ ᠳᠡᠳ᠋ ᠬᠢᠨᠠᠨ ᠤᠷᠴᠢᠭᠤᠯᠤᠭᠴᠢ ︵ᠳᠡᠳ᠋ ᠫᠷᠤᠹᠧᠰᠰᠤᠷ︶ ᠶᠢᠨ ᠳᠤᠰᠢᠶᠠᠯ ᠬᠢᠭᠡᠳ ᠴᠤᠯᠠ ᠬᠡᠷᠬᠡᠮ ᠲᠠᠢ᠃ ᠲᠡᠭᠦᠨ ᠤ ᠨᠠᠰᠤ ᠬᠡᠳᠦᠶᠢᠪᠡᠷ ᠵᠢᠷᠠ ᠶᠢᠨ ᠳᠠᠪᠠᠭ᠎ᠠ  ᠶᠢ ᠠᠷᠤ ᠳᠠᠭᠠᠨ ᠤᠷᠬᠢᠭᠰᠠᠨ ᠴᠦ ᠨᠠᠮ ᠵᠠᠰᠠᠭ ᠠᠴᠠ ᠲᠡᠭᠦᠨ ᠤ ᠬᠤᠪᠤᠷ ᠡᠷᠳᠡᠮ᠂ ᠬᠤᠤᠰ ᠦᠭᠡᠢ ᠴᠢᠳᠠᠪᠤᠷᠢ ᠶᠢ ᠲᠤᠶᠢᠯ ᠢᠶᠠᠷ ᠴᠢᠬᠤᠯᠠᠴᠢᠯᠠᠵᠤ ᠠᠵᠢᠯ ᠠᠴᠠ ᠨᠢ ᠳᠠᠷᠬᠠᠯᠠᠬᠤ ᠦᠭᠡᠢ ᠪᠠᠷ ᠤᠭ ᠠᠵᠢᠯ ᠤᠨ ᠪᠠᠶᠢᠷᠢᠨ ᠳᠡᠭᠡᠷ᠎ᠡ ᠨᠢ ᠴᠢᠯᠦᠭᠡᠲᠡᠢ ᠬᠡᠷᠡᠭᠯᠡᠵᠦ ᠪᠠᠶᠢᠭᠰᠠᠭᠠᠷ᠃ ᠪᠢᠳᠠ ᠲᠡᠭᠦᠨ ᠤ ᠪᠢᠯᠢᠭ ᠨᠢ ᠬᠠᠷᠢᠬᠤ ᠦᠭᠡᠢ ᠪᠢᠷ ᠨᠢ ᠬᠠᠶᠠᠭᠳᠠᠬᠤ ᠦᠭᠡᠢ ᠤᠷᠲᠤ ᠨᠠᠰᠤᠯᠠᠵᠤ ᠤᠳᠠᠭᠠᠨ ᠵᠢᠷᠭᠠᠬᠤ ᠶᠢ ᠵᠦᠩᠨᠡᠨ ᠢᠷᠦᠭᠡᠶ᠎ᠡ︕      ᠤᠯᠳᠤᠢ ᠮᠢᠨᠤ ᠮᠤᠬᠤᠷ ᠪᠢᠷ ᠷᠢᠨᠴᠢᠨᠳᠤᠷᠵᠢ ᠪᠠᠭᠰᠢ ᠶᠢᠨ ᠠᠯᠳᠠᠷ ᠶᠡᠬᠡᠲᠦ ᠠᠷᠢᠭᠤᠨ ᠬᠦᠰᠡᠯ᠂ ᠵᠠᠮᠨᠠᠯ᠂ ᠪᠡᠶᠡᠯᠡᠯ ᠢ ᠠᠳᠡ ᠲᠡᠨᠳᠡ ᠠᠴᠠ ᠨᠢ ᠵᠥᠪᠬᠡᠨ ᠡᠮᠲᠡᠯᠡᠵᠦ ᠪᠢᠴᠢᠭᠯᠡᠭᠰᠡᠨ ᠲᠡᠳᠦᠢ ᠪᠤᠯᠪᠠ᠃ ᠶᠡᠭᠡ ᠬᠦᠮᠦᠨ ᠤ ᠠᠯᠳᠠᠷ  ᠢ ᠪᠠᠷᠠᠭᠤᠨ ᠤᠷᠤᠨ ᠮᠠᠷᠲᠠᠬᠤ ᠶᠤᠰᠤ ᠦᠭᠡᠢ᠃ ᠪᠠᠷᠠᠭᠤᠨ ᠤᠷᠤᠨ ᠳᠤ ᠡᠷᠳᠡᠨᠢ ᠶᠢᠨ ᠤᠨᠠᠭ᠎ᠠ ᠪᠠᠶᠢᠨ᠎ᠠ ᠭᠡᠳᠡᠭ ᠨᠢ ᠪᠠᠷᠠᠭᠤᠨ ᠤᠷᠤᠨ ᠤ ᠡᠷᠳᠡᠮᠲᠡᠨ ᠪᠠᠭᠰᠢ ᠷᠢᠨᠴᠢᠨᠳᠤᠷᠵᠢ ᠶᠢᠨ ᠬᠡᠯᠡᠭᠰᠡᠨ ᠦᠭᠡ ᠶᠤᠮ᠃
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ