ᠲᠤᠭᠳᠠᠬᠤ᠂ ᠮᠤᠩᠭᠤᠯ ᠦᠨᠳᠦᠰᠦᠳᠡᠨ᠂ ᠡᠷᠡᠭᠳᠡᠢ᠂ ᠤᠳᠤ ᠤᠳᠤᠭ ᠬᠤᠰᠢᠭᠤᠨ ᠤ ᠠᠷᠪᠠᠰ ᠰᠤᠮᠤ ᠶᠢᠨ | ᠪᠤᠯᠤᠩ ᠭᠠᠴᠠᠭᠠᠨ ᠳᠤ ᠰᠠᠭᠤᠵᠤ ᠪᠤᠢ᠃ | ᠲᠤᠭᠳᠠᠬᠤ 1950 ᠤᠨ ᠤ ᠬᠠᠪᠤᠷ ᠤᠤᠯ ᠤᠨ ᠴᠠᠪ ᠰᠤᠮᠤᠨ ᠤ ᠲᠠᠪᠰᠢᠯᠳᠠ ᠭᠠᠴᠠᠭᠠᠨ ᠳᠤ | ᠦᠯᠵᠡᠶᠢᠰᠠᠩ᠂ ᠳ᠋ᠤᠩᠭᠠᠷ ᠬᠤᠶᠠᠭᠤᠯᠨ ᠶᠢᠨ ᠠᠬᠠᠮᠠᠳ ᠭᠦᠪᠡᠭᠦᠨ ᠪᠤᠯᠤᠨ ᠵᠠᠶᠠᠭᠠᠵᠠᠢ᠃ ᠲᠡᠭᠦᠨ ᠢ ᠨᠢᠯᠬ᠎ᠠ ᠪᠠᠯᠴᠢᠷ | ᠪᠠᠶᠢᠬᠤ ᠳᠤ ᠲᠦᠷᠦᠭᠰᠡᠨ ᠠᠪᠤ ᠡᠵᠢ ᠨᠢ ᠵᠠᠯᠭᠠᠯᠳᠤᠭᠠᠪᠠᠷ ᠡᠪᠡᠳᠴᠢᠨ ᠢᠶᠠᠷ ᠨᠠᠰᠤ ᠪᠠᠷᠠᠭᠰᠠᠨ ᠪᠤᠯᠬᠤᠷ᠂ ᠨᠠᠭᠠᠴᠤ | ᠲᠤᠩᠷᠤᠪ ᠲᠤ ᠦᠷᠡᠴᠢᠯᠡᠭᠳᠡᠨ ᠦᠰᠴᠡᠢ᠃ ᠨᠠᠢᠮᠠᠨ ᠨᠠᠰᠤᠳᠠᠢ ᠳᠠᠭᠠᠨ ᠪᠤᠯᠤᠩ ᠤᠨ ᠰᠤᠷᠭᠠᠭᠤᠯᠢ ᠳᠤ ᠰᠤᠷᠤᠯᠴᠠᠵᠤ | ᠂ ᠶᠢᠰᠤᠨ ᠨᠠᠰᠤᠳᠠᠢ ᠳᠠᠭᠠᠨ ᠪᠠᠶᠠᠨᠳᠤᠯᠤᠭᠠᠢ ᠶᠢᠨ ᠪᠠᠭ᠎ᠠ ᠰᠤᠷᠭᠠᠭᠤᠯᠢ ᠳᠤ ᠰᠢᠯᠵᠢᠨ ᠰᠤᠷᠤᠯᠴᠠᠵᠤ᠂ ᠠᠷᠪᠠᠨ ᠨᠠᠰᠤ | ᠭᠦᠷᠦᠭᠡᠳ ᠠᠵᠤ ᠠᠮᠢᠳᠤᠷᠠᠯ ᠤᠨ ᠭᠦᠴᠢᠷᠳᠡᠯ ᠰᠢᠬᠠᠮᠳᠠᠯᠭ᠎ᠠ ᠠᠴᠠ ᠪᠤᠯᠵᠤ᠂ ᠰᠤᠷᠤᠯᠭ᠎ᠠ ᠭᠦᠮᠦᠵᠢᠯ ᠠᠴᠠ | ᠲᠤᠷᠭᠤᠨ ᠵᠤᠭᠰᠤᠵᠤ᠂ ᠭᠡᠷ ᠲᠡᠭᠡᠨ ᠬᠠᠷᠢᠵᠤ ᠬᠠᠮᠳᠤ ᠶᠢᠨ ᠮᠠᠯ ᠰᠦᠷᠦᠭ ᠢ ᠬᠠᠷᠢᠭᠤᠯᠵᠠᠢ᠃ | 1965 ᠤᠨ ᠳᠤ ᠠᠷᠪᠠᠨ ᠲᠠᠪᠤᠨ ᠨᠠᠰᠤᠳᠠᠢ ᠳᠠᠭᠠᠨ ᠪᠤᠯᠤᠩ ᠭᠠᠴᠠᠭᠠᠨ ᠳᠤ ᠬᠠᠮᠳᠤ ᠶᠢᠨ ᠲᠡᠮᠡᠭᠡᠨ | ᠰᠦᠷᠦᠭ ᠬᠠᠷᠢᠭᠤᠯᠬᠤ ᠠᠵᠢᠯ ᠳᠤ ᠲᠤᠭᠢᠷᠠᠵᠤ᠂ ᠪᠠᠷᠢᠭᠠᠳᠠ ᠶᠢᠨ ᠲᠡᠮᠡᠭᠡ ᠶᠢ ᠶᠠᠪᠠᠭᠠᠨ ᠢᠶᠠᠷ ᠨᠢᠭᠡ ᠵᠢᠯ | ᠬᠠᠷᠢᠭᠤᠯᠵᠠᠢ᠃ 1966 ᠤᠨ ᠳᠤ ᠬᠠᠮᠳᠤ ᠶᠢᠨ ᠠᠳᠤᠭᠤ ᠬᠠᠷᠢᠭᠤᠯᠬᠤ ᠠᠵᠢᠯ ᠳᠤ ᠲᠤᠭᠢᠷᠠᠵᠤ᠂ ᠲᠠᠭᠢᠭᠠᠳ | ᠪᠠᠰᠠ ᠪᠠᠶᠠᠨᠳᠤᠬᠤᠢ ᠶᠢᠨ ᠤᠰᠤᠨ ᠠᠰᠢᠭᠯᠠᠯᠳᠠ ᠶᠢᠨ ᠪᠠᠷᠢᠯᠭ᠎ᠠ ᠶᠢᠨ ᠭᠠᠵᠠᠷ ᠲᠦᠷᠪᠡᠨ ᠰᠠᠷ᠎ᠠ ᠡᠷᠦᠭᠡ ᠶᠢᠨ | ᠠᠵᠢᠯᠴᠢᠨ ᠢᠶᠠᠷ ᠭᠦᠳᠡᠯᠮᠤᠷᠢᠯᠡᠵᠡᠢ᠃ 1967 ᠤᠨ ᠠᠴᠠ ᠲᠠᠭᠢᠨ ᠪᠠᠷᠢᠭᠠᠳᠠ ᠶᠢᠨ ᠠᠳᠤᠭᠤᠴᠢᠨ ᠪᠤᠯᠵᠤ᠂ | 1982 ᠤᠨ ᠳᠤ ᠬᠠᠮᠳᠤ ᠶᠢᠨ ᠮᠠᠯ ᠰᠦᠷᠦᠭ ᠢ ᠬᠤᠪᠢ ᠡᠷᠦᠭᠡ ᠳᠤ ᠬᠤᠪᠢᠶᠠᠨ ᠦᠮᠴᠢᠯᠡᠭᠦᠯᠭᠦ ᠭᠦᠷᠳᠡᠯ᠎ᠡ ᠬᠠᠮᠳᠤ | ᠶᠢᠨ ᠠᠳᠤᠭᠤᠴᠢᠨ ᠪᠠᠶᠢᠵᠠᠢ᠃ 1983 ᠤᠨ ᠳᠤ ᠪᠡᠯᠴᠢᠭᠡᠷ ᠨᠤᠳᠤᠭ ᠢ ᠬᠤᠪᠢᠶᠠᠨ ᠡᠵᠡᠩᠨᠡᠭᠦᠯᠦᠭᠰᠡᠨ ᠠᠴᠠ | ᠦᠪᠡᠷ ᠤᠨ ᠮᠠᠯ᠂ ᠦᠪᠡᠷ ᠤᠨ ᠪᠡᠯᠴᠢᠭᠡᠷ ᠲᠠᠢ ᠪᠤᠯᠵᠤ᠂ ᠮᠤᠷᠢ᠂ ᠲᠡᠮᠡᠭᠡ᠂ ᠦᠭᠡᠷ᠂ ᠬᠤᠨᠢ᠂ ᠢᠮᠠᠭ᠎ᠠ ᠲᠠᠪᠤᠨ | ᠬᠤᠰᠢᠭᠤᠨ ᠮᠠᠯ ᠢ ᠪᠦᠷᠢᠯᠳᠦᠭᠦᠯᠦᠨ ᠡᠵᠡᠩᠨᠡᠵᠡᠢ᠃ ᠡᠭᠦᠨ ᠳᠤ ᠲᠡᠮᠡᠭᠡ ᠶᠢ ᠭᠤᠤᠯ ᠪᠤᠯᠭᠠᠨ ᠭᠦᠭᠵᠢᠭᠦᠯᠵᠡᠢ᠃ | ᠤᠴᠢᠷ ᠨᠢ ᠲᠤᠭᠳᠠᠬᠤ ᠪᠠᠭ᠎ᠠ ᠨᠠᠰᠤᠨ ᠳᠠᠭᠠᠨ ᠦᠨᠦᠴᠢᠷᠡᠵᠤ᠂ ᠨᠠᠭᠠᠴᠤ ᠶᠢᠨ ᠢᠶᠠᠨ ᠡᠭᠦᠳᠡᠨ ᠳᠤ ᠦᠰᠴᠦ᠂ | ᠨᠠᠭᠠᠴᠤ ᠶᠢᠨ ᠢᠶᠠᠨ ᠭᠠᠯ ᠭᠤᠯᠤᠮᠳᠠ ᠶᠢ ᠵᠠᠯᠭᠠᠮᠵᠢᠯᠠᠭᠰᠠᠨ ᠪᠤᠯᠬᠤᠷ᠂ ᠨᠠᠭᠠᠴᠤ ᠶᠢᠨ ᠢᠶᠠᠨ ᠲᠡᠮᠡᠭᠡ ᠶᠢ ᠡᠷᠭᠢᠮᠯᠡᠳᠡᠭ᠂ | ᠲᠡᠮᠡᠭᠡᠨ ᠤ ᠲᠠᠭᠢᠯᠭ᠎ᠠ ᠭᠢᠳᠡᠭ ᠤᠯᠠᠮᠵᠢᠯᠠᠯᠳᠤ ᠵᠠᠩ ᠵᠠᠩᠰᠢᠯ ᠢ ᠤᠯᠠᠮᠵᠢᠯᠠᠨ ᠠᠪᠤᠭᠰᠠᠨ ᠠᠴᠠ ᠪᠤᠯᠤᠭᠰᠠᠨ ᠶᠤᠮ᠃ | ᠦᠭᠡᠷᠡᠴᠢᠯᠡᠯᠳᠡ ᠨᠡᠭᠡᠭᠡᠯᠳᠡ ᠦᠷᠭᠡᠨ ᠲᠡᠯᠭᠡᠷ ᠭᠦᠨᠵᠡᠭᠡᠶᠢᠷᠡᠵᠤ᠂ ᠰᠤᠶᠤᠯ ᠵᠤᠭᠠᠴᠠᠯ ᠤᠨ ᠦᠢᠯᠡᠰ ᠶᠡᠭᠡᠪᠡᠷ | ᠭᠦᠭᠵᠢᠵᠤ᠂ ᠦᠨᠳᠦᠰᠦᠳᠡᠨ ᠤ ᠵᠠᠩ ᠦᠢᠯᠨ ᠶᠢ ᠠᠪᠤᠷᠠᠨ ᠬᠠᠮᠠᠭᠠᠯᠠᠬᠤ ᠶᠢᠨ ᠲᠦᠯᠦᠭᠡ᠂ ᠰᠢᠨ᠎ᠡ ᠡᠷᠡᠨ ᠠᠴᠠ | ᠨᠠᠰᠢ ᠲᠡᠮᠡᠭᠡᠨ ᠤ ᠲᠠᠭᠢᠯᠭ᠎ᠠ ᠶᠢᠨ ᠵᠠᠩ ᠦᠢᠯᠨ ᠶᠢ ᠰᠡᠷᠭᠦᠭᠡᠵᠤ᠂ ᠵᠢᠯ ᠪᠦᠷᠢ ᠶᠢᠨ ᠪᠢᠯᠢᠭ ᠤᠨ ᠤᠯᠠᠷᠢᠯ ᠤᠨ | ᠬᠤᠶᠠᠳᠤᠭᠠᠷ ᠰᠠᠷ᠎ᠠ ᠶᠢᠨ ᠬᠤᠶᠠᠷ ᠤᠨ ᠡᠳᠦᠷ ᠲᠡᠮᠡᠭᠡᠨ ᠤ ᠲᠠᠭᠢᠯᠭ᠎ᠠ ᠭᠢᠭᠦ ᠪᠤᠯᠵᠠᠢ᠃ ᠢᠯᠠᠩᠭᠤᠶ᠎ᠠ 2005 ᠤᠨ ᠤ | ᠲᠡᠮᠡᠭᠡᠨ ᠤ ᠲᠠᠭᠢᠯᠭ᠎ᠠ ᠶᠢ ᠦᠪᠡᠳᠡᠭᠰᠢ ᠶᠡᠭᠡᠪᠡᠷ ᠭᠢᠵᠤ᠂ ᠲᠡᠮᠡᠭᠡᠨ ᠲᠠᠭᠢᠯᠭ᠎ᠠ ᠭᠢᠭᠦ ᠮᠤᠩᠭᠤᠯ ᠤᠨ ᠰᠠᠶᠢᠬᠠᠨ | ᠤᠯᠠᠮᠵᠢᠯᠠᠯᠳᠤ ᠵᠠᠩ ᠵᠠᠩᠰᠢᠯ ᠪᠠᠶᠢᠭᠰᠠᠨ ᠢ ᠨᠡᠶᠢᠭᠡᠮ ᠲᠠᠶᠠᠭᠠᠷ ᠲᠤ ᠮᠡᠳᠡᠷᠡᠭᠦᠯᠵᠡᠢ᠃ ᠲᠤᠭᠳᠠᠬᠤ ᠲᠡᠮᠡᠭᠡᠨ ᠰᠦᠷᠦᠭ | ᠤᠨ ᠡᠭᠦᠯᠳᠡᠷ ᠤᠭᠰᠠᠭᠠᠨ ᠤ ᠰᠠᠶᠢᠵᠢᠷᠠᠭᠤᠯᠤᠯᠳᠠ ᠶᠢ ᠴᠢᠬᠤᠯᠠᠴᠢᠯᠠᠨ ᠦᠵᠡᠵᠤ᠂ ᠲᠤᠰᠤᠳᠤ ᠶᠢᠨ ᠭᠤᠤᠯ ᠤᠨ | ᠤᠯᠠᠭᠠᠨ ᠲᠡᠮᠡᠭᠡᠨ ᠤ ᠡᠭᠦᠯᠳᠡᠷ ᠢ ᠰᠢᠯᠢᠨ ᠪᠤᠶᠢᠵᠢᠭᠤᠯᠤᠭᠰᠠᠨ ᠪᠦᠭᠡᠳ 2006 ᠤᠨ ᠤ ᠬᠤᠶᠠᠳᠤᠭᠠᠷ ᠰᠠᠷ᠎ᠠ ᠶᠢᠨ | ᠬᠤᠶᠠᠷ ᠤᠨ ᠡᠳᠦᠷ ᠤᠨ ᠲᠡᠮᠡᠭᠡᠨ ᠲᠠᠭᠢᠯᠭ᠎ᠠ ᠶᠢ ᠲᠤᠭᠢᠶᠠᠯᠳᠤᠭᠤᠯᠤᠨ᠂ ᠲᠡᠮᠡᠭᠡᠴᠢᠨ ᠡᠷᠦᠭᠡ ᠲᠠᠢ ᠬᠤᠯᠪᠤᠭᠠᠯᠠᠵᠤ ︽ | ᠪᠤᠳᠤᠭᠤᠨ ᠪᠤᠶᠢᠯᠠᠯᠭᠠᠨ︾ ᠨᠡᠷᠡᠮᠵᠢᠳᠥ ᠲᠡᠮᠡᠭᠡᠨ ᠤ ᠦᠢᠯᠡᠰ ᠤᠨ ᠨᠡᠶᠢᠭᠡᠮᠯᠢᠭ ᠢ ᠡᠭᠦᠰᠭᠡᠨ ᠪᠠᠶᠢᠭᠤᠯᠵᠠᠢ᠃ | ᠢᠡᠭᠭᠢᠭᠡᠳ ᠤᠷᠳᠤᠰ ᠬᠤᠳᠠ ᠶᠢᠨ ᠲᠤᠳᠤᠷ᠎ᠠ ᠭᠠᠳᠠᠨᠠᠭᠢ ᠲᠡᠮᠡᠭᠡᠨ ᠤ ᠦᠢᠯᠡᠰ ᠤᠨ ᠨᠡᠶᠢᠭᠡᠮᠯᠢᠭ ᠤᠳ ᠲᠠᠢ | ᠨᠦᠭᠦᠷᠰᠡᠭ ᠬᠠᠷᠢᠯᠴᠠᠭ᠎ᠠ ᠪᠠᠶᠢᠭᠤᠯᠵᠤ᠂ ᠪᠠᠶᠠᠨᠨᠠᠭᠤᠷ ᠬᠤᠳᠠ᠂ ᠠᠯᠠᠱᠠ ᠠᠶᠢᠮᠠᠭ ᠵᠡᠷᠭᠡ ᠭᠠᠵᠠᠷ ᠤᠨ ᠲᠡᠮᠡᠭᠡᠨ ᠤ | ᠤᠷᠤᠯᠳᠤᠭᠠᠨ ᠪᠤᠯᠤᠨ ᠲᠡᠮᠡᠭᠡᠨ ᠪᠦᠮᠪᠦᠭᠡ ᠶᠢᠨ ᠤᠷᠤᠯᠳᠤᠭᠠᠨ ᠳᠤ ᠦᠷᠭᠦᠯᠵᠢ ᠤᠷᠤᠯᠴᠠᠵᠤ᠂ ᠤᠯᠠᠨ ᠤᠳᠠᠭ᠎ᠠ | ᠲᠡᠰ ᠲᠤ ᠤᠷᠤᠵᠤ᠂ ᠢᠷᠠᠭᠤ ᠠᠯᠳᠠᠷ ᠠᠪᠴᠢᠷᠠᠭᠰᠠᠨ ᠪᠠᠶᠢᠨ᠎ᠠ᠃ | 2006 ᠤᠨ ᠳᠤ ᠠᠯᠠᠱᠠ ᠠᠶᠢᠮᠠᠭ ᠲᠤ ᠪᠤᠯᠤᠭᠰᠠᠨ ᠤᠯᠠᠨ ᠤᠯᠤᠰ ᠤᠨ ᠲᠡᠮᠡᠭᠡᠨ ᠨᠠᠶᠢᠷ ᠤᠨ | ᠤᠷᠤᠯᠳᠤᠭᠠᠨ ᠳᠤ ᠲᠦᠮᠡᠨ ᠮᠧᠲᠷ ᠤᠨ ᠨᠢᠭᠡᠳᠦᠭᠡᠷ᠂ ᠲᠠᠪᠤᠨ ᠮᠢᠩᠭᠠᠨ ᠮᠧᠲᠷ ᠤᠨ ᠨᠢᠭᠡᠳᠦᠭᠡᠷ ᠪᠤᠯᠤᠨ ᠭᠤᠷᠪᠠᠨ | ᠮᠢᠩᠭᠠᠨ ᠮᠧᠲᠷ ᠤᠨ ᠨᠢᠭᠡᠳᠦᠭᠡᠷ ᠲᠤ ᠤᠷᠤᠵᠤ᠂ 2007 ᠤᠨ ᠳᠤ ᠡᠵᠡᠨ ᠬᠤᠷᠤᠭ᠎ᠠ ᠳᠤ ᠶᠠᠪᠤᠭᠳᠠᠭᠰᠠᠨ | ᠤᠷᠳᠤᠰ ᠬᠤᠳᠠ ᠶᠢᠨ ᠦᠨᠳᠦᠰᠦᠳᠡᠨ ᠤ ᠲᠠᠮᠢᠷ ᠤᠨ ᠤᠷᠤᠯᠳᠤᠭᠠᠨ ᠲᠡᠭᠡᠷ᠎ᠡ ᠭᠤᠷᠪᠠᠨ ᠮᠢᠩᠭᠠᠨ ᠮᠧᠲᠷ ᠤᠨ | ᠬᠤᠶᠠᠳᠤᠭᠠᠷ᠂ ᠲᠠᠪᠤᠨ ᠮᠢᠩᠭᠠᠨ ᠮᠧᠲᠷ ᠤᠨ ᠬᠤᠶᠠᠳᠤᠭᠠᠷ ᠲᠤ ᠤᠷᠤᠵᠠᠢ᠃ | 2008 ᠤᠨ ᠪᠠ 2009 ᠤᠨ ᠳᠤ ᠵᠢᠯ ᠲᠠᠷᠠᠭᠠᠯᠠᠨ ᠪᠠᠶᠠᠨᠨᠠᠭᠤᠷ ᠬᠤᠳᠠ ᠶᠢᠨ ᠲᠡᠮᠡᠭᠡᠨ ᠪᠦᠮᠪᠦᠭᠡ ᠶᠢᠨ | ᠤᠷᠤᠯᠳᠤᠭᠠᠨ ᠳᠤ ᠤᠷᠤᠯᠴᠠᠵᠤ᠂ ᠲᠡᠮᠡᠭᠡᠨ ᠰᠤᠶᠤᠯ ᠤᠨ ᠠᠭᠤᠯᠭ᠎ᠠ ᠶᠢ ᠪᠠᠶᠠᠯᠢᠭᠵᠢᠭᠤᠯᠵᠤ᠂ 2009 ᠤᠨ ᠳᠤ | ᠦᠪᠡᠷ ᠤᠨ ᠭᠡᠷ ᠲᠡᠭᠡᠨ ᠤᠷᠳᠤᠰ ᠬᠤᠳᠠ ᠶᠢᠨ ᠲᠡᠮᠡᠭᠡᠨ ᠪᠦᠮᠪᠦᠭᠡ ᠶᠢᠨ ᠤᠷᠤᠯᠳᠤᠭᠠᠨ ᠢ ᠡᠷᠭᠢᠯᠡᠵᠤ᠂ ᠠᠯᠠᠱᠠ᠂ | ᠪᠠᠶᠠᠨᠨᠠᠭᠤᠷ ᠤᠨ ᠠᠩᠭᠢ ᠤᠷᠢᠭᠳᠠᠨ ᠤᠷᠤᠯᠴᠠᠵᠤ᠂ ︽ᠪᠤᠳᠤᠭᠤᠨ ᠪᠤᠶᠢᠯᠠᠯᠭᠠᠨ︾ ᠨᠡᠶᠢᠭᠡᠮᠯᠢᠭ ᠤᠨ ᠠᠩᠭᠢ | ᠬᠤᠶᠠᠳᠤᠭᠠᠷ ᠨᠡᠷ᠎ᠡ ᠳᠤ ᠤᠷᠤᠵᠠᠢ᠃ | 2010 ᠤᠨ ᠳᠤ ᠤᠷᠳᠤᠰ ᠬᠤᠳᠠ ᠶᠢᠨ ᠦᠨᠳᠦᠰᠦᠳᠡᠨ ᠤ ᠲᠠᠮᠢᠷ ᠤᠨ ᠤᠷᠤᠯᠳᠤᠭᠠᠨ ᠳᠤ ᠮᠢᠩᠭᠠᠨ | ᠮᠧᠲᠷ ᠤᠨ ᠬᠤᠶᠠᠳᠤᠭᠠᠷ ᠲᠤ ᠤᠷᠤᠵᠤ᠂ 2012 ᠤᠨ ᠤ ᠬᠤᠶᠠᠳᠤᠭᠠᠷ ᠤᠳᠠᠭᠠᠨ ᠤ ᠤᠷᠳᠤᠰ ᠤᠨ ᠤᠯᠠᠨ | ᠤᠯᠤᠰ ᠤᠨ ᠨᠠᠭᠠᠳᠤᠮ ᠲᠡᠭᠡᠷ᠎ᠡ ᠨᠠᠢᠮᠠᠨ ᠮᠢᠩᠭᠠᠨ ᠮᠧᠲᠷ ᠤᠨ ᠨᠢᠭᠡᠳᠦᠭᠡᠷ᠂ ᠲᠠᠪᠤᠨ ᠮᠢᠩᠭᠠᠨ ᠮᠧᠲᠷ ᠤᠨ | ᠲᠦᠷᠪᠡᠳᠦᠭᠡᠷ ᠲᠤ ᠤᠷᠤᠵᠠᠢ᠃ 2012 ᠤᠨ ᠳᠤ ᠪᠠᠰᠠ ᠪᠠᠶᠠᠨᠨᠠᠭᠤᠷ ᠬᠤᠳᠠ ᠶᠢᠨ ᠲᠡᠮᠡᠭᠡᠨ ᠤ ᠤᠷᠤᠯᠳᠤᠭᠠᠨ ᠳᠤ | ᠤᠷᠤᠯᠴᠠᠵᠤ᠂ ᠭᠦᠴᠦ ᠵᠠᠯᠭᠠᠵᠤ ᠭᠦᠶᠦᠭᠦ ᠤᠷᠤᠯᠳᠤᠭᠠᠨ ᠤ ᠬᠤᠶᠠᠳᠤᠭᠠᠷ ᠲᠤ ᠤᠷᠤᠵᠠᠢ᠃ | ᠲᠤᠭᠳᠠᠬᠤ ᠲᠡᠮᠡᠭᠡᠨ ᠤ ᠦᠢᠯᠡᠰ ᠢ ᠭᠦᠭᠵᠢᠭᠦᠯᠵᠤ᠂ ᠲᠡᠮᠡᠭᠡᠨ ᠤ ᠭᠠᠯ ᠲᠠᠭᠢᠯᠭ᠎ᠠ ᠶᠢᠨ ᠵᠠᠩ ᠦᠢᠯᠨ ᠶᠢ ᠰᠡᠷᠭᠦᠭᠡᠵᠤ | ᠂ ᠲᠡᠮᠡᠭᠡᠨ ᠤ ᠰᠤᠶᠤᠯ ᠲᠠᠮᠢᠷ ᠤᠨ ᠠᠵᠢᠯᠯᠠᠭ᠎ᠠ ᠶᠢ ᠢᠳᠡᠪᠭᠢᠳᠡᠢ ᠦᠷᠨᠢᠭᠦᠯᠵᠤ ᠢᠷᠡᠭᠰᠡᠨ ᠠᠴᠠ 2010 ᠤᠨ ᠳᠤ | ᠦᠪᠡᠷᠳᠡᠭᠡᠨ ᠵᠠᠰᠠᠬᠤ ᠤᠷᠤᠨ ᠤ ᠬᠤᠶᠠᠳᠤᠭᠠᠷ ᠪᠦᠯᠦᠭ ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠭᠴᠢ | ᠪᠠᠷ ᠨᠡᠷᠡᠶᠢᠳᠦᠭᠳᠡᠵᠡᠢ᠃ | |