ᠡᠪᠤᠯ ᠠᠯᠠᠰᠢᠨ ᠬᠤᠨᠢ ᠶᠢ ᠬᠠᠰᠢᠶᠠᠯᠠᠠ ᠲᠡᠵᠢᠭᠡᠬᠦ ᠮᠡᠷᠭᠡᠵᠢᠯ ᠤᠨ ᠵᠠᠩᠭᠢᠯᠠᠭ᠎ᠠ
ᠨᠡᠶᠢᠲᠡᠯᠡᠭᠰᠡᠨ ᠴᠠᠭ᠄
2020/10/16
               ᠡᠪᠤᠯ ᠠᠯᠠᠰᠢᠨ ᠬᠤᠨᠢ ᠶᠢ ᠬᠠᠰᠢᠶᠠᠯᠠᠠ ᠲᠡᠵᠢᠭᠡᠬᠦ ᠮᠡᠷᠭᠡᠵᠢᠯ ᠤᠨ ᠵᠠᠩᠭᠢᠯᠠᠭ᠎ᠠ      ᠨᠢᠭᠡ᠂ ᠢᠵᠢ ᠪᠥᠷᠢᠳᠥᠭᠦᠯᠥᠭᠰᠡᠡ ᠮᠡᠷᠭᠡᠵᠢᠯ ᠨᠢ ᠠᠷᠠᠴᠢᠯᠠᠠ ᠲᠡᠵᠢᠭᠡᠬᠦ᠂ ᠭᠡᠮ ᠬᠢᠵᠢᠭ ᠢ ᠰᠡᠷᠭᠡᠶᠢᠯᠡᠡ ᠵᠠᠰᠠᠬᠤ ᠂ ᠡᠪᠡᠰᠥ ᠪᠣᠷᠳᠤᠭ᠎ᠠ ᠪᠣᠯᠪᠠᠰᠣᠷᠠᠭᠤᠯᠣᠠ ᠨᠠᠶᠢᠷᠠᠭᠤᠯᠬᠤ᠂ ᠬᠠᠰᠢᠶ᠎ᠠ ᠰᠠᠷᠠᠪᠴᠢ ᠵᠣᠬᠢᠶᠠᠵᠤ ᠪᠠᠶᠢᠭᠤᠯᠬᠤ᠂ ᠲᠡᠵᠢᠭᠡᠵᠥ ᠣᠰᠣᠯᠠᠬᠤ ᠪᠠᠭᠠᠵᠢ ᠭᠡᠷᠡᠭᠰᠡᠯ ᠢ ᠵᠣᠬᠢᠶᠠᠵᠣ ᠪᠠᠶᠢᠷᠢᠰᠢᠭᠤᠯᠬᠤ ᠵᠡᠷᠭᠡ ᠣᠯᠠᠠ ᠲᠥᠷᠥᠯ ᠤᠨ ᠠᠷᠭ᠎ᠠ ᠮᠡᠷᠭᠡᠵᠢᠯ ᠢ ᠵᠣᠬᠢᠰᠳᠠᠢ ᠣᠶᠠᠯᠳᠣᠭᠤᠯᠣᠠ ᠠᠰᠢᠭᠯᠠᠵᠤ᠂ ᠠᠰᠢᠬ ᠣᠷᠣᠯᠭ᠎ᠠ ᠶᠢ ᠬᠠᠮᠤᠭ ᠥᠡᠳᠥᠷ ᠲᠥᠪᠰᠢᠨ ᠳᠤ ᠬᠥᠷᠭᠡᠬᠦ ᠵᠣᠷᠢᠯᠭ᠎ᠠ ᠳᠤ ᠪᠠᠨ ᠬᠥᠷᠥᠨ᠎ᠡ᠃      ᠬᠤᠶᠠᠷ᠂ ᠬᠥᠢᠴᠡᠳ ᠬᠡᠮᠵᠢᠶᠡᠡ ᠤ ᠡᠪᠡᠰᠥ ᠪᠣᠷᠳᠤᠭ᠎ᠠ ᠨᠥᠭᠡᠴᠡᠯᠡᠡ ᠬᠠᠳᠠᠭᠠᠯᠠᠬᠤ ᠭᠡᠳᠡᠭ ᠨᠢ ᠬᠤᠨᠢ ᠲᠡᠵᠢᠭᠡᠬᠦ ᠡᠷᠥᠬᠡ ᠠᠯᠠᠰᠢᠨ ᠬᠤᠨᠢ ᠬᠠᠰᠢᠶᠠᠯᠠᠠ ᠲᠡᠵᠢᠭᠡᠬᠦ ᠲᠤᠭ᠎ᠠ ᠪᠠ ᠥᠢᠯᠡᠳᠪᠥᠷᠢᠯᠡᠯ ᠤᠨ ᠲᠥᠯᠥᠪᠯᠡᠭᠡ ᠪᠠᠨ ᠥᠡᠳᠥᠰᠥᠯᠡᠡ᠂ ᠬᠥᠢᠴᠡᠳ ᠬᠡᠮᠵᠢᠶᠡᠡ ᠤ ᠡᠪᠡᠰᠥ ᠪᠣᠷᠳᠤᠭ᠎ᠠ ᠪᠡᠯᠡᠳᠬᠡᠵᠥ᠂ ᠬᠥᠭᠡ ᠡᠪᠡᠰᠥ ᠪᠠ ᠲᠠᠷᠢᠮᠠᠯ ᠤᠨ ᠡᠰᠢ ᠰᠥᠷᠡᠯ ᠵᠡᠷᠭᠡ ᠶᠢ ᠬᠥᠢᠴᠡᠳ ᠡᠳ᠋ᠰᠢᠭᠦᠯᠥᠨ ᠠᠰᠢᠬᠯᠠᠵᠤ᠂ ᠬᠠᠰᠢᠶᠠᠯᠠᠠ ᠲᠡᠵᠢᠭᠡᠬᠦ ᠳᠤ ᠪᠠᠳᠣ ᠪᠠᠬᠢ ᠪᠣᠳᠠᠰ ᠤᠨ ᠰᠠᠭᠤᠷᠢ ᠲᠠᠢ ᠪᠣᠯᠭᠠᠨ᠎ᠠ᠃      ᠭᠤᠷᠪᠠ᠂ ᠴᠢᠨᠠᠷ ᠰᠢᠯᠢᠳᠡᠭ ᠭᠠᠷᠣᠯᠳᠠ ᠥᠡᠳᠥᠷ ᠲᠡᠵᠢᠭᠡᠯ ᠡᠪᠡᠰᠥ ᠲᠠᠷᠢᠬᠤ ᠨᠢ ᠬᠤᠨᠢ ᠲᠡᠵᠢᠭᠡᠬᠦ ᠡᠷᠥᠬᠡ ᠲᠣᠰ ᠭᠠᠵᠠᠷ ᠤᠨ ᠪᠠᠶᠢᠭᠠᠯᠢ ᠶᠢᠨ ᠨᠥᠬᠦᠴᠡᠯ ᠪᠠ ᠬᠠᠰᠢᠶᠠᠯᠠᠠ ᠲᠡᠵᠢᠭᠡᠬᠦ ᠲᠤᠭ᠎ᠠ ᠪᠠᠨ ᠥᠡᠳᠥᠰᠥᠯᠡᠡ᠂ ᠲᠥᠯᠥᠪᠯᠡᠭᠡ ᠲᠠᠢ ᠪᠠᠷ ᠰᠢᠯᠢᠳᠡᠭ ᠥᠡᠳᠥᠷ ᠭᠠᠷᠣᠯᠳᠠ ᠲᠠᠢ ᠲᠡᠵᠢᠭᠡᠯ ᠡᠪᠡᠰᠥ ᠲᠠᠷᠢᠵᠤ᠂ ᠪᠣᠷᠴᠠᠭ ᠤᠨ ᠢᠵᠠᠭᠤᠷ ᠤᠨ ᠡᠪᠡᠰᠥ ᠪᠠ ᠬᠥᠭᠡ ᠲᠠᠷᠣᠰᠢ ᠶᠢᠨ ᠡᠪᠡᠰᠥ ᠶᠢ ᠭᠤᠣᠯᠴᠢᠯᠠᠠ ᠲᠠᠷᠢᠵᠤ᠂ ᠬᠤᠨᠢᠨ ᠤ ᠲᠡᠵᠢᠭᠡᠯᠭᠡ ᠶᠢᠨ ᠥᠪᠡᠷ ᠤᠨ ᠥᠷᠳᠡᠭ ᠢ ᠪᠠᠭᠤᠷᠠᠭᠤᠯᠵᠤ᠂ ᠠᠰᠢᠬ ᠣᠷᠣᠯᠭ᠎ᠠ ᠪᠠᠨ ᠨᠡᠮᠡᠭᠳᠡᠭᠦᠯᠥᠨ᠎ᠡ᠃      ᠲᠥᠷᠪᠡ᠂ ᠰᠥᠷᠥᠭ ᠤᠨ ᠪᠥᠳᠥᠴᠡ ᠶᠢ ᠵᠣᠬᠢᠰᠳᠠᠢ ᠲᠣᠬᠢᠷᠠᠭᠤᠯᠬᠤ ᠨᠢ ᠲᠥᠯᠥᠪᠯᠡᠭᠡ ᠲᠠᠢ ᠪᠠᠷ ᠬᠥᠭᠰᠢᠨ ᠵᠡᠮᠳᠡᠭ ᠪᠠᠭᠤᠷᠠᠢ ᠬᠤᠨᠢ ᠶᠢ ᠰᠢᠯᠢᠵᠥ ᠭᠠᠷᠭᠠᠠ᠂ ᠡᠬᠡ ᠬᠤᠨᠢᠨ ᠤ ᠬᠠᠷᠢᠴᠠᠯ ᠢ 60% — 70% ᠬᠥᠷᠭᠡᠵᠥ᠂ ᠮᠠᠯ ᠰᠥᠷᠥᠭ ᠤᠨ ᠡᠷᠭᠢᠯᠳᠡ ᠶᠢᠨ ᠬᠤᠷᠳᠣᠴᠠ ᠶᠢ ᠲᠥᠷᠭᠡᠳᠬᠡᠡ᠂ ᠲᠣᠰ ᠵᠢᠯ ᠤᠨ ᠬᠤᠷᠠᠭ᠎ᠠ ᠶᠢ ᠲᠣᠰ ᠵᠢᠯ ᠳᠤ ᠨᠢ ᠬᠠᠰᠢᠶᠠᠯᠠᠯᠳᠠ ᠠᠴᠠ ᠭᠠᠷᠭᠠᠠ᠂ ᠪᠣᠷᠳᠣᠭᠠᠠ ᠬᠤᠷᠠᠭ᠎ᠠ ᠪᠠ ᠪᠣᠷᠳᠣᠬᠤ ᠬᠤᠨᠢ ᠪᠠᠷ ᠭᠤᠣᠯ ᠪᠣᠯᠭᠠᠵᠤ ᠪᠠᠶᠢᠭ᠎ᠠ ᠡᠷᠥᠬᠡ ᠂ ᠰᠢᠯᠢᠳᠡᠭ ᠰᠠᠶᠢᠨ ᠮᠢᠬᠠᠠ ᠭᠠᠷᠣᠯᠳᠠ ᠲᠠᠢ ᠡᠭᠦᠯᠳᠡᠷ ᠤᠨ ᠬᠤᠨᠢ ᠰᠣᠩᠭᠤᠠ ᠲᠡᠵᠢᠭᠡᠵᠥ᠂ ᠪᠣᠷᠳᠣᠭᠠᠠ ᠬᠤᠨᠢ ᠪᠠᠨ ᠡᠪᠥᠯ ᠪᠣᠯᠬᠤ ᠠᠴᠠ ᠡᠮᠥᠨ᠎ᠡ ᠬᠠᠰᠢᠶᠠᠯᠠᠯᠳᠠ ᠠᠴᠠ ᠭᠠᠷᠭᠠᠠ᠂ ᠡᠪᠥᠯ ᠤᠨ ᠣᠯᠠᠷᠢᠯ ᠳᠤ ᠬᠠᠰᠢᠶᠠᠯᠠᠵᠤ ᠲᠡᠵᠢᠭᠡᠬᠦ ᠬᠤᠨᠢᠨ ᠤ ᠲᠤᠭ᠎ᠠ ᠶᠢ ᠪᠠᠭᠠᠰᠬᠠᠵᠤ᠂ ᠬᠥᠮᠥᠨ ᠤ ᠬᠥᠴᠥ᠂ ᠪᠣᠳᠠᠰ ᠤᠨ ᠬᠥᠴᠥ ᠶᠢ ᠠᠷᠪᠢᠯᠠᠵᠤ᠂ ᠠᠰᠢᠬ ᠣᠷᠣᠯᠭ᠎ᠠ ᠪᠠᠨ ᠲᠡᠭᠡᠭᠰᠢᠯᠡᠭᠦᠯᠥᠨ᠎ᠡ᠃      ᠲᠠᠪᠤ᠂ ᠬᠠᠰᠢᠶ᠎ᠠ ᠰᠠᠷᠠᠪᠴᠢ᠂ ᠪᠠᠭᠠᠵᠢ ᠬᠡᠷᠡᠭᠰᠡᠯ ᠢᠶᠠᠨ ᠵᠣᠬᠢᠰᠳᠠᠢ ᠲᠣᠬᠢᠷᠠᠭᠤᠯᠬᠤ ᠨᠢ ᠡᠪᠥᠯ ᠤᠨ ᠣᠯᠠᠷᠢᠯ ᠳᠤ ᠠᠯᠠᠰᠢᠨ ᠬᠤᠨᠢ ᠪᠠᠨ ᠬᠠᠰᠢᠶᠠᠯᠠᠠ ᠲᠡᠵᠢᠭᠡᠬᠦ ᠳᠤ ᠮᠠᠰᠢ ᠴᠢᠬᠤᠯᠠ ᠥᠢᠯᠡᠳᠥᠯ ᠥᠵᠡᠭᠦᠯᠳᠡᠭ᠃ ᠬᠤᠨᠢᠨ ᠤ ᠬᠠᠰᠢᠶ᠎ᠠ ᠰᠠᠷᠠᠪᠴᠢ ᠨᠢ ᠵᠣᠬᠢᠮᠵᠢᠳᠠᠢ᠂ ᠴᠠᠰᠣ ᠰᠢᠭᠤᠷᠭᠠᠠ ᠳᠤ ᠲᠡᠰᠪᠥᠷᠢᠳᠡᠢ ᠲᠣᠯᠠᠭᠠᠠ ᠬᠥᠯᠡᠮᠵᠢ ᠪᠣᠯ ᠬᠠᠮᠤᠭ ᠰᠠᠶᠢᠨ᠃ ᠲᠡᠵᠢᠭᠡᠵᠥ ᠣᠰᠣᠯᠠᠬᠤ ᠳᠤ ᠲᠥᠭᠦᠮ᠂ ᠠᠷᠢᠯᠭᠠᠵᠤ ᠴᠡᠪᠡᠷᠯᠡᠬᠦ ᠳᠤ ᠬᠢᠯᠪᠠᠷ᠂ ᠲᠡᠵᠢᠭᠡᠯ ᠡᠪᠡᠰᠥ ᠪᠣᠷᠳᠤᠭ᠎ᠠ ᠨᠠᠶᠢᠷᠠᠭᠤᠯᠣᠠ ᠪᠣᠯᠪᠠᠰᠣᠷᠠᠭᠤᠯᠬᠤ ᠮᠠᠰᠢᠨ ᠲᠥᠬᠦᠭᠡᠷᠥᠮᠵᠢ ᠨᠢ ᠡᠪᠡᠰᠥ ᠪᠣᠷᠳᠣᠭᠠᠠ ᠤ ᠠᠰᠢᠬᠯᠠᠯᠳᠠ ᠶᠢᠨ ᠨᠣᠷᠮ᠎ᠠ ᠶᠢ ᠬᠥᠢᠴᠡᠳ ᠪᠠᠳᠠᠷᠠᠭᠤᠯᠵᠤ᠂ ᠥᠪᠡᠷ ᠤᠨ ᠥᠷᠳᠡᠭ ᠢ ᠪᠠᠭᠤᠷᠠᠭᠤᠯᠣᠠ᠂ ᠠᠵᠣ ᠠᠬᠤᠢ ᠶᠢᠨ ᠠᠰᠢᠬ ᠣᠷᠣᠯᠭ᠎ᠠ ᠶᠢ ᠶᠡᠭᠡ ᠬᠡᠮᠵᠢᠶ᠎ᠡ ᠪᠠᠷ ᠨᠡᠮᠡᠭᠳᠡᠭᠦᠯᠵᠥ ᠴᠢᠳᠠᠨ᠎ᠠ᠃
ᠢᠷᠡᠯᠲᠡ᠄ ᠤᠷᠳᠤᠰ ᠤᠨ ᠡᠳᠤᠷ ᠤᠨ ᠰᠤᠨᠢᠨ