ᠪᠡᠯᠴᠢᠭᠡᠷ ᠢ ᠠᠮᠠᠷᠠᠭᠤᠯᠵᠤ ᠠᠰᠢᠭᠯᠠᠬᠤ ᠠᠷᠭ᠎ᠠ
ᠨᠡᠶᠢᠲᠡᠯᠡᠭᠰᠡᠨ ᠴᠠᠭ᠄
2020/10/21
                      ᠪᠡᠯᠴᠢᠭᠡᠷ ᠢ ᠠᠮᠠᠷᠠᠭᠤᠯᠵᠤ ᠠᠰᠢᠭᠯᠠᠬᠤ ᠠᠷᠭ᠎ᠠ      ᠪᠠᠯᠴᠢᠭᠡᠷ ᠢ ᠠᠮᠠᠷᠠᠭᠤᠯᠬᠤ ᠭᠡᠳᠡᠭ ᠨᠢ ᠪᠠᠯᠴᠢᠭᠡᠷ ᠢᠶᠠᠨ ᠵᠢᠯ ᠪᠦᠷᠢ ᠲᠤᠭᠳᠠᠭᠰᠠᠨ ᠬᠤᠭᠤᠴᠠᠭᠠᠨ ᠳᠤ ᠮᠠᠯ ᠪᠠᠯᠴᠢᠭᠡᠷᠯᠡᠭᠦᠯᠭᠦ ᠦᠭᠡᠢ ᠪᠠᠶᠢᠯᠭᠠᠵᠤ᠂ ᠪᠠᠯᠴᠢᠭᠡᠷ ᠲᠠᠬᠢ ᠤᠷᠭᠤᠮᠠᠯ ᠤᠨ ᠪᠦᠷᠭᠦᠴᠠ ᠳᠤ ᠰᠠᠷᠭᠦᠨ ᠤᠷᠭᠤᠬᠤ ᠲᠤᠬᠢᠶᠠᠯ ᠦᠭᠭᠦ ᠠᠷᠭ᠎ᠠ ᠪᠠᠷᠢᠯ ᠤᠳ ᠢ ᠭᠡᠯᠡᠵᠤ ᠪᠠᠶᠢᠨ᠎ᠠ᠃      ᠲᠤᠰ ᠬᠤᠭᠤᠴᠠᠭᠠᠨ ᠳᠤ ᠪᠠᠯᠴᠢᠭᠡᠷ ᠲᠤ ᠪᠠᠨ ᠶᠠᠮᠠᠷᠴᠤ ᠮᠠᠯ ᠤᠨᠤᠭ᠎ᠠ ᠤᠷᠤᠭᠤᠯᠬᠤ ᠦᠭᠡᠢ᠂ ᠡᠪᠡᠰᠤ ᠤᠷᠭᠤᠮᠠᠯ ᠢ ᠨᠢ ᠭᠦᠨᠳᠡᠭᠦ ᠦᠭᠡᠢ ᠭᠡᠪ ᠢᠶᠠᠷ ᠨᠢ ᠤᠷᠭᠤᠭᠤᠯᠤᠨ᠎ᠠ᠃ ᠡᠭᠦᠨ ᠳᠤ ᠤᠯᠠᠷᠢᠯ ᠤᠨ ᠴᠢᠨᠠᠷᠳᠠᠢ ᠠᠮᠠᠷᠠᠭᠤᠯᠬᠤ᠂ ᠨᠠᠮᠤᠷ ᠤᠨ ᠤᠯᠠᠷᠢᠯ ᠳᠤ ︵ᠦᠷᠠᠯᠠᠭᠦ ᠦᠶ᠎ᠠ︶ ᠠᠮᠠᠷᠠᠭᠤᠯᠬᠤ ᠭᠡᠭᠦ ᠮᠠᠳᠤ ᠶᠢᠨ ᠠᠷᠭ᠎ᠠ ᠪᠠᠷᠢᠯ ᠢ ᠭᠡᠷᠡᠭᠯᠡᠵᠤ ᠪᠤᠯᠤᠨ᠎ᠠ᠃ ᠡᠭᠦᠨ ᠢᠶᠠᠷ ᠪᠠᠯᠴᠢᠭᠡᠷ ᠤᠨ ᠤᠷᠭᠤᠮᠠᠯ ᠤᠨ ᠪᠦᠷᠭᠦᠴᠠ ᠶᠢ ᠰᠠᠷᠭᠦᠭᠡᠨ ᠰᠠᠶᠢᠵᠢᠷᠠᠭᠤᠯᠵᠤ᠂ ᠠᠮᠢ ᠠᠬᠤᠢ ᠶᠢᠨ ᠲᠠᠩᠴᠡᠭᠦᠷᠢ ᠶᠢ ᠬᠠᠮᠠᠭᠠᠯᠠᠨ᠂ ᠪᠠᠯᠴᠢᠭᠡᠷ ᠤᠨ ᠤᠢᠢᠯᠡᠳᠪᠤᠷᠢᠯᠠᠯ ᠤᠨ ᠭᠦᠴᠤᠨ ᠢ ᠨᠡᠮᠡᠭᠳᠡᠭᠦᠯᠤᠨ᠎ᠠ᠃      ᠪᠠᠯᠴᠢᠭᠡᠷ ᠢ ᠠᠮᠠᠷᠠᠭᠤᠯᠬᠤ ᠶᠢᠨ ᠴᠢᠬᠤᠯᠠ ᠴᠢᠨᠠᠷ      1᠂ ᠪᠠᠯᠴᠢᠭᠡᠷ ᠲᠠᠬᠢ ᠤᠷᠭᠤᠮᠠᠯ ᠤᠨ ᠪᠦᠷᠭᠦᠴᠠ ᠶᠢ ᠠᠰᠢᠭᠳᠠᠢ ᠪᠠᠷ ᠬᠠᠮᠠᠭᠠᠯᠠᠵᠤ᠂ ᠪᠠᠯᠴᠢᠭᠡᠷ ᠰᠡᠷᠭᠦᠭᠦ ᠬᠤᠭᠤᠴᠠᠭᠠᠨ ᠳᠤ ᠮᠠᠯ ᠰᠦᠷᠦᠭ ᠤᠨ ᠬᠠᠷᠰᠢᠯᠠᠯ ᠨᠦᠯᠦᠭᠡᠯᠠᠯ ᠠᠴᠠ ᠵᠠᠶᠢᠯᠠᠰᠬᠢᠵᠤ᠂ ᠡᠪᠡᠰᠤ ᠤᠷᠭᠤᠮᠠᠯ ᠳᠤ ᠪᠠᠨ ᠨᠢᠭᠡᠨ ᠠᠮᠢᠯᠠᠨ ᠰᠢᠮᠠᠵᠢᠵᠤ᠂ ᠰᠡᠷᠭᠦᠨ ᠰᠢᠨᠡᠳᠭᠦ ᠲᠤᠬᠢᠶᠠᠯ ᠤᠯᠭᠤᠨ᠎ᠠ᠃ ᠶᠠᠷᠤ ᠳᠤ ᠪᠠᠨ ᠬᠠᠪᠤᠷ ᠤᠨ ᠤᠯᠠᠷᠢᠯ ᠨᠢ ᠪᠠᠯᠴᠢᠭᠡᠷ ᠡᠪᠡᠰᠤ ᠶᠢᠨ ᠰᠡᠷᠭᠦᠨ ᠰᠢᠨᠡᠳᠴᠤ ᠤᠷᠭᠤᠬᠤ ᠴᠠᠭ ᠬᠤᠭᠤᠴᠠᠭ᠎ᠠ ᠪᠠᠶᠢᠵᠤ᠂ ᠨᠠᠮᠤᠷ ᠤᠨ ᠤᠯᠠᠷᠢᠯ ᠨᠢ ᠪᠠᠯᠴᠢᠭᠡᠷ ᠡᠪᠡᠰᠤ ᠶᠢᠨ ᠦᠷᠠᠯᠠᠵᠤ ᠪᠤᠯᠪᠠᠰᠤᠷᠠᠬᠤ ᠴᠠᠭ ᠬᠤᠭᠤᠴᠠᠭ᠎ᠠ ᠪᠤᠯᠤᠨ᠎ᠠ᠃ ᠶᠠᠭ ᠡᠨᠡ ᠦᠶ᠎ᠠ ᠳᠤᠨᠢ ᠪᠠᠯᠴᠢᠭᠡᠷ ᠡᠪᠡᠰᠤᠨ ᠳᠤ ᠪᠠᠨ ᠰᠡᠷᠭᠦᠨ ᠰᠢᠨᠡᠳᠭᠦ ᠲᠤᠬᠢᠶᠠᠯ ᠤᠯᠭᠤᠪᠠᠯ ᠲᠠᠭᠦᠨ ᠤ ᠲᠤᠰ ᠵᠢᠯ ᠤᠨ ᠤᠷᠭᠤᠴᠠ ᠳᠤᠨᠢ ᠴᠤ ᠲᠦᠢᠯ ᠤᠨ ᠠᠰᠢᠭᠳᠠᠢ ᠶᠤᠮ᠃      2᠂ ᠪᠠᠯᠴᠢᠭᠡᠷ ᠤᠨ ᠠᠩᠬᠠᠳᠠᠭᠴᠢ ᠴᠢᠨᠠᠷ ᠤᠨ ᠤᠢᠢᠯᠡᠳᠪᠤᠷᠢᠯᠠᠯ ᠤᠨ ᠪᠦᠳᠦᠭᠡᠭᠳᠡᠭᠦᠨ ︵ᠤᠷᠭᠤᠮᠠᠯ ᠤᠨ ᠪᠦᠳᠦᠭᠡᠭᠳᠡᠭᠦᠨ︶ ᠤ ᠬᠤᠷᠠᠮᠳᠤᠯ ᠢ ᠨᠡᠮᠡᠭᠳᠡᠭᠦᠯᠭᠦ ᠪᠠᠷ ᠲᠠᠮᠵᠢᠨ ᠲᠠᠬᠢᠨ ᠤᠢᠢᠯᠡᠳᠪᠤᠷᠢᠯᠠᠯ ᠢ ᠦᠷᠭᠡᠳᠭᠡᠭᠦ ᠳᠤ ᠠᠰᠢᠭ ᠲᠠᠢ ᠨᠦᠭᠦᠴᠠᠯ ᠢ ᠪᠤᠢ ᠪᠤᠯᠭᠠᠵᠤ ᠴᠢᠳᠠᠨ᠎ᠠ᠃ ᠤᠴᠢᠷ ᠨᠢ ᠬᠠᠪᠤᠷ ᠤᠨ ᠤᠯᠠᠷᠢᠯ ᠳᠤ ᠪᠠᠯᠴᠢᠭᠡᠷ ᠡᠪᠡᠰᠤᠨ ᠤ ᠭᠦᠭᠡᠷᠠᠨ ᠨᠤᠭᠤᠭᠠᠷᠠᠬᠤ ᠪᠤᠯ ᠲᠦᠷᠦᠭᠦᠦ ᠨᠠᠮᠤᠷ ᠡᠪᠤᠯᠵᠢᠭᠦ ᠠᠴᠠ ᠪᠠᠨ ᠡᠮᠤᠨ᠎ᠠ ᠭᠠᠵᠠᠷ ᠲᠤᠤᠷᠠᠬᠢ ᠦᠨᠳᠦᠰᠦ ᠳᠤ ᠪᠠᠨ ᠬᠤᠷᠠᠮᠳᠤᠭᠤᠯᠤᠭᠰᠠᠨ ᠰᠢᠮ᠎ᠠ ᠲᠠᠵᠢᠭᠡᠯ ᠤᠨ ᠪᠤᠳᠠᠰ ᠲᠤ ᠪᠠᠨ ᠲᠦᠰᠢᠭᠯᠡᠵᠤ ᠰᠢᠮᠠᠵᠢᠨ ᠤᠷᠭᠤᠵᠤ ᠰᠢᠨ᠎ᠠ ᠨᠢᠯᠬ᠎ᠠ ᠨᠠᠬᠢᠶ᠎ᠠ ᠪᠤᠢ ᠪᠤᠯᠵᠤ ᠪᠠᠶᠢᠭ᠎ᠠ ᠶᠠᠪᠤᠴᠠ ᠮᠦᠨ᠃ ᠶᠠᠭ ᠡᠨᠡ ᠦᠶ᠎ᠠ ᠳᠤᠨᠢ ᠮᠠᠯ ᠪᠠᠯᠴᠢᠭᠡᠷᠯᠡᠭᠦᠯᠵᠤ᠂ ᠨᠢᠯᠬ᠎ᠠ ᠨᠠᠬᠢᠶ᠎ᠠ ᠶᠢ ᠨᠢ ᠲᠠᠰᠤᠳᠠᠭᠤᠯᠴᠢᠬᠠᠪᠠᠯ ᠤᠷᠭᠤᠴᠠ ᠶᠢ ᠨᠢ ᠰᠢᠭᠤᠳ ᠬᠠᠷᠰᠢᠯᠠᠨ᠎ᠠ᠃ ᠡᠶᠢᠮᠤ ᠠᠴᠠ ᠡᠨᠡᠭᠦ ᠵᠠᠩᠬᠢᠯᠠᠭ᠎ᠠ ᠶᠢᠨ ᠬᠤᠭᠤᠴᠠᠭᠠᠨ ᠠᠴᠠ ᠨᠢ ᠵᠠᠶᠢᠯᠠᠰᠬᠢᠯᠭᠡᠪᠠᠯ ᠪᠠᠯᠴᠢᠭᠡᠷ ᠡᠪᠡᠰᠤᠨ ᠤ ᠤᠷᠭᠤᠴᠠ ᠳᠤ ᠲᠦᠢᠯ ᠤᠨ ᠠᠰᠢᠭ ᠲᠠᠢ ᠶᠤᠮ᠃      3᠂ ᠪᠠᠯᠴᠢᠭᠡᠷ ᠢ ᠠᠮᠠᠷᠠᠭᠤᠯᠬᠤ ᠨᠢ ᠮᠦᠨ ᠴᠤ ᠮᠠᠯ ᠰᠦᠷᠦᠭ ᠤᠨ ᠬᠠᠪᠤᠷ ᠤᠨ ᠤᠯᠠᠷᠢᠯ ᠳᠤ ᠨᠤᠭᠤᠭ᠎ᠠ ᠡᠷᠢᠵᠤ ᠪᠠᠯᠴᠢᠭᠡᠷ ᠲᠠᠭᠡᠷ᠎ᠠ ᠨᠠᠰᠢ ᠴᠠᠰᠢ ᠭᠦᠶᠤᠯᠳᠤᠨ ᠪᠠᠯᠴᠢᠭᠡᠷ ᠢ ᠨᠦᠯᠦᠭᠡᠯᠠᠨ᠂ ᠦᠪᠠᠷ ᠤᠨ ᠪᠠᠶ᠎ᠠ ᠶᠢᠨ ᠢᠶᠠᠨ ᠡᠨᠧᠷᠬᠢ ᠶᠢ ᠴᠤ ᠬᠤᠷᠤᠭᠳᠠᠭᠤᠯᠳᠠᠭ ᠠᠴᠠ ᠵᠠᠶᠢᠯᠠᠰᠬᠢᠵᠤ ᠴᠢᠳᠠᠬᠤ ᠪᠤᠯᠬᠤᠷ ᠮᠠᠯ ᠤᠨ ᠭᠡᠪ ᠤᠨ ᠦᠰᠦᠯᠳᠠ ᠪᠤᠶᠢᠵᠢᠯᠳᠠ ᠳᠤ ᠴᠤ ᠠᠰᠢᠭ ᠲᠠᠢ ᠶᠤᠮ᠃      ᠪᠠᠯᠴᠢᠭᠡᠷ ᠢ ᠠᠮᠠᠷᠠᠭᠤᠯᠬᠤ      1᠂ ᠠᠮᠠᠷᠠᠭᠤᠯᠬᠤ ᠪᠠᠯᠴᠢᠭᠡᠷ ᠢ ᠰᠤᠩᠭᠤᠬᠤ᠄ ᠶᠠᠷᠤᠳᠡᠭᠡᠨ ᠬᠠᠰᠢᠶᠠᠯᠠᠨ ᠲᠠᠵᠢᠭᠡᠭᠦ ᠨᠦᠭᠦᠴᠠᠯ ᠲᠠᠢ᠂ ᠲᠠᠴᠢᠷᠳᠠᠭᠰᠠᠨ ᠪᠤᠶᠤ ᠡᠯᠡᠰᠦᠷᠭᠡᠭᠵᠢᠭᠰᠡᠨ ᠪᠤᠯᠪᠠᠴᠤ ᠰᠡᠷᠭᠦᠨ ᠰᠢᠨᠡᠳᠭᠦ ᠴᠢᠳᠠᠪᠤᠷᠢ ᠪᠠᠨ ᠠᠯᠳᠠᠭᠰᠠᠨ ᠦᠭᠡᠢ ᠪᠠᠯᠴᠢᠭᠡᠷ ᠢ ᠰᠤᠩᠭᠤᠵᠤ ᠠᠮᠠᠷᠠᠭᠤᠯᠪᠠᠯ ᠲᠤᠬᠢᠷᠠᠮᠵᠢᠳᠠᠢ ᠪᠠᠶᠢᠳᠠᠭ᠃ ᠭᠡᠭᠦ ᠳᠤ ᠠᠮᠠᠷᠠᠭᠤᠯᠬᠤ ᠪᠠᠯᠴᠢᠭᠡᠷ ᠢᠶᠠᠨ ᠲᠤᠤᠷᠯᠠᠨ ᠭᠦᠷᠢᠶᠠᠯᠡᠭᠰᠡᠨ ᠪᠠᠶᠢᠪᠠᠯ ᠰᠠᠶᠢᠨ ᠶᠤᠮ᠃ 2᠂ ᠠᠮᠠᠷᠠᠭᠤᠯᠬᠤ ᠴᠠᠭ ᠬᠤᠭᠤᠴᠠᠭ᠎ᠠ᠄ ᠭᠤᠤᠯᠳᠠᠭᠤ ᠪᠠᠯᠴᠢᠭᠡᠷ ᠤᠨ ᠢᠶᠠᠨ ᠪᠤᠳᠠᠳᠤ ᠪᠠᠶᠢᠳᠠᠯ᠂ ᠭᠦᠷᠦᠰᠤ ᠰᠢᠷᠤᠢ ᠪᠠ ᠠᠭᠤᠷ ᠠᠮᠢᠰᠬᠤᠯ ᠤᠨ ᠨᠦᠭᠦᠴᠠᠯ ᠢᠶᠠᠨ ᠦᠨᠳᠤᠰᠤᠯᠠᠵᠤ ᠲᠤᠭᠳᠠᠭᠠᠨ᠎ᠠ᠃ ᠶᠠᠷᠤᠳᠡᠭᠡᠨ ᠡᠬᠢᠯᠡᠭᠦ ᠬᠤᠭᠤᠴᠠᠭ᠎ᠠ ᠨᠢ 4 ᠰᠠᠷ᠎ᠠ ᠶᠢᠨ 15 ᠠᠴᠠ 30 ᠤ ᠡᠳᠦᠷ᠃ ᠲᠠᠭᠤᠰᠬᠤ ᠬᠤᠭᠤᠴᠠᠭ᠎ᠠ ᠨᠢ 6 ᠰᠠᠷ᠎ᠠ ᠶᠢᠨ 15 ᠠᠴᠠ 30 ᠤ ᠡᠳᠦᠷ ᠢᠶᠠᠷ ᠪᠠᠷᠢᠮᠵᠢᠶᠠᠯᠠᠵᠤ ᠲᠤᠭᠳᠠᠭᠠᠪᠠᠯ ᠪᠤᠯᠴᠢᠬᠠᠨ᠎ᠠ᠃ 45 ᠠᠴᠠ 75 ᠡᠳᠦᠷ ᠠᠮᠠᠷᠠᠭᠤᠯᠪᠠᠯ ᠲᠤᠬᠢᠷᠠᠮᠵᠢᠳᠠᠢ ᠶᠤᠮ᠃ ᠪᠠᠯᠴᠢᠭᠡᠷ ᠢ ᠠᠮᠠᠷᠠᠭᠤᠯᠬᠤ ᠬᠤᠭᠤᠴᠠᠭ᠎ᠠ ᠶᠢ ᠶᠠᠷᠤᠳᠡᠭᠡᠨ 4 ᠰᠠᠷ᠎ᠠ ᠠᠴᠠ ᠭᠡᠳᠦᠷᠡᠭᠦᠯᠳᠡᠭ ᠦᠭᠡᠢ᠃ ᠦᠭᠡᠢ ᠪᠤᠯ ᠵᠠᠷᠤᠯᠭ᠎ᠠ ᠨᠢ ᠤᠷᠤᠯᠭ᠎ᠠ ᠠᠴᠠ ᠪᠠᠨ ᠭᠡᠳᠦᠷᠠᠵᠤ᠂ ᠠᠵᠤ ᠠᠬᠤᠢ ᠶᠢᠨ ᠲᠠᠯ᠎ᠠ ᠳᠤ ᠠᠰᠢᠭ ᠦᠭᠡᠢ ᠪᠠᠶᠢᠳᠠᠭ᠃ ᠬᠠᠪᠤᠷ ᠤᠨ ᠤᠯᠠᠷᠢᠯ ᠳᠤ 2 ᠰᠠᠷ᠎ᠠ ᠠᠮᠠᠷᠠᠭᠤᠯᠬᠤ ᠨᠢ ᠪᠠᠯᠴᠢᠭᠡᠷ ᠢ ᠵᠤᠬᠢᠰᠳᠠᠢ ᠪᠠᠷ ᠬᠠᠮᠠᠭᠠᠯᠠᠵᠤ᠂ 6 ᠰᠠᠷ᠎ᠠ ᠶᠢᠨ ᠲᠤᠮᠳᠠᠴᠢ ᠠᠴᠠ ᠬᠤᠶᠢᠰᠢ ᠪᠠᠯᠴᠢᠭᠡᠷ ᠤᠨ ᠤᠢᠢᠯᠡᠳᠪᠤᠷᠢᠯᠠᠯ ᠤᠨ ᠭᠦᠴᠤ ᠮᠠᠯ ᠤᠨ ᠭᠡᠷᠡᠭᠴᠡᠭᠡ ᠶᠢ ᠭᠦᠢᠴᠡᠳ ᠬᠠᠨᠭ᠍ᠭᠠᠵᠤ ᠲᠠᠶᠢᠯᠭᠦ ᠦᠭᠡᠢ ᠪᠤᠯᠬᠤᠷ ᠭᠡᠳᠦ ᠠᠮᠠᠷᠠᠭᠤᠯᠬᠤ ᠨᠢ ᠪᠠᠰᠠ ᠠᠰᠢᠭ ᠦᠭᠡᠢ ᠶᠤᠮ᠃ ᠡᠶᠢᠮᠤ ᠠᠴᠠ ᠪᠠᠯᠴᠢᠭᠡᠷ ᠤᠨ ᠢᠶᠠᠨ ᠪᠤᠳᠠᠳᠠᠢ ᠪᠠᠶᠢᠳᠠᠯ ᠠᠴᠠ ᠡᠭᠦᠰᠴᠤ᠂ ᠰᠢᠨᠵᠢᠯᠡᠭᠦ ᠤᠬᠠᠭᠠᠨᠴᠢ ᠪᠦᠭᠡᠳ ᠵᠦᠢ ᠵᠤᠬᠢᠰᠳᠠᠢ ᠠᠮᠠᠷᠠᠭᠤᠯᠬᠤ ᠨᠢ ᠮᠠᠰᠢ ᠴᠢᠬᠤᠯᠠ ᠶᠤᠮ᠃ ᠡᠭᠦᠨ ᠠᠴᠠ ᠭᠠᠳᠠᠨ᠎ᠠ ᠲᠠᠴᠢᠷ ᠪᠠᠯᠴᠢᠭᠡᠷ ᠲᠠᠬᠢ ᠲᠠᠵᠢᠭᠡᠯ ᠡᠪᠡᠰᠤᠨ ᠤ ᠦᠷᠠᠯᠠᠭᠦ ᠪᠤᠶᠤ ᠤᠷᠭᠤᠯᠳᠠ ᠵᠤᠭᠰᠤᠬᠤ ᠠᠴᠠ ᠡᠮᠤᠨ᠎ᠠ 30 ᠡᠳᠦᠷ ᠠᠮᠠᠷᠠᠭᠤᠯᠬᠤ ᠨᠢ ᠨᠠᠩ ᠰᠠᠶᠢᠨ ᠪᠠᠶᠢᠳᠠᠭ᠃
ᠢᠷᠡᠯᠲᠡ᠄ ᠤᠷᠲᠤᠰ ᠤᠨ ᠡᠲᠤᠷ ᠤᠨ ᠰᠤᠨᠢᠨ