ᠤᠷᠤᠨ ᠤ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠭᠴᠢ  ᠴᠢᠷᠮᠠᠶᠢᠬᠤ
ᠨᠡᠶᠢᠲᠡᠯᠡᠭᠰᠡᠨ ᠴᠠᠭ᠄
2020/10/22
     ᠴᠢᠷᠮᠠᠶᠢᠬᠤ᠂ ᠮᠤᠩᠭᠤᠯ ᠦᠨᠳᠦᠰᠦᠳᠡᠨ᠂ 1952 ᠤᠨ ᠤ 2 ᠳ᠋ᠤᠭᠠᠷ ᠰᠠᠷ᠎ᠠ ᠳᠤ ᠤᠳᠤᠭ ᠬᠤᠰᠢᠭᠤᠨ ᠤ ᠤᠤᠯ ᠤᠨ ᠡᠷᠭᠡᠳᠤ ᠰᠤᠮᠤᠨ ᠤ ᠰᠡᠪᠭᠦᠯ ᠭᠠᠴᠠᠭᠠᠨ ᠳᠤ ᠲᠦᠷᠦᠵᠡᠢ᠃ ᠡᠵᠢ ᠠᠪᠤ ᠠᠴᠠ ᠪᠠᠨ ᠠᠬ᠎ᠠ ᠲᠡᠭᠦᠦ ᠲᠦᠷᠪᠡᠭᠦᠯᠨ ᠪᠠᠶᠢᠵᠤ᠂ ᠴᠢᠷᠮᠠᠶᠢᠬᠤ ᠬᠠᠮᠤᠭ ᠤᠨ ᠪᠠᠭ᠎ᠠ ᠭᠦᠪᠡᠭᠦᠨ ᠨᠢ ᠪᠤᠯᠵᠤ ᠵᠠᠶᠠᠭᠠᠵᠠᠢ᠃ 1961 ᠤᠨ ᠳᠤ ᠡᠷᠭᠡᠳᠥ ᠶᠢᠨ ᠮᠤᠩᠭᠤᠯ ᠪᠠᠭ᠎ᠠ ᠰᠤᠷᠭᠠᠭᠤᠯᠢ ᠳᠤ ᠰᠤᠷᠤᠯᠴᠠᠵᠤ᠂ ᠲᠠᠪᠤᠳᠤᠭᠠᠷ ᠤᠨ ᠢᠶᠠᠨ ᠲᠡᠭᠦᠰᠭᠡᠵᠡᠢ᠃ 1969 ᠤᠨ ᠳᠤ ᠠᠪᠤ ᠡᠵᠢ ᠠᠬ᠎ᠠ ᠲᠡᠭᠦᠦ ᠭᠡᠷ ᠪᠦᠭᠦᠳᠡᠭᠡᠷ ᠢᠶᠠᠨ ᠤᠳᠤᠭ ᠬᠤᠰᠢᠭᠤᠨ ᠤ ᠤᠤᠯ ᠤᠨ ᠴᠠᠪ ᠰᠤᠮᠤᠨ ᠤ ᠪᠠᠶᠠᠨᠳᠤᠯᠤᠭᠠᠢ ᠳᠤ ᠨᠡᠭᠦᠨ ᠢᠷᠡᠵᠤ ᠨᠤᠳᠤᠭᠰᠢᠵᠠᠢ᠃ ᠲᠡᠷᠨ ᠵᠢᠯ ᠠᠴᠠ ᠪᠠᠨ ᠡᠭᠢᠯᠡᠵᠤ᠂ ᠬᠠᠮᠳᠤ ᠶᠢᠨ ᠭᠦᠳᠡᠯᠮᠤᠷᠢ  ᠳᠤ ᠤᠷᠤᠯᠴᠠᠵᠤ᠂ ᠮᠠᠯ ᠬᠠᠷᠢᠭᠤᠯᠵᠤ᠂ ᠮᠠᠯ ᠰᠠᠮᠨᠠᠬᠤ᠂ ᠲᠠᠷᠢᠶ᠎ᠠ ᠲᠠᠷᠢᠵᠤ ᠬᠠᠳᠤᠯᠠᠩ ᠳᠤ ᠤᠷᠤᠯᠴᠠᠬᠤ᠂ ᠤᠰᠤᠨ ᠴᠦᠭᠦᠷᠦᠮ ᠮᠠᠯᠳᠠᠬᠤ ᠵᠡᠷᠭᠡ ᠠᠵᠢᠯ ᠭᠦᠳᠡᠯᠮᠤᠷᠢ ᠶᠢ ᠭᠢᠵᠤ ᠪᠠᠶᠢᠪᠠ᠃ ᠲᠤᠬᠠᠢ ᠶᠢᠨ ᠦᠶ᠎ᠡ ᠳᠤ ᠪᠠᠶᠠᠨᠳᠤᠯᠤᠭᠠᠢ ᠭᠠᠴᠠᠭᠠᠨ ᠳᠤ ᠪᠢᠴᠢᠭ ᠪᠢᠷ ᠲᠠᠢ᠂ ᠰᠤᠶᠤᠯ ᠮᠡᠳᠡᠯᠭᠡ ᠲᠠᠢ ᠭᠦᠮᠦᠨ ᠲᠡᠮᠡᠢ ᠦᠭᠡᠢ ᠪᠠᠶᠢᠭᠰᠠᠨ ᠠᠴᠠ ᠪᠠᠭ᠎ᠠ ᠰᠤᠷᠭᠠᠭᠤᠯᠢ  ᠲᠡᠭᠦᠰᠦᠭᠰᠡᠨ ᠴᠢᠷᠮᠠᠶᠢᠬᠤ ᠨᠢ ᠨᠡᠯᠢᠶᠡᠳ ᠡᠷᠳᠡᠮ ᠲᠠᠢ ᠭᠦᠮᠦᠨ ᠳᠤ ᠲᠤᠭᠠᠴᠠᠭᠳᠠᠭᠰᠠᠨ ᠠᠴᠠ 1972 ᠤᠨ ᠳᠤ ᠭᠠᠴᠠᠭᠠᠨ ᠤ ᠲᠤᠭᠢᠷᠠᠭᠤᠯᠭ᠎ᠠ ᠪᠠᠷ ᠲᠤᠭᠤᠷᠢᠨ ᠵᠢᠭᠠᠬᠤ ᠲᠤᠭᠤᠶᠢᠯᠠᠩ ᠤᠨ ᠪᠠᠭᠰᠢ ᠶᠢᠨ ᠠᠵᠢᠯ  ᠢ ᠭᠢᠵᠤ ᠡᠭᠢᠯᠡᠵᠡᠢ᠃ ᠲᠤᠭᠤᠷᠢᠨ ᠵᠢᠭᠠᠬᠤ ᠲᠤᠭᠤᠶᠢᠯᠠᠩ ᠳᠤ ᠲᠠᠪᠤᠨ ᠴᠢᠭ ᠪᠠᠶᠢᠳᠠᠭ᠃ ᠡᠳᠦᠷ ᠡᠭᠡᠯᠵᠢᠯᠡᠨ ᠡᠨ᠋ᠨ ᠭᠦ᠋‍ ᠴᠢᠭ ᠲᠡᠭᠡᠷ᠎ᠡ ᠤᠴᠢᠵᠤ ᠪᠢᠴᠢᠭ ᠵᠢᠭᠠᠨ᠎ᠠ᠃ ᠰᠤᠷᠬᠤ ᠨᠠᠰᠤᠨ ᠤ ᠭᠡᠦᠭᠡᠳ ᠤᠳ ᠡᠯ᠎ᠡ ᠴᠢᠭ ᠲᠡᠭᠡᠷ᠎ᠡ 3 ~ 4 ᠪᠠᠶᠢᠳᠠᠭ᠃ ᠵᠠᠷᠢᠮ ᠳᠤᠨᠢ ᠨᠠᠰᠤᠨ ᠳᠤ ᠭᠦᠷᠦᠭᠰᠡᠨ ᠶᠡᠭᠡ ᠭᠦᠮᠦᠰ ᠴᠤ ᠪᠠᠶᠢᠵᠠᠢ᠃ 1975 ᠤᠨ ᠳᠤ ᠪᠠᠶᠠᠨᠳᠤᠯᠤᠭᠠᠢ ᠭᠠᠴᠠᠭᠠᠨ ᠤ ᠠᠷᠠᠳ ᠠᠴᠠ ᠡᠷᠭᠢᠯᠡᠭᠰᠡᠨ ᠮᠤᠩᠭᠤᠯ ᠪᠠᠭ᠎ᠠ ᠰᠤᠷᠭᠠᠭᠤᠯᠢ ᠳᠤ ᠪᠠᠭᠰᠢᠯᠠᠵᠠᠢ᠃ ᠡᠨ᠋ᠨ ᠭᠦ ᠰᠤᠷᠭᠠᠭᠤᠯᠢ ᠳᠤ ᠨᠢᠭᠡ ᠠᠴᠠ ᠲᠠᠪᠤᠳᠤᠭᠠᠷ ᠤᠨ ᠪᠦᠷ ᠪᠠᠶᠢᠵᠤ᠂ ᠨᠡᠶᠢᠳᠡ ᠵᠢᠷᠠᠭᠠᠳ ᠰᠤᠷᠤᠭᠴᠢ ᠲᠠᠢ ᠮᠤᠩᠭᠤᠯ ᠪᠠᠭ᠎ᠠ ᠰᠤᠷᠭᠠᠭᠤᠯᠢ ᠪᠠᠶᠢᠪᠠ᠃ 1985 ᠤᠨ ᠳᠤ ᠪᠠᠶᠠᠨᠳᠤᠯᠤᠭᠠᠢ ᠪᠠᠭ᠎ᠠ ᠰᠤᠷᠭᠠᠭᠤᠯᠢ ᠶᠢ ᠴᠠᠪ ᠰᠤᠮᠤᠨ ᠤ ᠮᠤᠩᠭᠤᠯ ᠪᠠᠭ᠎ᠠ ᠰᠤᠷᠭᠠᠭᠤᠯᠢ ᠲᠠᠢ ᠨᠢᠭᠡᠳᠭᠡᠭᠰᠡᠨ ᠠᠴᠠ ᠡᠨ᠋ᠨ ᠭᠦ ᠰᠤᠷᠭᠠᠭᠤᠯᠢ ᠨᠢ ᠡᠷᠭᠢᠯᠡᠭᠦ ᠪᠠᠨ ᠵᠤᠭᠰᠤᠵᠤ᠂ ᠴᠢᠷᠮᠠᠶᠢᠬᠤ ᠴᠤ ᠪᠠᠭᠰᠢ ᠶᠢᠨ ᠠᠵᠢᠯ ᠢᠶᠠᠨ ᠵᠤᠭᠰᠤᠭᠠᠵᠤ ᠭᠡᠷ ᠲᠡᠭᠡᠨ ᠪᠤᠴᠠᠨ ᠨᠢᠭᠡᠨ ᠮᠠᠯᠴᠢᠨ ᠪᠤᠯᠵᠠᠢ᠃      ᠴᠢᠷᠮᠠᠶᠢᠬᠤ ᠶᠢᠨ ᠰᠠᠭᠤᠭ᠎ᠠ ᠨᠤᠳᠤᠭ ᠨᠢ ᠤᠳᠤᠭ ᠬᠤᠰᠢᠭᠤᠨ ᠤ ᠤᠳᠠᠭᠠᠨ ᠵᠢᠯ ᠢᠶᠠᠷ ᠲᠠᠭᠢᠭᠠᠳ ᠢᠷᠡᠭᠰᠡᠨ ᠤᠯᠠᠨ ᠪᠤᠯᠠᠭ ᠤᠨ ᠲᠠᠭᠢᠯᠭ᠎ᠠ ᠶᠢᠨ ᠦᠯᠦᠭᠡᠢ ᠪᠠᠶᠢᠪᠠ᠃ ᠲᠡᠭᠡᠳᠦ ᠵᠠᠭᠤᠨ ᠤ ᠵᠢᠷᠠᠭᠠᠳ ᠤᠨ ᠤ ᠰᠤᠶᠤᠯ ᠤᠨ ᠬᠤᠪᠢᠰᠬᠠᠯ ᠤᠨ ᠦᠶ᠎ᠡ ᠠᠴᠠ ᠡᠭᠢᠯᠡᠵᠤ ᠡᠨ᠋ᠨ ᠭᠦ ᠲᠠᠭᠢᠯᠭ᠎ᠠ ᠵᠤᠭᠰᠤᠩᠭᠤᠶᠢᠷᠠᠬᠤ ᠪᠠᠶᠢᠳᠠᠯ ᠲᠠᠢ ᠪᠠᠶᠢᠪᠠ᠃ 1996 ᠤᠨ ᠳᠤ ᠲᠡᠷᠨ ᠠᠶᠢᠯ ᠠᠶᠢᠮᠠᠭ᠂ ᠠᠬ᠎ᠠ ᠲᠡᠭᠦᠦ ᠲᠠᠢ ᠪᠠᠨ ᠵᠦᠪᠳᠡᠯᠴᠡᠵᠤ ᠤᠯᠠᠨ ᠪᠤᠯᠠᠭ ᠤᠨ ᠲᠠᠭᠢᠯᠭ᠎ᠠ ᠶᠢ ᠲᠠᠭᠢᠨ ᠰᠡᠷᠭᠦᠭᠡᠭᠦ ᠠᠵᠢᠯ ᠢ ᠭᠠᠷᠳᠠᠨ ᠭᠢᠵᠤ ᠪᠠᠶᠢᠭᠠᠳ 2001 ᠤᠨ ᠳᠤ ᠵᠢᠩᠭᠢᠨᠢ ᠪᠠᠷ ᠲᠠᠭᠢᠯᠭ᠎ᠠ ᠪᠠᠨ ᠭᠢᠭᠦ ᠪᠤᠯᠤᠭᠰᠠᠨ ᠪᠠᠶᠢᠨ᠎ᠠ᠃ ᠲᠡᠭᠦᠨ ᠤ ᠡᠨ᠋ᠨ ᠭᠦ ᠮᠤᠩᠭᠤᠯ ᠦᠨᠳᠦᠰᠦᠳᠡᠨ ᠤ ᠭᠤᠤᠯ ᠭᠤᠷᠤᠬ᠎ᠠ ᠠᠭᠤᠯᠨ ᠤᠰᠤ ᠪᠠᠨ ᠲᠠᠭᠢᠳᠠᠭ ᠨᠠᠨᠳᠢᠨ ᠰᠤᠷᠳᠠᠯ ᠢ ᠤᠶᠢᠷ᠎ᠠ ᠤᠷᠴᠢᠮ ᠤᠨ ᠭᠦᠮᠦᠰ ᠨᠢ ᠪᠢᠰᠢᠷᠡᠨ ᠲᠤᠭᠤᠳᠠᠭ ᠪᠠᠶᠢᠨ᠎ᠠ᠃ ᠲᠡᠷᠨ ᠴᠤ ᠤᠯᠠᠨ ᠪᠤᠯᠠᠭ ᠤᠨ ᠲᠠᠭᠢᠯᠭ᠎ᠠ ᠶᠢᠨ ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠭᠴᠢ ᠪᠠᠷ ᠡᠷᠭᠦᠮᠵᠢᠯᠡᠭᠳᠡᠵᠡᠢ᠃
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ