ᠬᠤᠨᠢ ᠢᠮᠠᠭ᠎ᠠ ᠬᠠᠷᠢᠭᠤᠯᠬᠤ ᠳᠤ ᠠᠩᠬᠠᠷᠬᠤ ᠵᠦᠢᠯᠡᠰ
ᠨᠡᠶᠢᠲᠡᠯᠡᠭᠰᠡᠨ ᠴᠠᠭ᠄
2020/11/1
                 ᠬᠤᠨᠢ ᠢᠮᠠᠭ᠎ᠠ ᠬᠠᠷᠢᠭᠤᠯᠬᠤ ᠳᠤ ᠠᠩᠬᠠᠷᠬᠤ ᠵᠦᠢᠯᠡᠰ      ᠨᠢᠭᠡ᠂ ᠬᠤᠨᠢ ᠢᠮᠠᠭ᠎ᠠ ᠶᠢ ᠬᠠᠮᠳᠣ ᠬᠠᠷᠢᠭᠤᠯᠬᠤ ᠨᠢ ᠵᠣᠬᠢᠰ ᠥᠭᠡᠢ      1᠂ ᠢᠮᠠᠭ᠎ᠠ ᠪᠠ ᠬᠤᠨᠢ ᠶᠢᠨ ᠡᠪᠡᠰᠥ ᠢᠳᠡᠰᠢᠯᠡᠬᠦ ᠵᠠᠩᠰᠢᠯ ᠨᠢ ᠠᠳᠠᠯᠢ ᠥᠭᠡᠢ ᠪᠠᠶᠢᠳᠠᠭ᠃ ᠢᠮᠠᠭ᠎ᠠ ᠡᠪᠡᠰᠥ ᠢᠳᠡᠰᠢᠯᠡᠬᠦ ᠳᠤ ᠰᠢᠭᠤᠳ ᠡᠮᠥᠨᠡᠰᠢ ᠪᠠᠨ ᠶᠠᠪᠣᠵᠤ᠂ ᠪᠣᠴᠠᠵᠣ ᠢᠳᠡᠰᠢᠯᠡᠬᠦ ᠨᠢ ᠲᠣᠩ ᠴᠥᠭᠡᠡ ᠪᠠᠶᠢᠳᠠᠭ︔ ᠬᠤᠨᠢ ᠬᠠᠷᠢᠨ ᠪᠣᠴᠠᠵᠣ ᠢᠳᠡᠰᠢᠯᠡᠬᠦ ᠲᠣᠷ᠎ᠠ ᠲᠠᠢ ᠪᠠᠶᠢᠳᠠᠭ᠃ ᠣᠳᠠᠭᠠᠠ ᠵᠢᠯ ᠤᠨ ᠲᠣᠷᠰᠢᠯᠭ᠎ᠠ ᠲᠠᠢ ᠬᠤᠨᠢᠴᠢᠨ ᠳᠤ ︽ᠢᠮᠠᠭ᠎ᠠ ᠪᠣᠴᠠᠵᠣ ᠢᠳᠡᠰᠢᠯᠡᠬᠦ ᠥᠭᠡᠢ᠂ ᠬᠤᠨᠢ ᠪᠣᠴᠠᠵᠣ ᠢᠳᠡᠰᠢᠯᠡᠬᠦ ᠥᠭᠡᠢ ᠪᠣᠯ ᠲᠠᠷᠭᠤᠯᠠᠬᠤ ᠥᠭᠡᠢ︾ ᠭᠡᠳᠡᠭ ᠬᠡᠯᠡᠯᠭᠡ ᠪᠠᠶᠢᠳᠠᠭ ᠪᠢᠯᠠ᠃      2᠂ ᠢᠮᠠᠭ᠎ᠠ ᠪᠠ ᠬᠤᠨᠢᠨ ᠤ ᠵᠠᠩ ᠠᠭᠠᠯᠢ ᠵᠢᠴᠢ ᠠᠮᠢᠳᠣᠷᠠᠯ ᠤᠨ ᠵᠠᠩ ᠲᠠᠳᠬᠠᠯ ᠨᠢ ᠠᠳᠠᠯᠢ ᠥᠭᠡᠢ ᠪᠠᠶᠢᠳᠠᠭ᠃ ᠢᠮᠠᠭ᠎ᠠ ᠶᠢᠨ ᠵᠠᠩ ᠠᠭᠠᠯᠢ ᠨᠢ ᠴᠣᠪᠣᠭᠤ ᠲᠡᠭᠵᠢᠨ ᠬᠥᠳᠡᠯᠬᠦ ᠲᠣᠷ᠎ᠠ ᠲᠠᠢ ᠪᠠᠶᠢᠵᠣ᠂ ᠲᠥᠷᠪᠡᠡ ᠮᠥᠴᠢ ᠨᠢ ᠪᠣᠰᠢᠭᠤ ᠱᠠᠯᠠᠮᠠᠭᠠᠢ᠂ ᠶᠠᠪᠣᠬᠤ ᠨᠢ ᠲᠥᠷᠭᠡᠡ ᠪᠠᠶᠢᠵᠤ᠂ ᠠᠭᠤᠯᠠᠷᠬᠠᠭ ᠭᠠᠵᠠᠷ ᠲᠤ ᠬᠠᠷᠢᠭᠤᠯᠪᠠᠯ ᠠᠪᠠᠷᠢᠬᠤ ᠳᠤ ᠴᠢᠳᠠᠮᠠᠭᠠᠢ ᠪᠠᠶᠢᠵᠤ᠂ ᠨᠡᠯᠢᠶᠡᠳ ᠡᠭᠴᠡ ᠠᠭᠤᠯᠠᠠ ᠳᠤ ᠴᠤ ᠠᠪᠠᠷᠢᠵᠣ ᠭᠠᠷᠴᠣ ᠲᠡᠶᠢᠯᠥᠨ᠎ᠡ᠂ ᠶᠡᠷᠥ ᠠᠴᠠ ︽ᠢᠮᠠᠭᠠᠠ ᠰᠠᠮᠵᠠ︾ ᠭᠡᠰᠡᠡ ᠨᠡᠷᠡᠶᠢᠳᠥᠯ ᠲᠠᠢ︔ ᠭᠡᠪᠡᠴᠥ ᠬᠤᠨᠢᠨ ᠤ ᠵᠠᠩ ᠠᠭᠠᠯᠢ ᠨᠢ ᠨᠣᠮᠣᠬᠠᠠ᠂ ᠵᠠᠯᠬᠠᠭᠤ᠂ ᠲᠥᠷᠪᠡᠡ ᠮᠥᠴᠢ ᠨᠢ ᠪᠢᠳᠠᠭᠤ᠂ ᠶᠠᠪᠣᠬᠤ ᠨᠢ ᠣᠳᠠᠭᠠᠠ᠂ ᠨᠡᠯᠢᠶᠡᠳ ᠡᠭᠴᠡ ᠠᠭᠤᠯᠠᠠ ᠬᠥᠳᠥᠯ ᠠᠪᠠᠷᠢᠬᠤ ᠲᠣᠷ᠎ᠠ ᠥᠭᠡᠢ ᠪᠠᠶᠢᠵᠤ᠂ ︽ᠥᠬᠦᠮᠡᠯ︾ ᠬᠤᠨᠢ ᠭᠡᠬᠦ ᠬᠤᠴᠢ ᠨᠡᠷᠡᠶᠢᠳᠥᠯ ᠲᠠᠢ᠂ ᠬᠤᠨᠢ ᠢᠮᠠᠭ᠎ᠠ ᠶᠢ ᠬᠠᠮᠳᠣ ᠬᠠᠷᠢᠭᠤᠯᠪᠠᠯ ᠬᠤᠨᠢ ᠨᠢ ᠢᠮᠠᠭᠳᠠ ᠢᠮᠠᠭᠠᠠ ᠰᠥᠷᠥᠭ ᠠᠴᠠ ᠬᠤᠴᠣᠷᠬᠤ ᠪᠠᠶᠢᠳᠠᠯ ᠭᠠᠷᠣᠨ᠎ᠠ᠃ ᠡᠶᠢᠮᠥ ᠠᠴᠠ ᠰᠥᠷᠥᠭᠯᠡᠵᠥ ᠬᠠᠷᠢᠭᠤᠯᠬᠤ ᠥᠶ᠎ᠡ ᠳᠤ ᠢᠮᠠᠭ᠎ᠠ ᠪᠠ ᠬᠤᠨᠢ ᠶᠢ ᠰᠠᠯᠭᠠᠵᠤ ᠬᠠᠷᠢᠭᠤᠯᠪᠠᠯ ᠥᠰᠥᠯᠳᠡ ᠪᠤᠶᠢᠵᠢᠯᠳᠠ ᠳᠤ ᠨᠢ ᠠᠰᠢᠭ ᠲᠠᠢ ᠪᠠᠶᠢᠳᠠᠭ᠃      ᠬᠤᠶᠠᠷ᠂ ᠪᠣᠷᠣᠭᠠᠠ ᠤ ᠲᠠᠷᠠᠭᠠᠬᠢ ᠪᠡᠯᠴᠢᠭᠡᠷ ᠰᠢᠭᠦᠳᠡᠷᠢ ᠲᠠᠢ ᠪᠡᠯᠴᠢᠭᠡᠷ ᠪᠠ ᠬᠢᠷᠠᠭᠤ ᠴᠠᠰᠣ ᠲᠠᠢ ᠪᠡᠯᠴᠢᠭᠡᠷ ᠲᠤ ᠬᠠᠷᠢᠭᠤᠯᠬᠤ ᠨᠢ ᠵᠣᠬᠢᠬᠤ ᠥᠭᠡᠢ ᠵᠠᠷᠢᠮ ᠮᠠᠯᠴᠢᠨ ᠪᠣᠷᠣᠭᠠᠠ ᠤ ᠲᠠᠷᠠᠭᠠᠬᠢ ᠪᠡᠯᠴᠢᠭᠡᠷ ᠪᠠ ᠥᠷᠯᠥᠭᠡ ᠶᠢᠨ ᠰᠢᠭᠦᠳᠡᠷᠢ ᠲᠠᠢ ᠪᠡᠯᠴᠢᠭᠡᠷ ᠲᠤ ᠬᠤᠨᠢ‌ᠢᠮᠠᠭ᠎ᠠ ᠪᠠᠨ ᠬᠠᠷᠢᠭᠤᠯᠪᠠᠯ ᠡᠪᠡᠰᠥ ᠢᠳᠡᠰᠢᠯᠡᠬᠦ ᠶᠢᠨ ᠲᠠᠭᠠᠣ ᠳᠤ ᠣᠰᠣ ᠪᠠᠰᠠ ᠣᠯᠵᠤ ᠣᠣᠭᠤᠨ᠎ᠠ ᠭᠡᠵᠥ ᠥᠵᠡᠳᠡᠭ᠂ ᠡᠨᠡ ᠨᠢ ᠰᠢᠡᠵᠢᠯᠡᠬᠦ ᠣᠬᠠᠭᠠᠠᠴᠢ ᠪᠣᠰᠣ ᠶᠣᠮ᠃ ᠣᠴᠢᠷ ᠨᠢ ᠬᠤᠨᠢ ᠢᠮᠠᠭ᠎ᠠ ᠶᠡᠭᠡ ᠬᠡᠮᠵᠢᠶᠡᠡ ᠤ ︽ᠣᠰᠣ ᠲᠠᠢ ᠡᠪᠡᠰᠥ︾ ᠶᠢ ᠢᠳᠡᠰᠢᠯᠡᠪᠡᠯ ᠡᠪᠡᠰᠥ ᠨᠢ ᠬᠤᠳᠣᠭᠤᠳᠣ ᠭᠡᠳᠡᠰᠥᠨ ᠳᠤ ᠠᠮᠠᠷᠬᠠᠠ ᠢᠯᠵᠢᠷᠡᠡ ᠢᠰᠴᠥ᠂ ᠬᠡᠢ ᠡᠭᠦᠰᠥᠭᠡᠳ ᠲᠥᠷᠭᠡᠡ ᠴᠢᠨᠡᠷ ᠲᠠᠢ ᠬᠤᠳᠣᠭᠤᠳᠣ ᠭᠡᠳᠡᠰᠥ ᠬᠥᠭᠡᠭᠡᠬᠦ ᠭᠡᠮ ᠢ ᠥᠳᠥᠭᠡᠡ ᠡᠭᠦᠰᠬᠡᠵᠥ᠂ ᠲᠥᠷᠭᠡᠡ ᠠᠪᠣᠷᠠᠬᠤ ᠥᠭᠡᠢ ᠪᠣᠯ ᠠᠮᠡᠷᠬᠠᠠ ᠥᠬᠦᠨ᠎ᠡ᠃      ︽ᠣᠰᠣ ᠲᠠᠢ ᠡᠪᠡᠰᠥ︾ ᠲᠡᠭᠡᠷ᠎ᠡ ᠥᠷᠭᠦᠯᠵᠢ ᠡᠯᠢᠭᠡᠡ ᠤ ᠰᠢᠮᠡᠭᠦᠷᠢ ᠬᠤᠷᠣᠬᠠᠢ ᠶᠢᠨ ᠠᠪᠠᠭᠠᠯᠳᠠᠢ ᠨᠠᠭᠠᠯᠳᠣᠵᠣ ᠪᠠᠶᠢᠬᠤ ᠲᠣᠯᠠ ᠡᠪᠡᠰᠥ ᠲᠠᠢ ᠨᠢ ᠬᠠᠮᠳᠣ ᠢᠳᠡᠰᠢᠯᠡᠪᠡᠯ ᠬᠤᠨᠢ ᠢᠮᠠᠭ᠎ᠠ ᠶᠢ ᠬᠥᠨᠥᠭᠡᠬᠦ ᠪᠣᠯᠣᠨ᠎ᠠ᠃ ᠲᠠᠬᠢᠨ ᠪᠣᠷᠣᠭᠠᠠ ᠤ ᠲᠠᠷᠠᠭ᠎ᠠ ᠪᠠ ᠰᠢᠭᠦᠳᠡᠷᠢ ᠲᠠᠢ ᠥᠶ᠎ᠡ ᠳᠤ ᠬᠤᠨᠢ ᠢᠮᠠᠭ᠎ᠠ ᠪᠠᠨ ᠠᠳᠣᠭᠤᠯᠪᠠᠯ ᠭᠠᠵᠠᠷ ᠨᠦᠢᠳᠠᠠ ᠴᠢᠬᠢᠭᠯᠢᠭ᠂ ᠰᠢᠪᠠᠷ ᠱᠠᠯᠴᠢᠬ ᠲᠠᠢ ᠲᠣᠯᠠ ᠲᠣᠭᠤᠷᠠᠢ ᠶᠢᠨ ᠰᠠᠯᠠᠭᠠᠠ ᠳᠤ ᠠᠮᠠᠷᠬᠠᠠ ᠰᠢᠪᠠᠷ ᠰᠢᠷᠣᠢ ᠬᠠᠪᠴᠢᠭᠳᠠᠵᠣ᠂ ᠬᠤᠨᠢ ᠢᠮᠠᠭ᠎ᠠ ᠶᠢᠨ ᠲᠣᠭᠤᠷᠠᠢ ᠶᠢ ᠢᠯᠵᠢᠷᠡᠭᠦᠯᠥᠭᠡᠳ ᠶᠠᠪᠣᠬᠤ ᠳᠤ ᠬᠥᠴᠢᠷᠳᠡᠵᠥ᠂ ᠬᠥᠡᠳᠥ ᠥᠶ᠎ᠡ ᠳᠤ ᠬᠤᠬᠢᠰᠣ ᠨᠢ ᠣᠨᠠᠵᠤ᠂ ᠬᠠᠵᠠᠭᠠᠷ ᠪᠣᠯᠬᠤ ᠪᠣᠯᠣᠨ᠎ᠠ᠃ ᠡᠭᠦᠨ ᠠᠴᠠ ᠭᠠᠳᠠᠨ᠎ᠠ ᠬᠤᠨᠢ ᠢᠮᠠᠭ᠎ᠠ ᠶᠢ ᠬᠢᠷᠠᠭᠤ ᠴᠠᠰᠣ ᠲᠠᠢ ᠪᠡᠯᠴᠢᠭᠡᠷ ᠲᠤ ᠠᠳᠣᠭᠤᠯᠪᠠᠯ ᠠᠮᠠᠷᠬᠠᠠ ᠭᠡᠭᠡᠯ ᠬᠠᠶᠠᠬᠤ ᠵᠡᠷᠭᠡ ᠭᠡᠮ ᠢ ᠡᠭᠦᠰᠭᠡᠬᠦ ᠪᠣᠯᠣᠨ᠎ᠠ᠃
ᠢᠷᠡᠯᠲᠡ᠄ ᠤᠷᠳᠤᠰ ᠤᠨ ᠡᠳᠤᠷ ᠤᠨ ᠰᠤᠨᠢᠨ