ᠪᠤᠨᠳᠤᠭᠤᠷ ᠬᠦᠬᠡᠷᠦᠬᠦᠨ ᠴᠢᠷᠠᠢ ᠪᠤᠯᠪᠠᠷᠠᠢ ᠴᠡᠬᠡᠯᠬᠡᠨ ᠢᠨᠢᠶᠡᠳᠦ ᠨᠢ ᠬᠦᠷᠦᠰᠦᠳᠤ ᠲᠡᠯᠡᠬᠡᠢ ᠶᠢᠨ ᠬᠠᠮᠤᠭ ᠤᠨ | ᠭᠤᠶᠤ ᠦᠵᠡᠮᠵᠢ ᠵᠢᠷᠤᠬ ᠢ ᠪᠦᠷᠢᠳᠦᠬᠦᠯᠵᠤ ᠬᠠᠮᠤᠭ ᠤᠨ ᠰᠤᠨᠤᠰᠬᠤᠯᠠᠩ ᠢᠷᠠᠭᠤ ᠲᠠᠭᠤᠨ ᠢ ᠬᠠᠨᠭ᠍ᠭᠢᠨᠠᠭᠤᠯᠤᠬᠰᠠᠨ | ᠪᠠᠶᠢᠳᠠᠬ᠃ ᠬᠡᠦᠬᠡᠳ ᠠᠴᠠ ᠢᠷᠡᠳᠡᠭ ᠡᠶᠢᠮᠦᠷᠬᠦᠤ ᠦᠵᠡᠮᠵᠢ ᠠᠬᠤᠢ ᠪᠠ ᠦᠡᠭᠭᠡ ᠪᠤᠳᠤᠭ ᠪᠤᠯ ᠡᠨᠡ | ᠶᠢᠷᠳᠢᠨᠴᠤ ᠶᠢᠨ ᠶᠠᠭᠤ ᠨᠢᠬᠡ ᠪᠠᠷ ᠤᠷᠤᠯᠠᠭᠤᠯᠵᠤ ᠪᠤᠯᠤᠰᠢ ᠦᠬᠡᠢ ᠲᠠᠯᠠᠢ ᠪᠠᠶᠠᠨ ᠤᠶᠤᠨ ᠰᠠᠨᠠᠭᠠᠨ ᠤ ᠦᠨᠳᠤᠰᠤ | ᠰᠠᠭᠤᠷᠢ ᠪᠠ ᠲᠠᠳᠠᠭᠤᠷᠠᠰᠢ ᠦᠬᠡᠢ ᠬᠦᠴᠦᠨ ᠴᠢᠳᠠᠯ ᠤᠨ ᠡᠬᠢ ᠪᠤᠯᠠᠬ ᠪᠤᠯᠬᠤ ᠪᠢᠯᠡ᠃ ᠨᠠᠭᠠᠳᠴᠤ ᠪᠠᠶᠢᠭᠠᠳ | ᠤᠯᠵᠤ ᠠᠪᠤᠬᠰᠠᠨ ᠲᠠᠪᠢᠨ ᠮᠦᠡᠭᠬᠦ ᠶᠢᠨ ᠵᠤᠭᠤᠰ ᠢᠶᠠᠨ ᠴᠠᠬᠳᠠᠭ᠎ᠠ ᠠᠪᠠᠭ᠎ᠠ ᠳᠤ ᠲᠤᠰᠢᠶᠠᠵᠤ ᠲᠡᠰ ᠲᠠᠷᠠᠭᠠᠯᠠᠯ | ᠶᠤᠰᠤᠭᠠᠷ ᠲᠡᠮᠳᠡᠭᠯᠡᠵᠤ ᠪᠠᠶᠢᠭ᠎ᠠ ᠶᠢ ᠨᠢ ᠬᠠᠵᠠᠭᠤ ᠠᠴᠠ ᠨᠢ ᠬᠠᠷᠠᠵᠤ ᠵᠤᠬᠰᠤᠬᠰᠠᠨ ᠵᠢᠷᠭᠤᠭᠠᠨ ᠨᠠᠰᠤᠳᠠᠢ ᠪᠢᠴᠢᠬᠠᠨ | ᠬᠦᠦ ᠶᠢᠨ ᠲᠡᠷᠡ ᠬᠦ ᠬᠦᠬᠡᠷᠦᠬᠦᠨ ᠵᠢᠷᠤᠬ ᠦᠵᠡᠭᠳᠡᠯ ᠲᠧᠯᠸᠢᠰ ᠠᠴᠠ ᠦᠵᠡᠭᠰᠡᠨ ᠡᠳᠦᠷ ᠠᠴᠠ ᠡᠬᠢᠯᠡᠨ ᠮᠢᠨᠦ | ᠨᠢᠳᠦᠨ ᠳᠤ ᠬᠠᠷᠬᠠᠳᠠᠵᠤ ᠪᠤᠳᠤᠯ ᠳᠤ ᠤᠷᠤᠬᠰᠠᠭᠠᠷ ᠪᠠᠶᠢᠨ᠎ᠠ᠃ ᠰᠡᠳᠬᠢᠯ ᠢ ᠲᠤᠯᠠᠭᠠᠯᠠᠵᠤ ᠰᠠᠨᠠᠭ᠎ᠠ ᠶᠢ ᠪᠠᠶᠠᠰᠬᠠᠨ᠎ᠠ | ᠬᠡᠭᠴᠢ ᠮᠦᠡᠭᠬᠦ ᠲᠦᠬᠦᠷᠢᠭ ᠤᠨ ᠤᠯᠠᠨ ᠴᠦᠬᠡᠨ᠂ ᠶᠠᠪᠤᠳᠠᠯ ᠤᠴᠢᠷ ᠤᠨ ᠶᠡᠭᠡ ᠪᠠᠭ᠎ᠠ ᠳᠤᠨᠢ ᠪᠠᠶᠢᠬᠤ ᠪᠢᠰᠢ᠂ | ᠬᠠᠷᠢᠨ ᠲᠡᠬᠦᠨ ᠤ ᠠᠴᠢ ᠬᠤᠯᠪᠤᠬᠳᠠᠯ ᠦᠨ᠎ᠠ ᠴᠠᠨ᠎ᠠ ᠶᠢ ᠬᠠᠷᠠᠭᠤᠯᠤᠬᠰᠠᠨ ᠵᠦᠪ ᠡᠨᠧᠷᠬᠢ ᠪᠤᠶᠤ ᠬᠠᠯᠠᠭᠤᠨ | ᠲᠤᠯᠠᠭᠠᠨ ᠨᠦᠯᠦᠬᠡᠯᠡᠬᠦ ᠬᠦᠴᠦᠨ ᠳᠤᠨᠢ ᠪᠠᠶᠢᠭ᠎ᠠ ᠠᠵᠢ᠃ ︽ᠪᠤᠰᠤᠳ ᠢ ᠬᠠᠪᠰᠤᠷᠬᠤ ᠪᠠᠷ ᠵᠢᠷᠭᠠᠯ ᠢᠶᠠᠨ ᠪᠤᠯᠭᠠᠨ᠎ᠠ︾ | ᠂ ︽ᠤᠯᠤᠬᠰᠠᠨ ᠶᠠᠭᠤᠮ᠎ᠠ ᠪᠠᠨ ᠡᠵᠡᠨ ᠳᠤᠨᠢ ᠲᠤᠰᠢᠶᠠᠨ᠎ᠠ︾ ᠭᠡᠭᠴᠢ ᠪᠢᠳᠡᠨ ᠤ ᠤᠯᠠᠮᠵᠢᠯᠠᠯᠳᠤ ᠰᠤᠷᠭᠠᠯ ᠳᠤ | ᠤᠮᠳᠤᠭᠠᠶᠢᠢᠯᠠᠵᠤ ᠪᠤᠯᠤᠰᠢ ᠦᠬᠡᠢ ᠴᠢᠬᠤᠯᠠ ᠠᠭᠤᠯᠭ᠎ᠠ ᠪᠤᠯᠵᠤ ᠬᠡᠦᠬᠡᠳ ᠤᠨ ᠬᠠᠷᠠᠬᠠᠨ ᠪᠠᠭ᠎ᠠ ᠠᠴᠠ ᠪᠠᠨ ᠬᠦᠮᠦᠨ | ᠪᠤᠯᠵᠤ ᠬᠦᠮᠦᠵᠢᠭᠳᠡᠬᠦ ᠶᠢᠨ ᠠᠩᠬᠠᠨ ᠤ ᠭᠠᠷᠤᠭ᠎ᠠ ᠪᠤᠯᠵᠤ ᠪᠠᠶᠢᠳᠠᠬ᠃ ᠦᠨᠦ ᠪᠢᠴᠢᠬᠠᠨ ᠨᠠᠶᠢᠵᠠ ᠡᠨᠡ ᠬᠦ ᠦᠢᠯᠡ | ᠠᠵᠢᠯᠯᠠᠭ᠎ᠠ ᠠᠴᠠ ᠪᠠᠨ ᠤᠯᠠᠮ ᠵᠤᠷᠢᠬᠵᠢᠵᠤ᠂ ᠦᠰᠴᠤ ᠲᠤᠷᠨᠢᠨ ᠦᠬᠡᠯᠡᠢ ᠪᠤᠯᠬᠤ ᠶᠢᠨ ᠢᠳᠡᠪᠬᠢ ᠤᠶᠤᠨ | ᠰᠠᠨᠠᠭᠠᠨ ᠤ ᠲᠤᠯᠭᠠᠭᠤᠷᠢᠯᠠᠯ ᠢᠶᠠᠨ ᠪᠤᠯᠭᠠᠵᠤ᠂ ᠦᠪᠡᠷ ᠤᠨ ᠬᠤᠵᠢᠮ ᠬᠤᠶᠢᠰᠢᠳᠠ ᠶᠢᠨ ᠪᠤᠶᠢᠵᠢᠯᠳᠠ | ᠬᠦᠭᠵᠢᠯᠳᠡ ᠶᠢᠨ ᠢᠳᠡᠪᠬᠢ ᠬᠦᠴᠦᠨ ᠤ ᠡᠬᠢ ᠰᠤᠷᠪᠤᠯᠵᠢ ᠪᠠᠨ ᠤᠯᠵᠤ ᠠᠪᠤᠬᠰᠠᠨ ᠳ᠋ᠠ ᠬᠡᠵᠤ ᠪᠤᠳᠤᠬᠤ | ᠲᠤᠰᠤᠮ ᠢᠶᠠᠨ ᠵᠢᠵᠢᠭ ᠰᠠᠶᠢᠬᠠᠨ ᠶᠠᠪᠤᠳᠠᠯ ᠴᠤ ᠲᠤᠮᠤ ᠤᠷᠴᠢᠨ ᠢ ᠨᠦᠯᠦᠬᠡᠯᠡᠳᠡᠭ ᠪᠠᠶᠢᠨ᠎ᠠ ᠬᠡᠵᠤ ᠤᠬᠠᠵᠤ ᠮᠡᠳᠡᠪᠡ᠃ | | ᠵᠢᠷᠬᠢᠶ᠎ᠠ ᠶᠢᠨ ᠲᠤᠭᠤᠷᠢᠬ ᠲᠤ ᠨᠡᠶᠢᠳᠡᠯᠡᠭᠰᠡᠨ ᠨᠠᠶᠢᠵᠠ ᠶᠢᠨ ᠲᠡᠳᠡᠬᠡᠷ ᠬᠡᠷᠡᠯ ᠵᠢᠷᠤᠬ ᠪᠤᠯ ᠴᠡᠴᠡᠷᠯᠢᠭ ᠤᠨ | ᠪᠢᠴᠢᠬᠠᠨ ᠨᠠᠶᠢᠵᠠ ᠨᠠᠷ ᠤᠨ ᠰᠢᠨ᠎ᠠ ᠵᠢᠯ ᠢ ᠪᠡᠯᠬᠡᠯᠡᠬᠦ ᠲᠠᠭᠤᠤ ᠪᠦᠵᠢᠭ ᠤᠨ ᠵᠢᠷᠤᠬ ᠦᠵᠡᠭᠳᠡᠯ ᠪᠠᠶᠢᠪᠠ᠃ | ᠬᠡᠬᠦ ᠳᠡᠭᠡᠨ ᠪᠤᠨᠳᠤᠭᠤᠷ ᠴᠢᠷᠠᠢ ᠪᠠᠨ ᠪᠤᠳᠤᠵᠤ ᠴᠢᠮᠡᠭᠰᠡᠨ ᠪᠢᠴᠢᠬᠠᠨ ᠬᠦᠦ ᠶᠢᠨ ᠲᠠᠶᠢᠰᠠᠨ ᠳᠤ ᠭᠠᠷᠬᠤ ᠠᠴᠠ | ᠡᠮᠦᠨᠡᠬᠢ ᠲᠡᠷᠡ ᠬᠦ ᠬᠦᠰᠠᠵᠤ ᠬᠦᠯᠢᠶᠡᠭᠰᠡᠨ᠂ ᠠᠩᠬᠠᠷᠤᠯ ᠲᠦᠪᠯᠡᠷᠡᠭᠰᠡᠨ ᠵᠢᠷᠤᠬ ᠨᠢ ᠨᠠᠮᠠᠶᠢᠢ ᠦᠨᠡᠬᠡᠷ | ᠲᠤᠭᠳᠤᠯᠤᠭᠤᠯᠪᠠ᠃ ᠵᠦᠪᠬᠡᠨ ᠬᠡᠦᠬᠡᠳ ᠠᠴᠠ ᠯᠡ ᠪᠢᠳᠡ ᠰᠠᠶ᠋ᠢ ᠬᠦᠨᠳᠡᠭᠡ ᠦᠬᠡᠢ ᠴᠠᠭᠠᠨ ᠴᠠᠭᠠᠰᠤ ᠰᠢᠬ ᠴᠡᠪᠡᠷ | ᠰᠠᠶᠢᠬᠠᠨ᠂ ᠴᠡᠯᠮᠡᠭ ᠲᠤᠩᠭᠠᠯᠠᠬ ᠦᠡᠭᠭᠡ ᠪᠤᠳᠤᠬ ᠢ ᠤᠯᠵᠤ ᠬᠠᠷᠠᠳᠠᠬ ᠪᠦᠬᠡᠳ ᠡᠴᠢᠨ᠎ᠠ ᠲᠠᠯᠳᠠ ᠶᠢᠨ ᠡᠷᠴᠢ | ᠬᠦᠴᠦᠨ ᠢ ᠰᠤᠪᠢᠵᠤ ᠤᠬᠠᠭᠠᠳ ᠢᠳᠡᠬᠡᠯ ᠵᠤᠷᠢᠬ ᠤᠮᠤᠬ ᠪᠠᠭ᠋ᠠᠳᠤᠯ ᠤᠨ ᠬᠦᠨ ᠲᠠᠯᠠᠢ ᠳᠤ ᠪᠠᠶ᠎ᠠ ᠰᠡᠳᠬᠢᠯ ᠮᠢᠨᠢ | ᠱᠤᠩᠪᠠᠳᠠᠬ ᠪᠢᠯᠡ᠃ ᠬᠡᠦᠬᠡᠳ ᠠᠴᠠ ᠪᠠᠨ ᠬᠦᠷᠳᠡᠳᠡᠭ ᠬᠠᠪᠤ ᠴᠡᠩᠭᠡᠯ ᠪᠠᠶᠠᠷ ᠵᠢᠷᠭᠠᠯ ᠢ ᠬᠡᠯᠡᠵᠤ ᠢᠯᠡᠳᠬᠡᠬᠦ ᠳᠤ | ᠦᠬᠡ ᠬᠤᠮᠰᠠᠳᠠᠨᠠ᠃ ᠬᠦᠮᠦᠨ ᠬᠡᠵᠤ ᠶᠠᠭᠤᠨ ᠢᠶᠠᠷ ᠢᠶᠠᠨ ᠪᠠᠭ᠋ᠠᠷᠬᠠᠵᠤ ᠪᠠᠶᠠᠷᠬᠠᠵᠤ ᠪᠠᠶᠠᠨ ᠪᠠᠷᠳᠠᠮ ᠶᠠᠪᠤᠳᠠᠬ ᠤᠨ | ᠨᠢᠬᠡᠨ ᠲᠤᠮᠤ ᠬᠦᠴᠦᠨ ᠴᠢᠳᠠᠯ ᠪᠤᠯ ᠬᠡᠦᠬᠡᠳ ᠮᠢᠨᠢ ᠶᠤᠮ ᠪᠢᠯᠡ᠃ | ᠬᠡᠦᠬᠡᠳ ᠢᠶᠠᠨ ᠪᠢᠳᠡ ᠨᠠᠭᠠᠳᠬᠤ ᠳᠤᠨᠢ ᠬᠠᠨᠤᠳᠠᠯ᠎ᠠ ᠨᠠᠭᠠᠳᠤᠭᠤᠯᠤᠶ᠎ᠠ᠃ ᠰᠤᠷᠬᠤ ᠳᠤᠨᠢ ᠪᠠᠭ᠋ᠠᠳᠠᠢ ᠰᠤᠷᠭᠠᠶ᠎ᠠ᠃ | ᠬᠢᠷᠢ ᠠᠴᠠ ᠨᠢ ᠬᠡᠳᠦᠷᠡᠭᠰᠡᠨ ᠲᠠᠷᠤᠭᠠᠰᠤ ᠶᠢ ᠮᠦᠷᠦᠨ ᠠᠴᠠ ᠨᠢ ᠰᠠᠯᠭᠠᠵᠤ ᠠᠪᠤᠶ᠎ᠠ᠃ ᠲᠠᠭᠠᠭᠠᠴᠠ ᠠᠴᠠ ᠨᠢ | ᠲᠠᠪᠠᠭᠰᠠᠨ ᠨᠠᠶᠢᠳᠠᠯᠭ᠎ᠠ ᠪᠠᠨ ᠪᠤᠳᠤᠯ ᠠᠴᠠ ᠨᠢ ᠬᠦᠡᠭᠬᠡᠯᠡᠵᠤ ᠦᠵᠡᠶ᠎ᠠ᠃ ᠬᠡᠦᠬᠡᠳ ᠤᠨ ᠤᠢ ᠪᠢᠯᠢᠭ ᠨᠠᠰᠤ ᠵᠢᠯ ᠳᠤ | ᠲᠤᠬᠢᠷᠠᠬᠰᠠᠨ ᠬᠦᠮᠦᠵᠢᠯ ᠪᠤᠯ ᠰᠠᠶ᠋ᠢ ᠬᠠᠮᠤᠭ ᠤᠨ ᠪᠦᠲᠦᠮᠵᠢᠳᠡᠢ ᠠᠷᠭ᠎ᠠ ᠬᠢᠳᠡᠯ ᠪᠤᠯᠤᠨ᠎ᠠ᠃ ᠠᠮᠢ ᠨᠠᠰᠤᠨ ᠤ ᠤᠷᠳᠤ | ᠠᠶᠠᠨ ᠳᠠᠬᠢ ᠬᠠᠮᠤᠭ ᠤᠨ ᠪᠠᠶᠠᠷ ᠪᠠᠭ᠋ᠠᠳᠤᠯ ᠲᠠᠢ᠂ ᠬᠠᠮᠤᠭ ᠤᠨ ᠰᠡᠳᠬᠢᠯ ᠬᠠᠨᠤᠮᠵᠢᠳᠠᠢ᠂ ᠬᠠᠮᠤᠭ ᠤᠨ ᠠᠮᠵᠢᠯᠳᠠ | ᠪᠦᠲᠦᠮᠵᠢᠳᠡᠢ ᠵᠠᠮᠨᠠᠯ ᠪᠤᠯ ᠬᠦᠷᠦᠰᠦᠳᠤ ᠶᠢᠷᠳᠢᠨᠴᠤ ᠶᠢᠨ ᠰᠠᠯᠬᠢ ᠪᠤᠷᠤᠭᠠᠨ ᠢ ᠴᠤᠭᠭᠠᠷ ᠳᠤᠭᠤᠯᠵᠤ ᠰᠠᠶᠢᠨ | ᠰᠠᠶᠢᠬᠠᠨ ᠢ ᠬᠤᠪᠢᠶᠠᠯᠴᠠᠨ ᠡᠳ᠋ᠯᠡᠵᠦ᠂ ᠬᠡᠦᠬᠡᠳ ᠲᠠᠢ ᠪᠠᠨ ᠬᠠᠮᠳᠤ ᠪᠠᠷ ᠬᠦᠮᠦᠵᠢᠵᠤ ᠪᠤᠶᠢᠵᠢᠬᠤ ᠳᠤ ᠪᠠᠶᠢᠨ᠎ᠠ᠃ | |