ᠴᠢᠨᠠᠷ ᠰᠠᠶᠢᠳᠠᠢ ᠲᠡᠵᠢᠭᠡᠯ ᠡᠪᠡᠰᠥ — ᠲᠥᠡᠭᠭᠡ
ᠨᠡᠶᠢᠲᠡᠯᠡᠭᠰᠡᠨ ᠴᠠᠭ᠄
2020/11/16
                  ᠴᠢᠨᠠᠷ ᠰᠠᠶᠢᠳᠠᠢ ᠲᠡᠵᠢᠭᠡᠯ ᠡᠪᠡᠰᠥ — ᠲᠥᠡᠭᠭᠡ      ᠲᠥᠡᠭᠭᠡ ᠪᠠᠰᠠ ᠥᠯᠥᠨ ᠬᠢᠶᠠᠭ ᠭᠡᠳᠡᠭ᠃ ᠲᠡᠷᠡ ᠨᠢ ᠥᠶᠡᠳᠥ ᠣᠷᠭᠤᠮᠠᠯ ᠤᠨ ᠢᠵᠠᠭᠤᠷ ᠤᠨ ᠪᠣᠭᠤᠳᠠᠢ ᠶᠢᠨ ᠲᠥᠷᠥᠯ ᠤᠨ ᠣᠯᠠᠠ ᠨᠠᠰᠣᠳᠣ ᠡᠪᠡᠰᠦᠯᠢᠭ ᠣᠷᠭᠤᠮᠠᠯ ᠪᠣᠯᠣᠨ᠎ᠠ᠃ ᠥᠡᠳᠥᠰᠦᠯᠢᠭ ᠡᠰᠢ ᠲᠠᠢ᠂ ᠰᠠᠬᠠᠯ ᠥᠡᠳᠥᠰᠥ ᠲᠠᠢ᠂ ᠰᠥᠷᠡᠯ ᠨᠢ ᠰᠢᠯᠣᠭᠤᠠ᠂ ᠬᠠᠳᠠᠭᠤ᠂ ᠭᠠᠭᠴᠠᠭᠠᠷ ᠪᠣᠶᠣ ᠰᠡᠶᠢᠷᠡᠭ ᠪᠣᠳᠠᠯᠠᠵᠤ ᠣᠷᠭᠤᠳᠠᠭ᠃ ᠶᠡᠷᠥ ᠳᠤ ᠪᠠᠨ 45 — 90cm ᠥᠡᠳᠥᠷ ᠣᠷᠭᠤᠵᠣ᠂ 2 — 3 ᠥᠶ᠎ᠡ ᠲᠠᠢ᠂ ᠲᠡᠭᠡᠳᠥ ᠭᠡᠰᠡᠭ ᠲᠤ ᠨᠢ ᠵᠥᠭᠡᠯᠡᠡ ᠥᠰᠥ ᠲᠠᠢ᠂ ᠣᠭ ᠲᠤ ᠨᠢ ᠬᠤᠪᠠᠭ᠋ᠠᠶᠢᠷᠠᠬᠰᠠᠠ ᠨᠠᠪᠴᠢᠨ ᠤ ᠰᠢᠭᠡᠭ ᠮᠡᠳᠥ ᠲᠣᠭᠳᠣᠢ ᠶᠢᠨ ᠥᠯᠡᠳᠡᠭᠳᠡᠯ ᠣᠯᠠᠠ ᠪᠠᠶᠢᠳᠠᠭ᠃      ᠲᠥᠡᠭᠭᠡ ᠶᠢᠨ ᠢᠵᠠᠭᠤᠷ ᠤᠨ ᠣᠷᠭᠤᠮᠠᠯ ᠲᠡᠯᠡᠬᠡᠢ ᠲᠡᠭᠡᠷ᠎ᠡ 30 ᠭᠠᠷᠣᠢ ᠵᠥᠢᠯ ᠪᠠᠶᠢᠵᠤ᠂ ᠮᠠᠠ ᠤ ᠣᠯᠣᠰ ᠲᠤ 10 ᠭᠠᠷᠣᠢ ᠵᠥᠢᠯ ᠪᠠᠶᠢᠳᠠᠭ᠃ ᠣᠯᠠᠩᠬᠢ ᠨᠢ ᠰᠢᠯᠢᠳᠡᠭ ᠰᠠᠶᠢᠨ ᠲᠡᠵᠢᠭᠡᠯ ᠡᠪᠡᠰᠥ ᠪᠣᠯᠣᠨ᠎ᠠ᠃ ᠲᠥᠡᠭᠭᠡ ᠴᠢᠬᠢᠭ ᠨᠦᠢᠳᠠᠠ ᠳᠤ ᠲᠣᠷ᠎ᠠ ᠲᠠᠢ ᠪᠥᠭᠡᠳ ᠭᠠᠨᠭ᠌ ᠬᠠᠭᠤᠷᠠᠢ ᠳᠤ ᠲᠡᠰᠪᠥᠷᠢᠳᠡᠢ ᠪᠠᠶᠢᠵᠣ᠂ ᠶᠡᠷᠥ ᠳᠤ ᠪᠠᠨ ᠪᠠᠭ᠎ᠠ ᠬᠡᠮᠵᠢᠶᠡᠡ ᠤ ᠬᠤᠵᠢᠷᠯᠢᠬ ᠣᠷᠴᠢᠨ ᠳᠤ ᠵᠣᠬᠢᠴᠠᠵᠣ ᠴᠢᠳᠠᠳᠠᠭ ᠶᠣᠮ᠃ ᠡᠬᠦᠨ ᠠᠴᠠ ᠭᠠᠳᠠᠨ᠎ᠠ ᠲᠥᠡᠭᠭᠡ ᠶᠢᠨ ᠥᠷ᠎ᠡ ᠶᠢᠨ ᠮᠥᠬᠦᠯᠢᠭ ᠨᠢ ᠬᠠᠷᠢᠴᠠᠩᠭᠤᠢ ᠲᠣᠮᠣ ᠪᠠᠶᠢᠳᠠᠭ᠃ ᠡᠳᠡᠭᠡᠷ ᠰᠢᠯᠢᠳᠡᠭ ᠰᠢᠡᠵᠢ ᠠᠴᠠ ᠪᠣᠯᠵᠤ ᠲᠥᠡᠭᠭᠡ ᠶᠢᠨ ᠢᠵᠠᠭᠤᠷ ᠤᠨ ᠣᠷᠭᠤᠮᠠᠯ ᠤᠨ ᠰᠥᠷᠬᠦ ᠶᠢ ᠡᠰᠡᠷᠭᠦᠴᠡᠬᠦ ᠣᠳᠣᠮᠯᠠᠯ ᠤᠨ ᠭᠸᠡ ᠨᠢ ᠣᠳᠣᠮᠯᠠᠯ ᠤᠨ ᠰᠣᠳᠣᠯᠭᠠᠳᠠᠠ ᠤ ᠠᠩᠬᠠᠷᠣᠯ ᠢ ᠲᠠᠳᠠᠵᠤ᠂ ᠰᠥᠷᠬᠦ ᠶᠢ ᠡᠰᠡᠷᠭᠦᠴᠡᠬᠦ ᠲᠠᠷᠢᠮᠠᠯ ᠤᠨ ᠡᠭᠦᠯᠳᠡᠷ ᠪᠤᠶᠢᠵᠢᠭᠤᠯᠬᠤ ᠳᠤ ᠣᠬᠢ ᠲᠥᠭᠦᠬᠡᠢ ᠮᠠᠲ᠋ᠧᠷᠢᠶᠠᠯ ᠪᠣᠯᠣᠭᠰᠠᠠ ᠪᠠᠶᠢᠨ᠎ᠠ᠃      ᠠᠮᠢᠳᠣ ᠪᠣᠳᠠᠰ ᠤᠨ ᠲᠠᠯ᠎ᠠ ᠶᠢᠨ ᠣᠠᠴᠠᠯᠢᠬ᠄ ᠲᠥᠡᠭᠭᠡ ᠶᠢᠨ ᠪᠡᠯᠴᠢᠭᠡᠷ ᠪᠣᠯ ᠮᠠᠰᠢ ᠴᠢᠬᠤᠯᠠ ᠪᠠᠶᠢᠭᠠᠯᠢ ᠶᠢᠨ ᠬᠠᠳᠣᠯᠠᠩ ᠪᠣᠯᠬᠤ ᠶᠣᠮ᠃ ᠲᠥᠡᠭᠭᠡ ᠡᠪᠡᠰᠥ ᠨᠣᠭᠤᠭᠠᠷᠠᠬᠤ ᠨᠢ ᠡᠷᠳᠡ᠂ ᠥᠰᠥᠯᠳᠡ ᠨᠢ ᠲᠥᠷᠭᠡᠡ᠂ ᠨᠠᠪᠴᠢ ᠨᠢ ᠣᠯᠠᠠ᠂ ᠥᠡᠳᠥᠰᠥᠨ ᠰᠢᠰᠲ᠋ᠧᠮ ᠤᠨ ᠬᠥᠭᠵᠢᠯᠳᠡ ᠨᠢ ᠰᠠᠶᠢᠨ᠂ ᠪᠡᠯᠭᠡ ᠶᠢᠨ ᠪᠣᠰᠣ ᠥᠷᠡᠵᠢᠯ ᠤᠨ ᠴᠢᠳᠠᠪᠣᠷᠢ ᠴᠢᠩᠭ᠎ᠠ᠂ ᠪᠣᠳᠠᠯᠠᠬᠤ ᠨᠢ ᠢᠬᠴᠢ ᠰᠠᠬᠤᠯᠠᠭ ᠵᠡᠷᠭᠡ ᠣᠠᠴᠠᠯᠢᠬ ᠲᠠᠢ ᠪᠠᠶᠢᠵᠣ᠂ ᠥᠡᠳᠥᠷ ᠣᠨᠠᠯᠳᠠ ᠲᠠᠢ ᠰᠢᠯᠢᠳᠡᠭ ᠰᠠᠶᠢᠨ ᠲᠡᠵᠢᠭᠡᠯ ᠡᠪᠡᠰᠥ ᠪᠣᠯᠣᠨ᠎ᠠ᠃ ᠨᠢᠯᠬ᠎ᠠ ᠥᠶ᠎ᠡ ᠳᠤ ᠨᠢ ᠮᠣᠷᠢ᠂ ᠥᠬᠡᠷ᠂ ᠢᠮᠠᠭ᠎ᠠ᠂ ᠲᠡᠮᠡᠭᠡ ᠵᠡᠷᠭᠡ ᠪᠥᠷ ᠢᠳᠡᠬᠦ ᠲᠣᠷ᠎ᠠ ᠲᠠᠢ᠃ ᠵᠣᠠ ᠤ ᠣᠯᠠᠷᠢᠯ ᠳᠤ ᠢᠳᠡᠭᠦᠷᠢ ᠮᠠᠭᠤᠳᠠᠬᠤ ᠪᠣᠯᠪᠠᠴᠣ ᠲᠠᠬᠢᠨ ᠰᠡᠷᠭᠦᠵᠥ᠂ ᠡᠪᠥᠯ ᠤᠨ ᠣᠯᠠᠷᠢᠯ ᠳᠤ ᠡᠯ᠎ᠡ ᠵᠥᠢᠯ ᠤᠨ ᠲᠡᠵᠢᠭᠡᠪᠥᠷᠢ ᠪᠥᠷ ᠢᠳᠡᠳᠡᠭ᠃ ᠲᠥᠡᠭᠭᠡ ᠮᠠᠯ ᠤᠨ ᠬᠢᠰᠬᠢᠯᠡᠬᠦ ᠳᠤ ᠲᠠᠭᠠᠭᠠᠴᠠ ᠲᠠᠢ᠂ ᠲᠠᠬᠢᠨ ᠠᠮᠢᠯᠠᠬᠤ ᠴᠢᠳᠠᠪᠣᠷᠢ ᠴᠢᠩᠭ᠎ᠠ ᠣᠴᠢᠷ ᠠᠴᠠ ᠡᠭᠡᠯᠵᠢᠯᠡᠡ ᠮᠠᠯᠵᠢᠬᠤ ᠳᠤ ᠲᠣᠬᠢᠷᠠᠮᠵᠢᠳᠠᠢ᠃ ᠬᠠᠳᠣᠭᠰᠠᠠ ᠤ ᠰᠡᠭᠦᠯᠡᠷᠬᠢ ᠲᠠᠬᠢᠨ ᠠᠮᠢᠯᠠᠬᠰᠠᠠ ᠲᠡᠵᠢᠭᠡᠯ ᠡᠪᠡᠰᠥ ᠶᠢ ᠲᠠᠬᠢᠭᠠᠳ ᠮᠠᠯᠵᠢᠯ ᠳᠤ ᠬᠡᠷᠡᠭᠯᠡᠵᠥ ᠪᠣᠯᠳᠠᠭ᠃ ᠡᠪᠡᠰᠥᠨ ᠤ ᠴᠢᠨᠠᠷ ᠨᠢ ᠰᠠᠶᠢᠨ᠂ ᠰᠢᠮ᠎ᠡ ᠲᠡᠵᠢᠭᠡᠯ ᠡᠯᠪᠡᠭ᠂ ᠬᠠᠳᠠᠭᠠᠭᠰᠠᠠ ᠡᠪᠡᠰᠥ ᠪᠣᠯᠭᠠᠬᠤ ᠳᠤ ᠲᠣᠬᠢᠷᠠᠮᠵᠢᠳᠠᠢ ᠣᠴᠢᠷ ᠠᠴᠠ ᠪᠣᠷᠤᠭ ᠡᠪᠡᠰᠥ ᠪᠣᠯᠭᠠᠬᠤ ᠳᠤ ᠲᠣᠬᠢᠷᠠᠮᠵᠢᠳᠠᠢ ᠡᠪᠡᠰᠥᠨ ᠤ ᠲᠥᠷᠥᠯ ᠪᠣᠯᠣᠨ᠎ᠠ᠃      ᠲᠠᠷᠬᠠᠯᠳᠠ ᠶᠢᠨ ᠣᠠᠴᠠᠯᠢᠬ᠄ ᠲᠥᠡᠭᠭᠡ ᠪᠣᠯ ᠭᠠᠨᠭ᠌ ᠬᠠᠭᠤᠷᠠᠢ ᠭᠠᠵᠠᠷ ᠣᠷᠭᠤᠳᠠᠭ ᠣᠠᠴᠠᠭᠠᠢ ᠣᠷᠭᠤᠮᠠᠯ ᠤᠨ ᠲᠥᠷᠥᠯ ᠪᠣᠯᠬᠤ ᠶᠣᠮ᠃ ᠭᠤᠣᠯᠳᠠᠭᠤ ᠣᠮᠠᠷᠠᠳᠣ ᠬᠠᠭᠠᠰ ᠪᠥᠮᠪᠥᠷᠴᠡᠭ ᠤᠨ ᠲᠣᠯᠠᠭᠠᠠ ᠪᠥᠰᠡ ᠵᠢᠴᠢ ᠬᠥᠢᠳᠡᠡ ᠲᠣᠯᠠᠭᠠᠠ ᠪᠥᠰᠡ ᠪᠠᠷ ᠲᠠᠷᠬᠠᠳᠠᠭ᠃ ᠠᠽᠢᠶ᠎ᠡ ᠲᠢᠪ ᠤᠨ ᠲᠣᠮᠳᠠ ᠭᠡᠰᠡᠭ᠂ ᠡᠸᠦ᠋ᠷᠥᠫᠠ ᠲᠢᠪ᠂ ᠠᠮᠧᠷᠢᠺᠠ ᠲᠢᠪ ᠲᠤ ᠭᠡᠰᠡᠭ ᠲᠠᠷᠬᠠᠨ᠎ᠠ᠃ ᠲᠥᠡᠭᠭᠡ ᠲᠣᠯᠠᠭᠠᠠ ᠲᠠᠴᠢᠷ ᠴᠥᠯ ᠵᠢᠴᠢ ᠴᠥᠯᠯᠡᠷᠬᠡᠭ ᠲᠠᠯ᠎ᠠ ᠭᠠᠵᠠᠷ᠂ ᠨᠡᠶᠢᠳᠡᠯᠢᠭ ᠲᠠᠯ᠎ᠠ ᠭᠠᠵᠠᠷ᠂ ᠴᠢᠨᠠᠭᠰᠢᠳᠠ ᠲᠠᠯᠠᠢ ᠶᠢᠨ ᠲᠥᠪᠰᠢᠨ ᠠᠴᠠ 3000m ᠥᠡᠳᠥᠷ ᠬᠠᠬᠢᠷ ᠬᠥᠢᠳᠡᠡ ᠠᠭᠤᠯᠠᠷᠬᠠᠭ ᠲᠠᠯ᠎ᠠ ᠭᠠᠵᠠᠷ ᠬᠥᠷᠳᠡᠯ᠎ᠡ ᠲᠠᠷᠬᠠᠵᠣ ᠪᠠᠶᠢᠳᠠᠭ᠃ ᠲᠥᠡᠭᠭᠡ ᠶᠢᠨ ᠬᠥᠷᠥᠰᠥᠨ ᠳᠤ ᠵᠣᠬᠢᠴᠠᠬᠤ ᠴᠢᠨᠠᠷ ᠨᠡᠩ ᠥᠷᠭᠡᠡ ᠪᠠᠶᠢᠵᠤ᠂ ᠡᠯᠡᠰᠥᠷᠭᠡᠭ ᠪᠣᠶᠣ ᠪᠠᠭ᠎ᠠ ᠬᠤᠵᠢᠷ ᠲᠠᠢ ᠭᠠᠵᠠᠷ ᠠᠮᠢᠳᠣᠷᠠᠳᠠᠭ᠃ ᠮᠠᠠ ᠤ ᠣᠯᠣᠰ ᠲᠤ ᠭᠤᠣᠯᠳᠠᠭᠤ ᠥᠪᠥᠷ ᠮᠣᠩᠭᠤᠯ᠂ ᠡᡁᠧᠪᠸᠢ᠂ ᠱᠠᠠ ᠰᠢ᠂ ᠱᠠᠠᠰᠢ᠂ ᠰᠧᠴᠣᠸᠠᠠ᠂ ᠭᠠᠨᠰᠣ᠂ ᠬᠥᠬᠡᠨᠠᠭᠤᠷ ᠬᠢᠭᠡᠳ ᠵᠡᠭᠦᠨ ᠬᠤᠶᠢᠳᠣ ᠣᠷᠣᠠ ᠳᠤ ᠣᠷᠭᠤᠳᠠᠭ᠃      ᠲᠠᠷᠢᠵᠣ ᠪᠤᠶᠢᠵᠢᠭᠤᠯᠬᠤ ᠲᠣᠬᠠᠢ᠄ ᠲᠥᠡᠭᠭᠡ ᠶᠢᠨ ᠢᠵᠠᠭᠤᠷ ᠤᠨ ᠲᠡᠵᠢᠭᠡᠯ ᠡᠪᠡᠰᠥᠨ ᠤ ᠥᠷᠡᠯᠡᠬᠦ ᠨᠣᠷᠮ᠎ᠠ ᠲᠣᠣᠷ᠎ᠠ ᠠᠴᠠ ᠪᠣᠯᠵᠤ ᠨᠢᠭᠡᠴᠢ ᠲᠠᠯᠠᠪᠠᠢ ᠲᠡᠭᠡᠷᠡᠬᠢ ᠥᠷ᠎ᠡ ᠶᠢᠨ ᠣᠨᠠᠯᠳᠠ ᠨᠢ ᠮᠠᠰᠢ ᠲᠣᠣᠷ᠎ᠠ ᠪᠠᠶᠢᠳᠠᠭ᠃ ᠪᠣᠳᠠᠳᠠᠢ ᠥᠢᠯᠡᠳᠪᠥᠷᠢᠯᠡᠯ ᠤᠨ ᠶᠠᠪᠣᠴᠠ ᠳᠤ ᠥᠷ᠎ᠡ ᠪᠠᠷ ᠲᠠᠮᠵᠢᠨ ᠶᠡᠭᠡ ᠬᠡᠮᠵᠢᠶ᠎ᠡ ᠪᠠᠷ ᠥᠷᠡᠵᠢᠭᠦᠯᠵᠥ ᠴᠢᠳᠠᠬᠤ ᠥᠭᠡᠢ ᠪᠠᠶᠢᠳᠠᠭ ᠨᠢ ᠲᠥᠡᠭᠭᠡ ᠶᠢ ᠣᠯᠠᠮ ᠴᠢᠨᠠᠬᠰᠢᠳᠠ ᠲᠡᠯᠭᠡᠷᠡᠭᠦᠯᠬᠦ ᠶᠢ ᠨᠥᠯᠥᠭᠡᠯᠡᠬᠦ ᠭᠤᠣᠯ ᠡᠯᠧᠮᠧᠨ᠋ᠲ ᠪᠣᠯᠣᠭᠰᠠᠠ ᠪᠠᠶᠢᠨ᠎ᠠ᠃ ᠡᠶᠢᠮᠥ ᠠᠴᠠ ᠲᠥᠡᠭᠭᠡ ᠶᠢᠨ ᠢᠵᠠᠭᠤᠷ ᠤᠨ ᠣᠷᠭᠤᠮᠠᠯ ᠢ ᠲᠠᠷᠢᠵᠤ ᠪᠤᠶᠢᠵᠢᠭᠤᠯᠬᠤ ᠳᠤ ᠪᠠᠨ ᠣᠠᠴᠠᠯᠢᠬ ᠢ ᠨᠢ ᠬᠥᠢᠴᠡᠳ ᠠᠰᠢᠬᠯᠠᠬᠤ ᠴᠢᠬᠤᠯᠠ ᠲᠠᠢ᠃ ᠨᠣᠭᠤ᠂ ᠬᠡᠭᠡᠷ᠎ᠡ ᠲᠠᠯ᠎ᠠ ᠲᠡᠭᠡᠷ᠎ᠡ ᠲᠥᠡᠭᠭᠡ ᠶᠢᠨ ᠪᠡᠯᠴᠢᠭᠡᠷ ᠢ ᠥᠷᠭᠡᠳᠬᠡᠬᠦ ᠪᠣᠶᠣ ᠰᠠᠶᠢᠵᠢᠷᠠᠭᠤᠯᠬᠤ ᠳᠤ ᠪᠠᠨ ᠪᠡᠯᠴᠢᠭᠡᠷ ᠢ ᠰᠣᠯᠠᠯᠠᠵᠤ ᠮᠠᠯᠳᠠᠬᠤ ᠠᠷᠭ᠎ᠠ ᠬᠡᠮᠵᠢᠶ᠎ᠡ ᠠᠪᠣᠪᠠᠯ ᠵᠣᠬᠢᠨ᠎ᠠ᠃ ᠰᠣᠯᠠᠯᠠᠵᠤ ᠮᠠᠯᠳᠠᠭᠰᠠᠠ ᠤ ᠲᠠᠷᠠᠭ᠎ᠠ ᠲᠥᠡᠭᠭᠡ ᠶᠢᠨ ᠥᠡᠳᠦᠷᠯᠢᠭ ᠡᠰᠢ ᠨᠢ ᠲᠠᠰᠣᠯᠣᠭᠳᠠᠵᠤ᠂ ᠬᠥᠷᠥᠰᠥᠨ ᠤ ᠣᠷᠴᠢᠨ ᠨᠢ ᠲᠥᠷᠭᠡᠰᠴᠥ᠂ ᠥᠰᠥᠯᠳᠡ ᠨᠢ ᠬᠤᠷᠳᠣᠰᠬᠤ ᠣᠴᠢᠷ ᠠᠴᠠ ᠨᠢᠭᠡᠴᠢ ᠲᠠᠯᠠᠪᠠᠢ ᠲᠡᠭᠡᠷᠡᠬᠢ ᠡᠪᠡᠰᠥᠨ ᠤ ᠣᠨᠠᠯᠳᠠ ᠨᠢ ᠶᠡᠭᠡ ᠬᠡᠮᠵᠢᠶ᠎ᠡ ᠪᠠᠷ ᠲᠡᠭᠡᠭᠰᠢᠯᠡᠳᠡᠭ᠃ ᠴᠥᠯᠯᠡᠷᠭᠡᠭ ᠬᠡᠭᠡᠷ᠎ᠡ ᠲᠠᠯ᠎ᠠ ᠲᠡᠭᠡᠷ᠎ᠡ ᠲᠥᠡᠭᠭᠡ ᠶᠢᠨ ᠪᠡᠯᠴᠢᠭᠡᠷ ᠢ ᠥᠷᠭᠡᠳᠭᠡᠬᠦ ᠪᠣᠶᠣ ᠰᠠᠶᠢᠵᠢᠷᠠᠭᠤᠯᠬᠤ ᠳᠤ ᠪᠠᠨ ᠲᠡᠭᠡᠷ᠎ᠡ ᠲᠣᠷᠠᠳᠣᠭᠰᠠᠠ ᠪᠡᠯᠴᠢᠭᠡᠷ ᠢ ᠰᠣᠯᠠᠯᠠᠵᠤ ᠮᠠᠯᠳᠠᠬᠤ ᠠᠷᠭ᠎ᠠ ᠬᠡᠮᠵᠢᠶ᠎ᠡ ᠠᠪᠬᠤ ᠶᠢᠨ ᠬᠠᠮᠳᠣ ᠥᠶᠡᠷ ᠤᠨ ᠣᠰᠣ ᠶᠢ ᠲᠡᠲᠡᠵᠣ ᠪᠡᠯᠴᠢᠭᠡᠷ ᠢ ᠣᠰᠣᠯᠠᠬᠤ ᠠᠷᠭ᠎ᠠ ᠶᠢ ᠬᠠᠪᠰᠣᠷᠭᠠᠪᠠᠯ ᠥᠷ᠎ᠡ ᠪᠥᠳᠥᠮᠵᠢ ᠨᠢ ᠨᠡᠩ ᠰᠠᠶᠢᠨ ᠪᠠᠶᠢᠳᠠᠭ ᠶᠣᠮ᠃
ᠢᠷᠡᠯᠲᠡ᠄ ᠤᠷᠳᠤᠰ ᠤᠨ ᠡᠳᠤᠷ ᠤᠨ ᠰᠤᠨᠢᠨ