ᠵᠥᠪᠬᠡᠨ ᠥᠯᠦᠰᠦᠭᠰᠡᠨ ᠦᠶ᠎ᠡ ᠳᠡᠭᠡᠨ ᠢᠳᠡᠬᠦ ᠨᠢ ᠶᠠᠭᠠᠬᠢᠭᠠᠳ ᠬᠤᠣᠷ ᠲᠠᠢ ᠪᠠᠶᠢᠳᠠᠭ ᠪᠤᠢ︖
ᠨᠡᠶᠢᠲᠡᠯᠡᠭᠰᠡᠨ ᠴᠠᠭ᠄
2020/11/23
      ᠵᠥᠪᠬᠡᠨ ᠥᠯᠦᠰᠦᠭᠰᠡᠨ ᠦᠶ᠎ᠡ ᠳᠡᠭᠡᠨ ᠢᠳᠡᠬᠦ ᠨᠢ ᠶᠠᠭᠠᠬᠢᠭᠠᠳ ᠬᠤᠣᠷ ᠲᠠᠢ ᠪᠠᠶᠢᠳᠠᠭ ᠪᠤᠢ︖      ᠥᠯᠥᠰᠬᠦ ᠮᠡᠳᠡᠷᠡᠮᠵᠢ ᠨᠢ ᠪᠢᠳᠡᠨ ᠤ ᠪᠣᠳᠠᠰ ᠤᠨ ᠰᠣᠯᠢᠯᠴᠠᠭ᠎ᠠ ᠪᠣᠯᠤᠨ ᠪᠡᠶ᠎ᠡ ᠮᠠᠬᠠᠪᠣᠳ ᠵᠥᠪ ᠠᠵᠢᠯᠯᠠᠵᠤ ᠪᠠᠶᠢᠭ᠎ᠠ ᠶᠢᠨ ᠨᠢᠭᠡᠨ ᠢᠯᠡᠷᠡᠯ ᠶᠤᠮ᠃ ᠭᠡᠰᠡᠨ ᠴᠤ ᠡᠨᠡ ᠨᠢ ᠪᠢᠳᠡᠨ ᠤ ᠰᠡᠷᠡᠮᠵᠢᠯᠡᠬᠦ ᠶᠣᠰᠣᠲᠠᠢ ᠵᠦᠢᠯ ᠴᠤ ᠬᠡᠲᠦ ᠶᠡᠭᠡ ᠥᠯᠥᠰᠬᠦ ᠨᠢ ᠮᠠᠭᠤ ᠪᠠᠶᠢᠳᠠᠭ ᠠᠵᠢ᠃ ᠢᠩᠭᠢᠭᠡᠳ ᠲᠠ ᠪᠦᠬᠦᠨ ᠳᠤ ᠥᠯᠥᠰᠴᠦ ᠪᠣᠯᠬᠤ ᠦᠭᠡᠢ ᠬᠡᠳᠦ ᠬᠡᠳᠦᠨ ᠰᠢᠯᠲᠠᠭᠠᠨ ᠢ ᠬᠦᠷᠭᠡᠵᠦ ᠪᠠᠶᠢᠨ᠎ᠠ᠃      ᠨᠢᠭᠡ᠂ ᠬᠡᠲᠦ ᠥᠯᠥᠰᠬᠦ ᠨᠢ ᠬᠡᠲᠦ ᠶᠡᠭᠡ ᠢᠳᠡᠬᠦ ᠪᠤᠯᠭᠠᠳᠠᠭ      ᠬᠤᠭᠤᠯᠠ ᠪᠠᠨ ᠴᠠᠭ ᠲᠠᠭᠠᠨ ᠢᠳᠡᠬᠦ ᠦᠭᠡᠢ ᠡᠰᠡᠪᠡᠯ ᠵᠢᠭᠳᠡ ᠪᠤᠰᠤ ᠬᠤᠭᠤᠯᠠᠯᠠᠳᠠᠭ ᠬᠦᠮᠦᠰ ᠶᠡᠬᠡᠩᠬᠢ ᠳᠤ ᠪᠠᠨ ᠣᠷᠬᠢᠭᠰᠠᠨ ᠬᠤᠭᠤᠯᠠᠨ ᠤ ᠪᠠᠨ ᠵᠠᠢ ᠶᠢ ᠨᠥᠬᠦᠬᠦ ᠶᠢᠨ ᠲᠤᠯᠠᠳᠠ ᠬᠡᠲᠦ ᠶᠡᠭᠡ ᠢᠳᠡᠳᠡᠭ᠃ ᠬᠦᠮᠦᠨ ᠤ ᠪᠡᠶ᠎ᠡ ᠳᠤ 3 — 4 ᠴᠠᠭ ᠲᠤᠲᠤᠮ ᠳᠤ ᠪᠣᠳᠠᠰ ᠤᠨ ᠰᠣᠯᠢᠯᠴᠠᠭ᠎ᠠ ᠶᠠᠪᠤᠭᠳᠠᠵᠤ ᠬᠤᠭᠤᠯᠠ ᠲᠡᠵᠢᠭᠡᠯ ᠤᠨ ᠱᠠᠭᠠᠷᠳᠠᠯᠭ᠎ᠠ ᠡᠭᠦᠰᠳᠡᠭ ᠪᠠᠶᠢᠨ᠎ᠠ᠃ ᠬᠤᠭᠤᠯᠠ ᠦᠭᠡᠢ ᠤᠳᠠᠭᠠᠨ ᠪᠠᠶᠢᠬᠤ ᠲᠤᠰᠤᠮ ᠴᠢᠰᠤᠨ ᠳᠠᠬᠢ ᠰᠢᠬᠢᠷ ᠤᠨ ᠬᠡᠮᠵᠢᠶ᠎ᠡ ᠪᠠᠭᠤᠷᠴᠤ᠂ ᠬᠤᠭᠤᠯᠠ ᠪᠠᠷ ᠢᠶᠠᠨ ᠡᠭᠦᠨ ᠢ ᠪᠠᠨ ᠣᠯᠵᠤ ᠠᠪᠬᠤ ᠱᠠᠭᠠᠷᠳᠠᠯᠭ᠎ᠠ ᠭᠠᠷᠳᠠᠭ ᠠᠵᠢ᠃      ᠬᠤᠶᠠᠷ᠂ ᠲᠠ ᠡᠷᠡᠭᠦᠯ ᠬᠤᠭᠤᠯᠠᠯᠠᠬᠤ ᠶᠢᠨ ᠰᠣᠩᠭᠤᠯᠲᠠ ᠬᠢᠬᠦ ᠮᠠᠭᠠᠳᠯᠠᠯ ᠪᠠᠭ᠎ᠠ ᠲᠠᠢ      ᠬᠦᠮᠦᠰ ᠥᠯᠥᠰᠴᠦ ᠪᠠᠶᠢᠬᠤ ᠳᠤ ᠪᠠᠨ ᠵᠠᠭᠤᠰᠢ ᠭᠡᠬᠦ ᠠᠴᠠ ᠪᠠᠨ ᠢᠯᠡᠭᠦᠦ ᠲᠠᠢ ᠰᠢᠬᠢᠷ ᠲᠤ ᠮᠥᠩᠭᠦ ᠪᠠᠨ ᠦᠷᠡᠬᠦ ᠨᠢ ᠢᠯᠡᠭᠦᠦ ᠪᠠᠶᠢᠳᠠᠭ᠃ ᠴᠢᠰᠤᠨ ᠳᠠᠬᠢ ᠰᠢᠬᠢᠷ ᠤᠨ ᠬᠡᠮᠵᠢᠶ᠎ᠡ ᠪᠠᠭᠤᠷᠠᠬᠤ ᠳᠤ ᠬᠦᠮᠦᠰ ᠶᠠᠭᠤ ᠶᠢ ᠴᠤ ᠬᠠᠮᠢᠶ᠎ᠠ ᠦᠭᠡᠢ ᠢᠳᠡᠬᠦ ᠬᠠᠨᠳᠤᠯᠭ᠎ᠠ ᠲᠠᠢ ᠪᠣᠯᠳᠠᠭ᠃      ᠭᠤᠷᠪᠠ᠂ ᠲᠠ ᠵᠠᠷᠢᠮ ᠳᠤ ᠪᠠᠨ ᠶᠠᠭ ᠥᠯᠦᠰᠦᠭᠰᠡᠨ ᠡᠰᠡᠬᠦ ᠪᠠᠨ ᠮᠡᠳᠡᠳᠡᠭ ᠦᠭᠡᠢ      ᠬᠤᠭᠤᠯᠠᠨ ᠤ ᠳᠤᠷᠠᠰᠢᠯ ᠳᠤ ᠬᠠᠮᠢᠶᠠᠷᠤᠯ ᠲᠠᠢ ᠦᠰᠦᠯᠲᠡ ᠶᠢᠨ ᠬᠤᠷᠮᠤᠨ᠂ ᠲᠤᠷᠠᠩᠬᠠᠢ ᠬᠤᠷᠮᠤᠨ ᠭᠡᠬᠦ 2 ᠲᠥᠷᠥᠯ ᠤᠨ ᠬᠤᠷᠮᠤᠨ ᠪᠠᠶᠢᠳᠠᠭ᠃ ᠦᠰᠦᠯᠲᠡ ᠶᠢᠨ ᠬᠤᠷᠮᠤᠨ ᠨᠢ ᠬᠤᠭᠤᠯᠠᠨ ᠤ ᠳᠤᠷᠠᠰᠢᠯ ᠢ ᠨᠡᠮᠡᠭᠳᠡᠭᠦᠯᠳᠡᠭ ᠪᠣᠯ ᠲᠤᠷᠠᠩᠬᠠᠢ ᠬᠤᠷᠮᠤᠨ ᠡᠰᠡᠷᠭᠦ ᠪᠠᠷ ᠢᠶᠠᠨ ᠳᠠᠷᠤᠵᠤ ᠥᠭᠳᠡᠭ ᠪᠠᠶᠢᠨ᠎ᠠ᠃ ᠲᠣᠳᠣᠷᠬᠠᠢ ᠬᠤᠭᠤᠴᠠᠭᠠᠨ ᠳᠤ ᠶᠠᠭᠤᠮ᠎ᠠ ᠢᠳᠡᠭᠡ ᠦᠭᠡᠢ ᠪᠣᠯ ᠦᠰᠦᠯᠲᠡ ᠶᠢᠨ ᠬᠤᠷᠮᠤᠨ ᠤ ᠬᠡᠮᠵᠢᠶ᠎ᠡ ᠶᠡᠬᠡᠰᠳᠡᠭ᠃ ᠬᠠᠷᠢᠨ ᠶᠠᠭᠤᠮ᠎ᠠ ᠢᠳᠡᠭᠰᠡᠨ ᠤ ᠳᠠᠷᠠᠭ᠎ᠠ ᠲᠤᠷᠠᠩᠬᠠᠢ ᠬᠤᠷᠮᠤᠨ ᠲᠠᠨ ᠤ ᠪᠡᠶ᠎ᠡ ᠳᠤ ᠳᠦᠭᠦᠷᠦᠭᠰᠡᠨ ᠭᠡᠵᠦ ᠮᠡᠳᠡᠭᠳᠡᠳᠡᠭ ᠠᠵᠡᠢ᠃      ᠵᠠᠷᠢᠮ ᠳᠤ ᠪᠠᠨ᠂ ᠢᠯᠠᠩᠭᠤᠶ᠎ᠠ ᠬᠤᠭᠤᠯᠠᠨ ᠤ ᠴᠢᠩᠭ᠎ᠠ ᠳᠢᠭᠯᠢᠮ ᠪᠠᠷᠢᠭᠰᠠᠨ ᠤ ᠳᠠᠷᠠᠭ᠎ᠠ ᠬᠦᠮᠦᠰ ᠪᠡᠶ᠎ᠡ ᠮᠠᠬᠠᠪᠤᠳ ᠨᠢ ᠲᠡᠳᠡᠨ ᠳᠤ ᠶᠠᠭᠤ ᠬᠡᠯᠡᠬᠦ ᠭᠡᠳ ᠪᠠᠶᠢᠭ᠎ᠠ ᠶᠢ ᠣᠶᠢᠯᠠᠭᠠᠵᠤ ᠴᠢᠳᠠᠳᠠᠭ ᠦᠭᠡᠢ᠃ ᠬᠦᠮᠦᠨ ᠤ ᠲᠠᠷᠢᠬᠢ ᠥᠯᠥᠰᠬᠦᠯᠡᠩ ᠮᠡᠳᠡᠷᠡᠮᠵᠢ ᠶᠢ ᠲᠡᠰᠪᠦᠷᠢᠯᠡᠵᠦ ᠰᠤᠷᠠᠳᠠᠭ ᠠᠵᠡᠢ᠃      ᠳᠦᠷᠪᠡ᠂ ᠥᠯᠥᠰᠬᠦᠯᠡᠩ ᠨᠢ ᠡᠷᠡᠭᠦᠯ ᠮᠡᠨᠳᠦ ᠳᠤ ᠮᠠᠭᠤ ᠪᠠᠷ ᠨᠥᠯᠦᠭᠡᠯᠡᠳᠡᠭ      ᠥᠯᠥᠰᠬᠦᠯᠡᠩ ᠪᠠᠶᠢᠳᠠᠯ ᠨᠢ ᠰᠡᠳᠬᠢᠴᠡ ᠶᠢᠨ ᠡᠷᠡᠭᠦᠯ ᠮᠡᠨᠳᠦ ᠳᠤ ᠨᠥᠯᠥᠭᠡᠯᠡᠬᠦ ᠠᠴᠠ ᠡᠬᠢᠯᠡᠭᠡᠳ ᠠᠷᠬᠠᠭ ᠡᠪᠡᠳᠴᠢᠨ ᠤ ᠡᠷᠦᠰᠳᠡᠯ ᠢ ᠨᠡᠮᠡᠭᠳᠡᠭᠦᠯᠵᠦ ᠪᠣᠯᠵᠣᠰᠢ ᠦᠭᠡᠢ ᠶᠤᠮ᠃ ᠬᠦᠮᠦᠨ ᠭᠡᠨᠡᠳᠲᠡ ᠥᠯᠥᠰᠬᠦ ᠦᠶ᠎ᠡ ᠳᠤ ᠲᠠᠭᠠᠯᠠᠮᠵᠢ ᠦᠭᠡᠢ ᠮᠡᠳᠡᠷᠡᠮᠵᠢ ᠲᠥᠷᠦᠳᠡᠭ᠃ ᠥᠯᠥᠰᠬᠦ ᠳᠤ ᠡᠭᠦᠰᠳᠡᠭ ᠵᠠᠷᠢᠮ ᠰᠢᠨᠵᠢ ᠲᠡᠮᠳᠡᠭ ᠨᠢ᠄      •ᠠᠩᠬᠠᠷᠤᠯ ᠮᠠᠭᠤᠳᠠᠨ᠎ᠠ      •ᠭᠡᠳᠡᠰᠦ ᠳᠤᠤᠭᠠᠷᠤᠨ᠎ᠠ      •ᠰᠤᠯᠪᠠᠶᠢᠨ᠎ᠠ      •ᠲᠣᠯᠣᠭᠠᠢ ᠡᠷᠭᠢᠨ᠎ᠡ      •ᠳᠣᠲᠣᠷ᠎ᠠ ᠮᠠᠭᠤᠬᠠᠶᠢᠷᠠᠨ᠎ᠠ      •ᠡᠮᠵᠡᠭ ᠪᠣᠯᠤᠨ᠎ᠠ      •ᠲᠣᠯᠣᠭᠠᠢ ᠡᠪᠡᠳᠦᠨ᠎ᠡ      ᠲᠠᠪᠤ᠂ ᠥᠯᠥᠰᠴᠦ ᠪᠠᠶᠢᠭ᠎ᠠ ᠪᠠᠨ ᠬᠡᠷᠬᠢᠨ ᠮᠡᠳᠡᠬᠦ ᠪᠤᠢ︖      ᠡᠷᠳᠡᠮᠲᠡᠳ ᠪᠡᠶ᠎ᠡ ᠮᠠᠬᠠᠪᠣᠳ ᠤᠨ᠂ ᠰᠡᠳᠬᠢᠯ ᠵᠦᠢ ᠶᠢᠨ ᠭᠡᠰᠡᠨ 2 ᠥᠭᠡᠷ᠎ᠡ ᠲᠥᠷᠥᠯ ᠤᠨ ᠥᠯᠥᠰᠬᠦ ᠮᠡᠳᠡᠷᠡᠮᠵᠢ ᠶᠢ ᠲᠣᠳᠣᠷᠬᠠᠶᠢᠯᠠᠵᠠᠢ᠃ ᠪᠡᠶ᠎ᠡ ᠮᠠᠬᠠᠪᠣᠳ ᠤᠨ ᠥᠯᠥᠰᠬᠦᠯᠡᠩ ᠪᠣᠯ ᠬᠤᠳᠣᠭᠤᠳᠣᠨ ᠳᠤ ᠬᠠᠨᠭ᠍ᠭᠠᠯᠲᠠ ᠲᠠᠢ ᠬᠤᠭᠤᠯᠠ ᠬᠦᠨᠡᠰᠦ ᠪᠠᠶᠢᠬᠤ ᠦᠭᠡᠢ ᠦᠶ᠎ᠡ ᠳᠤ ᠲᠥᠷᠥᠬᠦ ᠢᠳᠡᠬᠦ ᠬᠦᠰᠡᠯ ᠶᠤᠮ᠃ ᠡᠰᠡᠷᠭᠦ ᠪᠠᠷ ᠢᠶᠠᠨ ᠰᠡᠳᠬᠢᠯ ᠵᠦᠢ ᠶᠢᠨ ᠥᠯᠥᠰᠬᠦᠯᠡᠩ ᠨᠢ ᠰᠡᠳᠬᠢᠯ ᠬᠥᠳᠡᠯᠦᠯ ᠳᠤ ᠬᠥᠲᠦᠯᠦᠭᠳᠡᠳᠡᠭ ᠪᠥᠭᠡᠳ ᠡᠨᠡ ᠨᠢ ᠦᠨᠳᠦᠰᠦᠨ ᠳᠤ ᠪᠠᠨ ᠬᠤᠭᠤᠯᠠ ᠬᠦᠨᠡᠰᠦᠨ ᠠᠴᠠ ᠥᠭᠡᠷ᠎ᠡ ᠵᠦᠢᠯ ᠢᠶᠠᠷ ᠳᠤᠲᠠᠭᠳᠠᠬᠤ ᠶᠠᠪᠤᠳᠠᠯ ᠠᠵᠡᠢ᠃
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ