ᠮᠠᠯ ᠵᠢᠬᠦᠷᠳᠠᠨ ᠤ ᠬᠤᠷᠤᠬᠠᠢ ᠶᠢ ᠬᠥᠭᠡᠭᠡᠬᠦ ᠨᠤᠳᠤᠭ ᠤᠨ ᠵᠠᠰᠠᠯᠭ᠎ᠠ
ᠨᠡᠶᠢᠲᠡᠯᠡᠭᠰᠡᠨ ᠴᠠᠭ᠄
2020/11/23
                  ᠮᠠᠯ ᠵᠢᠬᠦᠷᠳᠠᠨ ᠤ ᠬᠤᠷᠤᠬᠠᠢ ᠶᠢ ᠬᠥᠭᠡᠭᠡᠬᠦ ᠨᠤᠳᠤᠭ ᠤᠨ ᠵᠠᠰᠠᠯᠭ᠎ᠠ      ᠨᠠᠪᠴᠢᠨ ᠲᠠᠮᠠᠭᠢ᠄ ᠨᠠᠪᠴᠢᠨ ᠲᠠᠮᠠᠭᠢ ᠶᠢ ᠨᠠᠷᠢᠨ ᠨᠤᠨᠳᠠᠭᠯᠠᠵᠤ᠂ 2% ᠤᠨ ᠬᠠᠷᠢᠴᠠᠯ ᠢᠶᠠᠷ ᠪᠤᠷᠳᠤᠭᠠᠨ ᠳᠤ ᠬᠤᠯᠢᠵᠤ᠂ ᠲᠠᠭᠢᠶᠠᠨ ᠳᠤ ᠡᠳᠤᠷ ᠪᠥᠷᠢ ᠬᠤᠶᠠᠷ ᠤᠳᠠᠭ᠎ᠠ᠂ ᠵᠠᠯᠭᠠᠭᠠᠪᠠᠷ 4 - 5 ᠡᠳᠤᠷ ᠴᠢᠯᠤᠭᠡᠳᠠᠢ ᠢᠳᠠᠬᠦᠯᠪᠠᠯ ᠲᠠᠭᠢᠶᠠᠨ ᠤ ᠬᠥᠵᠢ ᠬᠤᠷᠤᠬᠠᠢ ᠶᠢ ᠬᠥᠭᠡᠭᠡᠵᠤ ᠴᠢᠳᠠᠨ᠎ᠠ᠃ ᠲᠠᠤᠯᠠᠢ᠂ ᠭᠠᠭ᠋ᠠᠢ᠂ ᠲᠠᠭᠢᠶ᠎ᠠ᠂ ᠥᠭᠡᠷ᠂ ᠬᠤᠨᠢ ᠢᠮᠠᠭ᠎ᠠ ᠂ ᠮᠤᠷᠢ ᠵᠠᠷᠭᠡ ᠮᠠᠯ ᠵᠢᠬᠦᠷᠳᠠᠨ ᠤ ᠪᠥᠭᠡᠰᠤ ᠶᠢ ᠠᠷᠢᠯᠭᠠᠬᠤ ᠳᠤ ᠨᠠᠪᠴᠢᠨ ᠲᠠᠮᠠᠭᠢ ᠶᠢ ᠴᠢᠨᠠᠵᠤ᠂ ᠰᠢᠬᠦᠰᠤ ᠶᠢ ᠨᠢ ᠠᠷᠠᠰᠤ ᠥᠰᠤᠨ ᠲᠠᠭᠡᠷ᠎ᠠ ᠨᠢ ᠲᠥᠷᠭᠢᠨ ᠱᠤᠸᠠᠰᠠᠳᠠᠬᠤ ᠪᠤᠶᠤ ᠰᠥᠷᠴᠢᠨ᠎ᠠ᠃       ᠲᠤᠭᠤᠷᠤᠤ ᠡᠪᠠᠰᠤ᠄ ᠥᠨᠳᠤᠰᠤ ᠨᠠᠭᠢᠶ᠎ᠠ ᠳᠤᠨᠢ ᠲᠤᠭᠤᠷᠤᠤ ᠡᠪᠠᠰᠤ ᠶᠢᠨ ᠹᠧᠨᠤᠯ ᠠᠭᠤᠯᠤᠭᠳᠠᠵᠤ ᠪᠠᠶᠢᠬᠤ ᠪᠤᠯᠬᠤᠷ ᠵᠢᠬᠦᠷᠳᠠᠨ ᠤ ᠲᠤᠤᠵᠨ ᠬᠤᠷᠤᠬᠠᠢ ᠶᠢ ᠬᠥᠭᠡᠭᠡᠵᠤ ᠲᠠᠶᠢᠯᠤᠨ᠎ᠠ᠃ ᠲᠠᠬᠦᠨ ᠤ ᠬᠠᠭᠤᠷᠠᠢ ᠡᠳ᠋ ᠢ ᠪᠠᠶ᠎ᠠ ᠬᠥᠢᠴᠡᠭᠰᠠᠨ ᠵᠢᠬᠦᠷᠳᠠᠨ ᠳᠤ ᠤᠳᠠᠭ᠎ᠠ ᠪᠥᠷᠢ 2 - 4 ᠭᠷᠠᠮ ᠤᠤᠭᠤᠯᠭᠠᠨ᠎ᠠ᠃       ᠯᠠᠩᠭᠤᠤᠨ ᠶᠢᠨ ᠥᠷ᠎ᠠ᠄ ᠯᠠᠩᠭᠤᠤᠨ ᠶᠢᠨ ᠥᠷ᠎ᠠ ᠪᠠᠷ ᠭᠠᠯᠠᠭᠤ ᠶᠢᠨ ᠠᠶᠤᠤᠯᠢᠬᠠᠢ ᠶᠢᠨ ᠲᠤᠤᠵᠠ ᠬᠤᠷᠤᠬᠠᠢ ᠶᠢ ᠬᠥᠭᠡᠭᠡᠵᠤ ᠲᠠᠶᠢᠯᠤᠨ᠎ᠠ᠃ ᠭᠡᠷᠡᠭᠯᠡᠭᠦ ᠭᠡᠮᠵᠢᠶ᠎ᠠ ᠨᠢ ᠯᠠᠩᠭᠤᠤᠨ ᠶᠢᠨ ᠥᠷ᠎ᠠ ᠶᠢ ᠨᠠᠷᠢᠨ ᠲᠠᠯᠠᠭᠳᠤᠵᠤ᠂ ᠪᠠᠶ᠎ᠠ ᠬᠥᠢᠴᠡᠭᠰᠡᠡ ᠭᠠᠯᠠᠭᠤ ᠶᠢᠨ ᠪᠤᠷᠳᠤᠭᠠᠨ ᠳᠤ 50 ᠭᠷᠠᠮ ᠬᠤᠯᠢᠵᠤ ᠢᠳᠠᠬᠦᠯᠪᠠᠯ ᠲᠠᠷᠤᠢ ᠪᠤᠯᠴᠢᠬᠠᠨ᠎ᠠ᠃       ᠪᠤᠮᠤᠰ᠄ ᠪᠤᠮᠤᠰ ᠨᠢ ᠪᠥᠭᠡᠰᠤ ᠪᠠ ᠭᠢᠯᠭᠠᠰᠤᠨ ᠴᠠᠭᠠᠨ ᠬᠤᠷᠤᠬᠠᠢ ᠶᠢ ᠠᠯᠠᠵᠤ ᠤᠰᠠᠳᠬᠠᠬᠤ ᠥᠢᠯᠠᠳᠤᠯ ᠲᠠᠢ ᠃ ᠪᠤᠮᠤᠰ ᠤᠨ ᠬᠤᠷᠤᠬᠠᠢ ᠠᠯᠠᠬᠤ ᠪᠥᠷᠢᠯᠳᠤᠬᠦᠨ ᠨᠢ ᠰᠫᠢᠷᠲ ᠲᠤ ᠠᠮᠠᠷᠬᠠᠨ ᠠᠭᠤᠰᠬᠤ ᠪᠤᠯᠬᠤᠷ ᠪᠥᠭᠡᠰᠤ ᠶᠢ ᠠᠷᠢᠯᠭᠠᠬᠤ ᠳᠤ 20% ᠤᠨ ᠰᠫᠢᠷᠲ ᠲᠤ ᠠᠭᠤᠰᠬᠠᠭᠰᠠᠨ ᠠᠭᠤᠰᠤᠮᠠᠯ ᠢ ᠭᠡᠰᠡᠭ ᠲᠠᠯ᠎ᠠ ᠳᠤᠨᠢ ᠲᠥᠷᠭᠢᠬᠦ ᠪᠤᠶᠤ ᠰᠥᠷᠴᠢᠨ᠎ᠠ᠃ ᠮᠤᠷᠢᠨ ᠤ ᠭᠢᠯᠭᠠᠰᠤᠨ ᠴᠠᠭᠠᠨ ᠬᠤᠷᠤᠬᠠᠢ ᠶᠢ ᠬᠥᠭᠡᠭᠡᠬᠦ ᠳᠤ 5% ᠤᠨ ᠪᠤᠮᠤᠰ ᠢᠶᠠᠨ ᠤᠰᠤᠨ ᠳᠤ ᠴᠢᠨᠠᠵᠤ᠂ ᠰᠢᠬᠦᠰᠤ ᠶᠢ ᠨᠢ 200 ᠮᠢᠯᠢᠯᠢᠲ᠋ᠧᠷ ᠴᠢᠳᠬᠤᠵᠤ ᠤᠤᠭᠤᠯᠭᠠᠨ᠎ᠠ᠃
ᠢᠷᠡᠯᠲᠡ᠄ ᠤᠷᠳᠤᠰ ᠤᠨ ᠡᠳᠤᠷ ᠤᠨ ᠰᠤᠨᠢᠨ