ᠲᠦᠷᠭᠡᠨ ᠦᠰᠦᠯᠳᠡ ᠲᠠᠢ ᠮᠤᠳᠤ ᠲᠠᠷᠢᠬᠤ ᠮᠡᠷᠭᠡᠵᠢᠯ
ᠨᠡᠶᠢᠲᠡᠯᠡᠭᠰᠡᠨ ᠴᠠᠭ᠄
2020/11/30
                  ᠲᠦᠷᠭᠡᠨ ᠦᠰᠦᠯᠳᠡ ᠲᠠᠢ ᠮᠤᠳᠤ ᠲᠠᠷᠢᠬᠤ ᠮᠡᠷᠭᠡᠵᠢᠯ      ᠮᠤᠳᠤ ᠲᠠᠷᠢᠬᠤ ᠤᠯᠠᠷᠢᠯ ᠤᠢᠢᠷᠠᠲᠤᠯ᠎ᠠ᠃ ᠲᠦᠷᠭᠡᠨ ᠦᠰᠦᠯᠳᠡ ᠲᠠᠢ ᠮᠤᠳᠤ ᠲᠠᠷᠢᠬᠤ ᠨᠢ ᠤᠯᠠᠩᠬᠢ ᠬᠦᠮᠦᠰ ᠤᠨ ᠰᠤᠩᠭᠤᠯᠲᠠ ᠪᠤᠯᠳᠠᠭ᠃ ᠲᠡᠭᠡᠪᠡᠯ᠂ ᠲᠦᠷᠭᠡᠨ ᠦᠰᠦᠯᠳᠡ ᠲᠠᠢ ᠮᠤᠳᠤ ᠶᠢ ᠬᠡᠷᠭᠢᠨ ᠲᠠᠷᠢᠬᠤ ᠪᠤᠢ︖ ᠡᠯ᠎ᠠ ᠭᠠᠵᠠᠷ ᠤᠨ ᠦᠰᠦᠯᠳᠡ ᠲᠦᠷᠭᠡᠨ ᠡᠯᠪᠡᠭ ᠭᠠᠷᠤᠯᠳᠠ ᠲᠠᠢ ᠮᠤᠳᠤ ᠲᠠᠷᠢᠬᠤ ᠳᠤ ᠪᠠᠨ ᠠᠪᠴᠦ ᠪᠠᠶᠢᠭ᠎ᠠ ᠠᠷᠭ᠎ᠠ ᠬᠡᠮᠵᠢᠶ᠎ᠠ ᠭᠡᠪᠡᠯ᠄      ᠨᠢᠭᠡ᠂ ᠰᠢᠯᠢᠳᠡᠭ ᠦᠷ᠎ᠠ ᠢᠳᠡᠷᠡᠭᠦᠨ ᠴᠢᠬᠢ ᠶᠢ ᠰᠤᠩᠭᠤᠬᠤ᠃ ᠡᠭᠦᠨ ᠳᠤ ᠬᠡᠷᠡᠭᠯᠡᠭᠦ ᠴᠢᠬᠢ ᠮᠤᠳᠤ ᠨᠢ ᠡᠷᠬᠡᠪᠰᠢ ᠴᠢᠩᠭ᠎ᠠ ᠨᠢᠮᠪᠠᠢ ᠬᠢᠵᠢᠭ ᠤᠨ ᠪᠠᠶᠢᠴᠠᠭᠠᠯᠳᠠ ᠶᠢ ᠦᠩᠭᠡᠷᠡᠭᠡᠭᠰᠡᠨ ᠲᠡᠷᠢᠭᠦᠨ ᠲᠡᠰ ᠤᠨ ᠴᠢᠬᠢ ᠮᠤᠳᠤ ᠪᠠᠶᠢᠬᠤ ᠬᠡᠷᠡᠭᠳᠡᠢ᠃ ᠴᠢᠬᠢ ᠮᠤᠳᠤᠨ ᠤ ᠪᠦᠳᠦᠬᠦᠨ ᠨᠠᠷᠢᠨ ᠢ ᠮᠤᠳᠤ ᠪᠤᠶᠢᠵᠢᠭᠤᠯᠬᠤ ᠬᠠᠷᠠᠯᠳᠠ ᠪᠠᠨ ᠦᠨᠳᠦᠰᠦᠯᠡᠨ ᠲᠤᠬᠳᠠᠭᠠᠨ᠎ᠠ᠃ ᠬᠡᠷᠪᠡ ᠪᠦᠳᠦᠭᠦᠨ ᠮᠤᠳᠤ ᠪᠤᠶᠢᠵᠢᠭᠤᠯᠬᠤ ᠳᠤ ᠬᠦᠷᠪᠡᠯ ᠴᠢᠬᠢ ᠮᠤᠳᠤ ᠪᠠᠨ ᠭᠤᠷᠪᠠᠨ ᠦᠨᠳᠦᠰᠦ ᠲᠠᠢ᠂ ᠬᠤᠶᠠᠷ ᠰᠠᠯᠠᠭ᠎ᠠ ᠲᠠᠢ ᠶᠢ ᠨᠢ ᠰᠤᠩᠭᠤᠵᠦ᠂ ᠬᠡᠷᠪᠡ ᠲᠤᠮᠳᠠ ᠵᠡᠷᠭᠡ ᠶᠢᠨ ᠪᠦᠳᠦᠭᠦᠨ ᠮᠤᠳᠤ ᠪᠤᠶᠢᠵᠢᠭᠤᠯᠪᠠᠯ᠂ ᠴᠢᠬᠢ ᠮᠤᠳᠤ ᠪᠠᠨ ᠬᠤᠶᠠᠷ ᠦᠨᠳᠦᠰᠦ ᠲᠠᠢ᠂ ᠬᠤᠶᠠᠷ ᠰᠠᠯᠠᠭ᠎ᠠ ᠲᠠᠢ ᠶᠢ ᠨᠢ ᠰᠤᠩᠭᠤᠵᠦ᠂ ᠨᠠᠷᠢᠨ ᠰᠢᠬ ᠮᠤᠳᠤ ᠪᠤᠶᠢᠵᠢᠭᠤᠯᠬᠤ ᠬᠡᠪᠡᠯ ᠬᠤᠶᠠᠷ ᠦᠨᠳᠦᠰᠦ ᠲᠠᠢ᠂ ᠨᠢᠭᠡ ᠰᠠᠯᠠᠭ᠎ᠠ ᠲᠠᠢ ᠴᠢᠬᠢ ᠮᠤᠳᠤ ᠶᠢ ᠰᠤᠩᠭᠤᠪᠠᠯ ᠵᠤᠬᠢᠨ᠎ᠠ᠃      ᠬᠤᠶᠠᠷ᠂ ᠴᠢᠬᠢ ᠮᠤᠳᠤᠨ ᠤ ᠴᠢᠭᠢᠭ ᠢ ᠬᠠᠮᠠᠭᠠᠯᠠᠬᠤ᠃ ᠡᠨᠡ ᠨᠢ ᠲᠠᠷᠤᠢ ᠴᠢᠬᠢ ᠮᠤᠳᠤ ᠪᠠᠨ ᠭᠠᠷᠭᠠᠵᠦ ᠠᠪᠬᠤ ᠠᠴᠠ ᠲᠠᠷᠢᠳᠠᠯ᠎ᠠ ᠮᠤᠳᠤᠨ ᠤ ᠴᠢᠭᠢᠭ ᠢ ᠬᠠᠮᠠᠭᠠᠯᠠᠵᠦ ᠬᠠᠳᠠᠬᠤ ᠠᠴᠠ ᠰᠡᠷᠭᠡᠶᠢᠯᠡᠨ᠎ᠠ᠃ ᠬᠠᠮᠤᠭ ᠤᠨ ᠰᠠᠶᠢᠨ ᠨᠢ ᠮᠤᠳᠤ ᠲᠠᠷᠢᠬᠤ ᠭᠠᠵᠠᠷ ᠤᠨ ᠢᠶᠠᠨ ᠬᠠᠵᠠᠭᠤ ᠳᠤ ᠴᠢᠬᠢ ᠪᠠᠨ ᠪᠤᠶᠢᠵᠢᠭᠤᠯᠵᠦ᠂ ᠴᠢᠬᠢ ᠮᠤᠳᠤ ᠪᠠᠨ ᠭᠠᠷᠭᠠᠵᠦ ᠠᠪᠤᠩᠭᠤᠳᠠ ᠲᠠᠷᠢᠪᠠᠯ ᠰᠠᠶᠢᠨ᠃ ᠢᠩᠬᠢᠬᠦ ᠨᠢ ᠴᠢᠬᠢ ᠮᠤᠳᠤᠨ ᠤ ᠴᠢᠭᠢᠭ ᠢ ᠬᠠᠮᠠᠭᠠᠯᠠᠬᠤ ᠳᠤ ᠰᠠᠶᠢᠨ ᠪᠦᠭᠡᠳ ᠭᠠᠷᠭᠠᠵᠦ ᠠᠪᠬᠤ ᠳᠤ ᠴᠦ ᠲᠦᠭᠦᠮ ᠪᠠᠶᠢᠳᠠᠭ᠃ ᠭᠠᠷᠭᠠᠵᠦ ᠠᠪᠤᠬᠰᠠᠨ ᠴᠢᠬᠢ ᠮᠤᠳᠤ ᠪᠠᠨ ᠪᠠᠰᠠ ᠤᠷᠢᠳᠠᠪᠠᠷ ᠴᠡᠪᠡᠷ ᠤᠰᠤᠨ ᠳᠤ 3 — 5 ᠡᠳᠦᠷ ᠲᠡᠪᠳᠦᠭᠡᠪᠡᠯ ᠰᠠᠶᠢᠨ᠃      ᠭᠤᠷᠪᠡ᠂ ᠨᠠᠷᠢᠨ ᠨᠢᠮᠪᠠᠢ ᠲᠠᠷᠢᠬᠤ᠃ ᠴᠢᠬᠢ ᠮᠤᠳᠤ ᠪᠠᠨ ᠮᠠᠯᠳᠠᠬᠰᠠᠨ ᠨᠦᠭᠡᠨ ᠤ ᠪᠠᠨ ᠭᠤᠤᠯ ᠲᠤᠮᠳᠠ ᠨᠢ ᠲᠠᠷᠢᠵᠦ᠂ ᠲᠠᠷᠠᠭ᠎ᠠ ᠨᠢ ᠨᠢᠭᠡ ᠨᠢᠭᠡ ᠲᠠᠪᠬᠤᠷ ᠢᠶᠠᠷ ᠰᠢᠷᠦᠢ ᠬᠤᠴᠢᠵᠦ ᠬᠢᠰᠭᠢᠨ᠎ᠠ᠃ ᠮᠤᠳᠤ ᠪᠠᠨ ᠲᠠᠷᠢᠬᠰᠠᠨ ᠤ ᠲᠠᠷᠠᠭ᠎ᠠ ᠪᠤᠶᠢᠵᠢᠭᠤᠯᠵᠦ ᠬᠠᠮᠠᠭᠠᠯᠠᠬᠤ ᠳᠤ ᠪᠠᠨ᠂ ᠨᠢᠭᠡᠳᠦᠭᠡᠷ ᠵᠢᠯ ᠳᠤ ᠪᠠᠨ 4 — 5 ᠤᠳᠠᠭ᠎ᠠ ᠤᠰᠤᠯᠠᠵᠦ᠂ ᠴᠢᠬᠢ ᠮᠤᠳᠤᠨ ᠤ ᠡᠳᠡᠭᠡᠷᠡᠯᠳᠠ ᠶᠢ ᠪᠠᠳᠤᠯᠠᠨ᠂ ᠴᠢᠬᠢ ᠮᠤᠳᠤᠨ ᠤ ᠪᠤᠶᠢᠵᠢᠯᠳᠠ ᠶᠢᠨ ᠬᠤᠭᠤᠴᠠᠭ᠎ᠠ ᠶᠢ ᠲᠦᠷᠭᠡᠳᠭᠡᠨ᠎ᠠ᠃ ᠬᠤᠶᠠᠳᠤᠭᠠᠷ ᠵᠢᠯ ᠠᠴᠠ ᠵᠢᠯ ᠳᠤ 2 — 5 ᠤᠳᠠᠭ᠎ᠠ ᠤᠰᠤᠯᠠᠵᠦ ᠮᠤᠳᠤᠨ ᠤ ᠪᠤᠶᠢᠵᠢᠯᠳᠠ ᠪᠠ ᠮᠤᠳᠤᠨ ᠭᠠᠵᠠᠷ ᠤᠨ ᠴᠢᠭᠢᠭ ᠢ ᠪᠠᠳᠤᠯᠠᠨ᠎ᠠ᠃
ᠢᠷᠡᠯᠲᠡ᠄ ᠲᠤᠮᠲᠠᠲᠤ ᠤᠯᠤᠰ ᠤᠨ ᠮᠤᠩᠭᠤᠯ ᠬᠡᠯᠡᠨ ᠤ ᠰᠤᠨᠢᠨ ᠮᠡᠲᠡᠭᠡ ᠶᠢᠨ ᠰᠥᠯᠵᠢᠶ᠎ᠡ