ᠰᠤᠷᠭᠠᠯ ᠰᠠᠶᠢᠳᠠᠢ ᠠᠶᠢᠯ ᠠᠴᠠ ᠮᠤᠷᠠᠯ ᠲᠠᠢ ᠭᠡᠤᠭᠡᠳ ᠭᠦᠮᠦᠵᠢᠭᠳᠡᠨ᠎ᠠ
ᠨᠡᠶᠢᠲᠡᠯᠡᠭᠰᠡᠨ ᠴᠠᠭ᠄
2020/11/4
     ᠰᠤᠷᠪᠤᠯᠵᠢᠯᠠᠬᠴᠢ ᠤᠷᠴᠢᠮᠬᠠᠨ ᠰᠤᠷᠤᠬᠴᠢ ᠭᠡᠷ ᠤᠨ ᠠᠬᠠᠮᠠᠳ ᠤᠯᠠᠨ ᠤᠷᠤᠯᠴᠠᠭᠰᠠᠨ ᠨᠢᠭᠡᠨ ᠠᠵᠢᠯᠯᠠᠭ᠎ᠠ ᠶᠢ ᠰᠤᠷᠪᠤᠯᠵᠢᠯᠠᠬᠤ ᠪᠠᠷ ᠬᠦᠷᠦᠭᠰᠡᠨ ᠶᠤᠮ᠃ ᠲᠤᠬᠠᠢ ᠶᠢᠨ ᠳᠠᠯᠠᠪᠠᠢ ᠶᠢᠨ ᠳᠠᠶᠢᠯᠪᠤᠷᠢᠯᠠᠬᠴᠢ ᠶᠢ ᠤᠯᠠᠨ ᠰᠤᠷᠤᠬᠴᠢ ᠢᠪ ᠰᠢᠬᠠᠯᠴᠠᠨ ᠬᠦᠷᠢᠶᠡᠯᠡᠵᠤ᠂ ᠳᠠᠶᠢᠯᠪᠤᠷᠢᠯᠠᠬᠴᠢ ᠬᠦᠳᠡᠯᠬᠦ ᠵᠠᠢ ᠦᠭᠡᠢ ᠪᠤᠯᠤᠬᠰᠠᠨ ᠳᠤ ᠪᠠᠭᠰᠢ ᠨᠢ ᠬᠡᠳᠦᠨᠳᠡ ᠬᠤᠶᠢᠰᠢ ᠪᠠᠨ ᠤᠬᠤᠷᠢᠨ ᠵᠤᠬᠰᠤᠬᠤ ᠶᠢ ᠰᠠᠨᠠᠭᠤᠯᠤᠬᠰᠠᠨ ᠪᠤᠯᠪᠠᠴᠤ ᠬᠦᠳᠡᠯᠦᠭᠰᠡᠨ ᠰᠤᠷᠤᠬᠴᠢ ᠦᠭᠡᠢ᠃ ᠠᠷᠭ᠎ᠠ ᠪᠠᠷᠠᠬᠤ ᠳᠠᠭᠠᠨ ᠪᠠᠭᠰᠢ ᠨᠢ ᠡᠮᠦᠨᠡᠰᠢ ᠤᠴᠢᠵᠤ᠂ ᠰᠤᠷᠤᠬᠴᠢᠳ ᠢ ᠭᠡᠳᠡᠷᠭᠦ‍ ᠰᠢᠭ ᠵᠤᠭᠰᠤᠭᠠᠷᠠᠢ ᠭᠡᠵᠦ ᠢᠳᠬᠠᠬᠤ ᠶᠢᠨ ᠳᠠᠭᠠᠤ ᠰᠤᠷᠤᠬᠴᠢᠳ ᠢᠶᠠᠨ ᠬᠤᠶᠢᠰᠢ ᠳᠠᠳᠠᠵᠤ ᠪᠠᠶᠢᠪᠠ᠃ ᠡᠨᠡ ᠦᠶ᠎ᠡ ᠳᠤ ᠨᠢᠭᠡᠨ ᠭᠡᠷ ᠤᠨ ᠠᠬᠠᠮᠠᠳ ᠴᠢᠷᠠᠢ ᠪᠠᠷᠦ᠋ᠢᠵᠤ ᠨᠢᠳᠤ ᠭᠦᠯᠢᠢᠯᠭᠡᠨ᠄ ︽ᠴᠢ ᠮᠢᠨᠤ ᠬᠡᠦᠬᠡᠳ ᠢ ᠶᠠᠭᠤ ᠭᠡᠵᠤ ᠳᠠᠳᠠᠵᠤ ᠪᠠᠶᠢᠬᠤ ᠪᠤᠢ︖ ︾ ᠭᠡᠵᠤ ᠠᠭᠰᠤᠮᠨᠠᠭᠰᠠᠨ ᠨᠢ ᠨᠠᠳᠠ ᠳᠤ ᠪᠠᠶᠢᠨ ᠳᠠᠬᠢᠨ ᠪᠤᠳᠤᠬᠳᠠᠨ᠎ᠠ᠃      ᠲᠡᠷᠡ ᠭᠡᠷ ᠤᠨ ᠠᠬᠠᠮᠠᠳ ᠤᠨ ᠬᠡᠯᠡᠭᠰᠡᠨ ᠢ ᠰᠤᠨᠤᠰᠤᠭᠠᠳ ᠬᠡᠦᠬᠡᠳ ᠨᠢ ᠶᠠᠭᠤ ᠭᠡᠵᠤ ᠪᠤᠳᠤᠬᠰᠠᠨ ᠪᠤᠯ ᠬᠡᠵᠦ ᠪᠢ ᠭᠠᠶᠢᠬᠠᠰᠢᠷᠠᠨ᠎ᠠ᠃ ᠲᠡᠷᠡ ᠬᠡᠦᠬᠡᠳ ᠴᠤᠬᠤᠮ ᠬᠡᠨ ᠤ ᠪᠤᠷᠤᠭᠤ ᠭᠡᠵᠤ ᠪᠤᠳᠤᠬᠰᠠᠨ ᠪᠤᠯ︖ ᠬᠤᠵᠢᠮ ᠪᠠᠭᠰᠢ ᠪᠠ ᠭᠡᠷ ᠤᠨ ᠠᠬᠠᠮᠠᠳ ᠤᠨ ᠠᠯᠢᠨ ᠤ ᠬᠢᠨᠢ ᠦᠭᠡ ᠶᠢ ᠰᠤᠨᠤᠰᠴᠤ᠂ ᠠᠯᠢᠨ ᠤ ᠬᠢᠨᠢ ᠨᠦᠯᠦᠭᠡ ᠶᠢ ᠬᠦᠷᠳᠡᠳᠡᠭ ᠪᠤᠯ︖ ᠰᠢᠯᠭᠠᠯᠳᠠ ᠶᠢ ᠠᠷᠭᠠᠴᠠᠭᠠᠬᠤ ᠰᠤᠷᠭᠠᠨ ᠬᠦᠮᠦᠵᠢᠯ ᠤᠨ ᠳᠠᠷᠤᠯᠳᠠ ᠳᠤᠤᠷ᠎ᠠ ᠭᠡᠷ ᠪᠦᠯᠢ᠂ ᠰᠤᠷᠭᠠᠭᠤᠯᠢ ᠶᠢᠨ ᠰᠤᠷᠭᠠᠨ ᠬᠦᠮᠦᠵᠢᠯ ᠨᠢ ᠪᠠᠷᠤᠭ ᠯᠡ ᠪᠦᠷ ᠤᠶᠤᠨ ᠮᠡᠳᠡᠯᠭᠡ ᠶᠢ ᠬᠦᠨᠳᠦᠳᠭᠡᠵᠤ᠂ ᠶᠤᠰᠤ ᠮᠤᠷᠠᠯ ᠤᠨ ᠬᠦᠮᠦᠵᠢᠯ ᠢ ᠬᠦᠩᠭᠡᠪᠴᠢᠯᠡᠵᠤ ᠪᠠᠶᠢᠨ᠎ᠠ᠃ ᠶᠠᠭ ᠡᠶᠢᠮᠦ ᠠᠴᠠ ᠵᠠᠷᠢᠮ ᠬᠦᠮᠦᠰ ᠵᠠᠯᠠᠭᠤ ᠨᠢᠭᠡ ᠦᠶ᠎ᠡ ᠶᠢᠨ ᠬᠢᠨ ᠪᠤᠯ ᠤᠷᠤᠭᠤᠳᠠᠵᠤ ᠪᠠᠶᠢᠭ᠎ᠠ ᠨᠢᠭᠡ ᠦᠶ᠎ᠡ᠂ ᠬᠦᠨᠳᠦ ᠡᠭᠦᠷᠭᠡ ᠡᠭᠦᠷᠭᠡᠯᠡᠵᠤ ᠴᠢᠳᠠᠬᠤ ᠦᠭᠡᠢ ᠨᠢᠭᠡ ᠦᠶ᠎ᠡ ᠶᠢᠨ ᠬᠢᠨ ᠭᠡᠵᠤ ᠶᠠᠷᠢᠵᠤ ᠪᠠᠶᠢᠳᠠᠭ᠃      ᠪᠠᠭᠰᠢ ᠪᠠ ᠭᠡᠷ ᠤᠨ ᠠᠬᠠᠮᠠᠳ ᠪᠤᠯ ᠬᠡᠦᠬᠡᠳ ᠤᠨ ᠦᠰᠦᠨ ᠪᠤᠶᠢᠵᠢᠯᠳᠡ ᠶᠢᠨ ᠳᠤᠮᠳᠠᠬᠢ ᠮᠠᠰᠢ ᠴᠢᠬᠤᠯᠠ ᠬᠦᠮᠦᠰ ᠶᠤᠮ᠃ ᠳᠡᠳᠡ ᠬᠡᠦᠬᠡᠳ ᠢ ᠬᠦᠳᠦᠯᠦᠨ ᠵᠢᠯᠤᠭᠤᠳᠴᠤ ᠶᠢᠷᠳᠢᠨᠴᠦ ᠶᠢ ᠳᠠᠨᠢᠭᠤᠯᠤᠨ᠂ ᠦᠵᠡᠯᠳᠡ ᠳᠠᠨᠢᠯᠳᠠ ᠶᠢ ᠨᠢ ᠬᠦᠮᠦᠵᠢᠭᠦᠯᠳᠡᠭ᠃ ᠮᠢᠨᠦ ᠦᠵᠡᠬᠦ ᠪᠠᠷ ᠮᠤᠷᠠᠯ ᠤᠨ ᠬᠦᠮᠦᠵᠢᠯ ᠳᠤ ᠭᠡᠷ ᠪᠦᠯᠢ ᠶᠢᠨ ᠨᠦᠯᠦᠭᠡ ᠨᠡᠩ ᠢᠯᠡᠭᠦᠦ ᠦᠢᠯᠡᠳᠦᠯ ᠦᠵᠡᠭᠦᠯᠦᠨ᠎ᠡ᠃ ᠭᠡᠷ ᠤᠨ ᠠᠬᠠᠮᠠᠳ ᠪᠤᠯ ᠬᠡᠦᠬᠡᠳ ᠤᠨ ᠳᠠᠭᠤᠷᠢᠶᠠᠯ᠂ ᠳᠠᠭᠤᠷᠢᠶᠠᠯ ᠪᠤᠯᠤᠬᠰᠠᠳ ᠦᠭᠡ ᠶᠠᠷᠢᠶ᠎ᠠ ᠦᠢᠯᠡ ᠠᠵᠢᠯᠯᠠᠭ᠎ᠠ ᠪᠠᠨ ᠠᠩᠬᠠᠷᠬᠤ ᠴᠢᠬᠤᠯᠠ ᠲᠠᠢ᠃ ᠠᠪᠤ ᠡᠵᠢ ᠨᠢ ᠪᠠᠭᠰᠢ ᠶᠢ ᠬᠦᠨᠳᠦᠳᠬᠡᠬᠦ ᠦᠭᠡᠢ ᠶᠤᠮ ᠪᠤᠯ ᠬᠡᠦᠬᠡᠳ ᠨᠢ ᠴᠤ ᠪᠠᠭᠰᠢ ᠪᠠᠨ ᠬᠦᠨᠳᠦᠯᠡᠬᠦ ᠦᠭᠡᠢ ᠪᠤᠯᠤᠨ᠎ᠠ᠃ ᠪᠠᠭᠰᠢ ᠪᠠᠨ ᠬᠦᠨᠳᠦᠯᠡᠬᠦ ᠦᠭᠡᠢ ᠰᠤᠷᠤᠬᠴᠢ ᠬᠢᠴᠢᠶᠡᠯ ᠰᠤᠷᠤᠯᠭ᠎ᠠ ᠳᠠᠭᠠᠨ ᠰᠤᠨᠢᠷᠬᠠᠯ ᠪᠠᠭ᠎ᠠ᠂ ᠮᠡᠳᠡᠯᠭᠡ ᠶᠢᠨ ᠬᠢᠷᠢ ᠲᠦᠪᠰᠢᠨ ᠴᠦ ᠠᠨᠠᠢ ᠪᠤᠯᠵᠤ ᠮᠡᠳᠡᠨ᠎ᠠ᠃ ᠶᠡᠭᠡ ᠮᠡᠳᠡᠯᠭᠡ ᠮᠡᠷᠭᠡᠵᠢᠯ ᠲᠠᠢ ᠪᠤᠯᠴᠢᠬᠠᠬᠤ ᠪᠠᠷ ᠪᠤᠳᠤᠬᠤ ᠳᠤ ᠪᠠᠭᠰᠢ ᠪᠠᠨ ᠬᠦᠨᠳᠦᠳᠭᠡᠳᠡᠭ ᠦᠭᠡᠢ ᠰᠤᠷᠤᠬᠴᠢ ᠦᠭᠡᠯᠠᠢ ᠪᠤᠯᠤᠭᠠᠳ ᠦᠷᠦᠭᠡᠯ ᠪᠤᠰᠤᠳ ᠢ ᠨᠡᠩ ᠴᠦ ᠬᠦᠨᠳᠦᠳᠭᠡᠬᠦ ᠦᠭᠡᠢ ᠴᠤ ᠪᠠᠶᠢᠵᠤ ᠮᠡᠳᠡᠨ᠎ᠡ᠃ ᠡᠶᠢᠮᠦᠷᠬᠦᠦ ᠬᠦᠮᠦᠨ ᠶᠠᠮᠠᠷ ᠶᠡᠭᠡ ᠡᠷᠳᠡᠮ ᠮᠡᠳᠡᠯᠭᠡ ᠲᠠᠢ ᠪᠤᠯᠤᠬᠰᠠᠨ ᠴᠦ ᠨᠡᠶᠢᠬᠡᠮ ᠨᠡᠶᠢᠲᠡ ᠶᠢᠨ ᠵᠢᠮᠡᠯᠡᠯ ᠳᠤ ᠤᠴᠠᠷᠠᠬᠤ ᠪᠤᠯᠤᠨ᠎ᠠ᠃ ᠶᠤᠰᠤ ᠮᠤᠷᠠᠯ ᠢᠶᠠᠷ ᠳᠤᠲᠠᠮᠠᠭ ᠬᠡᠦᠬᠡᠳ ᠪᠤᠷᠤᠭᠤ ᠵᠠᠮ ᠢᠶᠠᠷ ᠶᠠᠪᠤᠬᠤ ᠳᠤ ᠨᠡᠩ ᠴᠦ ᠠᠮᠠᠷᠬᠠᠨ ᠪᠠᠶᠢᠳᠠᠭ᠃      ᠮᠠᠨ ᠤ ᠤᠯᠤᠰ ᠡᠷᠳᠡᠨ ᠠᠴᠠ ᠪᠠᠨ ᠶᠤᠰᠤ ᠰᠤᠷᠳᠠᠬᠤᠨ ᠢ ᠮᠠᠰᠢ ᠬᠦᠨᠳᠦᠳᠭᠡᠨ ᠦᠵᠡᠵᠤ᠂ ᠬᠦᠮᠦᠨ ᠢ ᠮᠠᠬᠳᠠᠬᠤ ᠦᠭᠡᠨ ᠳᠤ ᠬᠦᠷᠳᠡᠯ᠎ᠡ ᠮᠤᠷᠠᠯ ᠴᠢᠳᠠᠪᠤᠷᠢ ᠬᠤᠤᠰᠯᠠᠬᠰᠠᠨ ᠭᠡᠵᠤ ᠴᠢᠳᠠᠪᠤᠷᠢ ᠶᠢᠨ ᠡᠮᠦᠨ᠎ᠡ ᠮᠤᠷᠠᠯ ᠢ ᠶᠠᠷᠢᠳᠠᠭ᠃ ᠮᠤᠩᠭᠤᠯ ᠦᠨᠳᠦᠰᠦᠳᠡᠨ ᠴᠦ ᠡᠷᠲᠡ ᠳᠡᠭᠡᠳᠦ ᠦᠶ᠎ᠡ ᠠᠴᠠ ᠪᠠᠨ ᠭᠡᠷ ᠤᠨ ᠰᠤᠷᠭᠠᠯ ᠢ ᠬᠦᠨᠳᠦᠳᠭᠡᠵᠦ᠂ ᠰᠤᠷᠭᠠᠯ ᠰᠠᠶᠢᠲᠠᠢ ᠠᠶᠢᠯ ᠤᠨ ᠬᠡᠦᠬᠡᠳ ᠢᠶᠠᠷ ᠦᠯᠢᠭᠡᠷ ᠳᠠᠭᠤᠷᠢᠶᠠᠯ ᠪᠤᠯᠭᠠᠬᠰᠠᠭᠠᠷ ᠢᠷᠡᠵᠠᠢ᠃ ᠠᠵᠢᠯ ᠠᠮᠢᠳᠤᠷᠠᠯ ᠤᠨ ᠳᠤᠮᠳᠠ ᠬᠦᠮᠦᠰ ᠤᠪᠤᠷ ᠤᠨ ᠬᠦᠴᠦᠨ ᠴᠢᠳᠠᠯ ᠢ ᠮᠠᠰᠢ ᠴᠢᠬᠤᠯᠠᠴᠢᠯᠠᠳᠠᠭ᠃ ᠶᠤᠰᠤ ᠮᠤᠷᠠᠯ ᠪᠤᠯ ᠳᠠᠷᠤᠢ ᠪᠢᠳᠡᠨ ᠤ ᠪᠤᠰᠤᠳ ᠲᠤ ᠬᠠᠨᠳᠤᠬᠤ ᠵᠦᠪ ᠤᠪᠤᠷ᠂ ᠢᠳᠡᠪᠬᠢ ᠤᠪᠤᠷ ᠭᠡᠵᠤ ᠤᠶᠢᠢᠯᠠᠭᠠᠵᠤ ᠪᠤᠯᠤᠨ᠎ᠠ᠃      ᠬᠡᠦᠬᠡᠳ ᠤᠨ ᠶᠤᠰᠤ ᠮᠤᠷᠠᠯ ᠨᠢᠭᠡ ᠭᠡᠷ ᠪᠦᠯᠢ ᠶᠢᠨ ᠰᠤᠷᠭᠠᠯ ᠰᠤᠷᠳᠠᠯ ᠢ ᠢᠯᠡᠷᠡᠬᠦᠯᠵᠦ ᠪᠠᠶᠢᠬᠤ ᠪᠠᠷ ᠪᠠᠷᠠᠬᠤ ᠦᠭᠡᠢ᠂ ᠡᠨᠡ ᠬᠦ ᠭᠡᠷ ᠪᠦᠯᠢ ᠶᠢᠨ ᠬᠤᠵᠢᠮ ᠢᠷᠡᠭᠡᠳᠦᠢ ᠲᠠᠢ ᠴᠤ ᠬᠤᠯᠪᠤᠭᠳᠠᠵᠤ ᠪᠠᠶᠢᠳᠠᠭ᠃ ᠰᠤᠷᠭᠠᠯ ᠰᠠᠶᠢᠳᠠᠢ ᠠᠶᠢᠯ ᠠᠴᠠ ᠮᠤᠷᠠᠯ ᠲᠠᠢ ᠬᠡᠦᠬᠡᠳ ᠬᠦᠮᠦᠵᠢᠭᠳᠡᠨ᠎ᠡ᠂ ᠭᠡᠷ ᠤᠨ ᠠᠬᠠᠮᠠᠳ ᠵᠢᠴᠢ ᠪᠠᠭᠰᠢ ᠨᠠᠷ ᠬᠡᠦᠬᠡᠳ ᠤᠨ ᠶᠤᠰᠤ ᠮᠤᠷᠠᠯ ᠤᠨ ᠬᠦᠮᠦᠵᠢᠯ ᠢ ᠶᠠᠭᠠᠬᠢᠬᠰᠠᠨ ᠴᠤ ᠤᠮᠳᠤᠭᠠᠶᠢᠢᠯᠠᠵᠤ ᠪᠤᠯᠬᠤ ᠦᠬᠡᠢ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号