ᠮᠠᠯ ᠤᠨ ᠬᠡᠮ ᠬᠢᠵᠢᠭ ᠢ ᠲᠤᠲᠤᠯᠠᠬᠤ ᠠᠷᠭ᠎ᠠ | | ᠨᠢᠭᠡ᠂ ᠬᠦᠳᠡᠯᠤᠯ᠃ ᠭᠡᠮ ᠬᠢᠵᠢᠭ ᠦᠭᠡᠢ ᠮᠠᠯ ᠢᠳᠡᠰᠢᠯᠡᠭᠦ ᠪᠤᠶᠤ ᠬᠡᠪᠳᠡᠭᠦ ᠦᠶᠡᠰ ᠦᠷᠭᠦᠯᠵᠢ ᠤᠯᠠᠨ ᠮᠠᠯ | ᠨᠢᠭᠡ ᠲᠤᠤᠷ᠎ᠠ ᠴᠤᠬᠯᠠᠷᠠᠨ ᠬᠠᠵᠠᠭᠤᠯᠠᠵᠦ ᠬᠡᠪᠳᠡᠨ᠎ᠠ᠃ ᠬᠡᠷᠪᠡ ᠬᠦᠮᠦᠨ ᠤᠢᠢᠷᠠᠳᠤᠪᠠᠯ ᠲᠠᠷᠤᠢ ᠲᠦᠷᠭᠡᠨ ᠪᠤᠰᠴᠦ | ᠵᠤᠬᠰᠤᠳᠠᠭ᠃ ᠬᠡᠮ ᠬᠢᠵᠢᠭ ᠲᠠᠢ ᠮᠠᠯ ᠨᠢ ᠢᠳᠡᠰᠢᠨ ᠤ ᠲᠤᠷᠠᠰᠢᠯ ᠪᠠᠭᠤᠷᠠᠵᠦ᠂ ᠬᠡᠪᠢᠬᠦ ᠨᠢ ᠴᠦᠭᠡᠷᠡᠨ᠂ | ᠰᠦᠷᠦᠭ ᠠᠴᠠ ᠰᠠᠯᠤᠨ ᠬᠡᠪᠳᠡᠭᠦ ᠪᠤᠶᠤ ᠡᠯᠳᠠᠪ ᠤᠨ ᠡᠷᠡᠭᠦᠯ ᠪᠤᠰᠤ ᠤᠨᠴᠠᠯᠢᠬ ᠪᠠᠶᠢᠳᠠᠯ ᠢᠯᠡᠷᠡᠳᠡᠭ᠃ | ᠬᠤᠶᠠᠷ᠂ ᠲᠠᠭᠤ᠃ ᠬᠡᠮ ᠬᠢᠵᠢᠭ ᠦᠭᠡᠢ ᠮᠠᠯ ᠤᠨ ᠲᠠᠭᠤ ᠨᠢ ᠬᠠᠩᠬᠢᠨᠠᠮ᠎ᠠ ᠪᠦᠭᠡᠳ ᠴᠤᠬᠢᠯᠭ᠎ᠠ ᠲᠠᠢ | ᠪᠠᠶᠢᠳᠠᠭ᠃ ᠬᠡᠮ ᠬᠢᠵᠢᠭ ᠲᠠᠢ ᠮᠠᠯ ᠤᠨ ᠲᠠᠭᠤ ᠨᠢ ᠲᠤᠤᠷ᠎ᠠ ᠪᠦᠭᠡᠳ ᠬᠤᠪᠢᠷᠠᠯᠳᠠ ᠲᠠᠢ᠂ ᠴᠢᠩᠨᠠᠭᠤᠷ ᠬᠡᠷᠡᠭᠯᠡᠭᠦ | ᠦᠭᠡᠢ ᠪᠠᠷ ᠠᠮᠢᠰᠬᠤᠬᠤ ᠲᠠᠭᠤ ᠪᠤᠯᠤᠨ ᠬᠠᠨᠢᠶᠠᠬᠤ ᠲᠠᠭᠤ᠂ ᠬᠡᠳᠡᠰᠦᠨ ᠤ ᠲᠠᠭᠤ ᠶᠢ ᠤᠯᠵᠦ ᠰᠤᠨᠤᠰᠳᠠᠭ᠃ | ᠭᠤᠷᠪᠠ᠂ ᠬᠡᠪᠢᠬᠦ᠃ ᠬᠡᠮ ᠬᠢᠵᠢᠭ ᠦᠭᠡᠢ ᠮᠠᠯ 30 ᠮᠢᠨᠦ᠋ᠲ ᠢᠳᠡᠰᠢᠯᠡᠭᠰᠡᠨ ᠤ ᠲᠠᠷᠠᠭ᠎ᠠ 30 — 40 | ᠮᠢᠨᠦ᠋ᠲ ᠬᠡᠪᠢᠵᠦ᠂ ᠨᠢᠭᠡ ᠡᠳᠦᠷ ᠰᠦᠨᠢ 6 — 8 ᠤᠳᠠᠭ᠎ᠠ ᠬᠡᠪᠢᠨᠠ᠃ ᠬᠡᠮ ᠬᠢᠵᠢᠭ ᠲᠠᠢ ᠮᠠᠯ ᠤᠨ ᠬᠡᠪᠢᠬᠦ | ᠲᠤᠭ᠎ᠠ ᠨᠢ ᠴᠦᠭᠡᠨ ᠪᠤᠯᠬᠤ ᠪᠤᠶᠤ ᠬᠡᠪᠢᠬᠦ ᠪᠠᠨ ᠪᠤᠯᠴᠢᠬᠠᠳᠠᠭ᠃ | ᠲᠦᠷᠪᠠ᠂ ᠦᠰᠦᠨ ᠤ ᠦᠩᠭᠡ᠃ ᠭᠡᠮ ᠬᠢᠵᠢᠭ ᠦᠭᠡᠢ ᠮᠠᠯ ᠤᠨ ᠦᠰᠦ ᠨᠤᠤᠰᠤ ᠨᠢ ᠲᠡᠭᠰᠢ᠂ ᠦᠩᠭᠡ ᠨᠢ | ᠬᠢᠯᠦᠭᠡᠷ ᠮᠦᠷᠳᠡᠭᠡᠨ ᠬᠠᠷᠢᠮᠠᠬᠠᠢ ᠴᠢᠨᠠᠷ ᠢᠶᠠᠷ ᠴᠢᠩᠭ᠎ᠠ᠂ ᠭᠡᠮ ᠬᠢᠵᠢᠭ ᠲᠠᠢ ᠮᠠᠯ ᠤᠨ ᠦᠰᠦ ᠨᠤᠤᠰᠤ ᠨᠢ ᠪᠤᠷᠵᠠᠶᠢᠵᠦ | ᠦᠩᠭᠡ ᠬᠢᠯᠪᠠᠭ᠎ᠠ ᠪᠠᠨ ᠠᠯᠳᠠᠳᠠᠭ᠃ | ᠲᠠᠪᠤ᠂ ᠡᠪᠡᠷ᠃ ᠭᠡᠮ ᠬᠢᠵᠢᠭ ᠦᠭᠡᠢ ᠮᠠᠯ ᠤᠨ ᠡᠪᠡᠷ ᠤᠨ ᠦᠵᠦᠭᠦᠷ ᠨᠢ ᠬᠦᠢᠳᠡᠨ᠂ ᠡᠪᠡᠷ ᠤᠨ ᠤᠭ ᠨᠢ | ᠬᠠᠯᠠᠭᠤᠨ᠂ ᠭᠡᠮ ᠬᠢᠵᠢᠭ ᠲᠠᠢ ᠮᠠᠯ ᠤᠨ ᠡᠪᠡᠷ ᠤᠨ ᠤᠭ ᠨᠢ ᠬᠡᠳᠦ ᠬᠠᠯᠠᠭᠤᠨ ᠪᠤᠶᠤ ᠬᠡᠳᠦ ᠬᠦᠢᠳᠡᠨ ᠪᠠᠶᠢᠳᠠᠭ᠃ | ᠵᠢᠷᠭᠤᠭ᠎ᠠ᠂ ᠨᠢᠳᠦ᠃ ᠬᠡᠮ ᠬᠢᠵᠢᠭ ᠦᠭᠡᠢ ᠮᠠᠯ ᠤᠨ ᠨᠢᠳᠦ ᠨᠢ ᠴᠤᠭ ᠵᠢᠪᠬᠤᠭ᠎ᠠ ᠲᠠᠢ ᠪᠦᠭᠡᠳ ᠭᠡᠷᠡᠯ ᠲᠠᠢ᠂ | ᠨᠢᠳᠦ ᠨᠢ ᠯᠤᠤᠬ᠎ᠠ ᠦᠭᠡᠢ ᠤᠰᠤᠯᠢᠭ᠃ ᠭᠡᠮ ᠬᠢᠵᠢᠭ ᠲᠠᠢ ᠮᠠᠯ ᠤᠨ ᠨᠢᠳᠦ ᠨᠢ ᠴᠤᠭ ᠵᠢᠪᠬᠤᠭ᠎ᠠ ᠦᠭᠡᠢ ᠮᠦᠷᠳᠡᠭᠡᠨ | ᠬᠦᠳᠡᠯᠵᠦ ᠶᠠᠪᠤᠬᠤ ᠨᠢ ᠤᠳᠠᠭᠠᠨ ᠪᠠᠶᠢᠳᠠᠭ᠃ | ᠳᠤᠯᠤᠭ᠎ᠠ᠂ ᠴᠢᠬᠢ᠃ ᠬᠡᠮ ᠬᠢᠵᠢᠭ ᠦᠭᠡᠢ ᠮᠠᠯ ᠤᠨ ᠬᠤᠶᠠᠷ ᠴᠢᠬᠢ ᠨᠢ ᠪᠤᠰᠤᠭ᠎ᠠ ᠮᠦᠷᠳᠡᠭᠡᠨ ᠬᠤᠷᠴᠠᠯᠢᠭ᠃ | ᠬᠡᠮ ᠬᠢᠵᠢᠭ ᠲᠠᠢ ᠮᠠᠯ ᠤᠨ ᠲᠤᠯᠤᠭᠠᠢ ᠨᠢ ᠤᠨᠵᠢᠢᠨ ᠴᠢᠬᠢ ᠨᠢ ᠨᠠᠪᠳᠠᠶᠢᠵᠦ᠂ ᠬᠦᠳᠡᠯᠭᠦ ᠦᠭᠡᠢ ᠪᠠᠶᠢᠳᠠᠭ᠃ | ᠨᠠᠢᠮᠠ᠂ ᠬᠡᠯᠡ᠃ ᠬᠡᠮ ᠬᠢᠵᠢᠭ ᠦᠭᠡᠢ ᠮᠠᠯ ᠤᠨ ᠬᠡᠯᠡ ᠨᠢ ᠶᠠᠭᠠᠨ ᠤᠯᠠᠭᠠᠨ ᠦᠩᠭᠡ ᠲᠠᠢ ᠮᠦᠷᠳᠡᠭᠡᠨ | ᠬᠦᠳᠡᠯᠭᠦ ᠨᠢ ᠤᠶᠠᠨ ᠵᠦᠭᠡᠯᠡᠨ᠂ ᠬᠡᠯᠡᠨ ᠤ ᠦᠵᠦᠭᠦᠷ ᠨᠢ ᠡᠷᠡᠭᠦᠯ᠃ ᠬᠡᠮ ᠬᠢᠵᠢᠭ ᠲᠠᠢ ᠮᠠᠯ ᠤᠨ ᠬᠡᠯᠡ ᠨᠢ | ᠬᠦᠰᠢᠭᠦᠨ ᠪᠦᠭᠡᠳ ᠬᠦᠴᠦ ᠦᠭᠡᠢ᠂ ᠬᠡᠯᠡᠨ ᠤ ᠦᠵᠦᠭᠦᠷ ᠨᠢ ᠨᠢᠮᠭᠡᠨ ᠪᠦᠭᠡᠳ ᠦᠩᠭᠡ ᠨᠢ ᠴᠠᠶᠢᠪᠤᠷ ᠪᠤᠶᠤ | ᠦᠩᠭᠦᠷ ᠨᠢ ᠵᠤᠵᠠᠭᠠᠨ ᠪᠠᠶᠢᠳᠠᠭ᠃ | ᠶᠢᠰᠤ᠂ ᠠᠮᠠᠨ ᠬᠦᠨᠳᠡᠢ᠃ ᠬᠡᠮ ᠬᠢᠵᠢᠭ ᠦᠭᠡᠢ ᠮᠠᠯ ᠤᠨ ᠠᠮᠠᠨ ᠬᠦᠨᠳᠡᠢ ᠶᠢᠨ ᠰᠠᠯᠢᠰᠤᠳᠤ ᠪᠦᠷᠭᠦᠪᠴᠢ ᠨᠢ | ᠬᠦᠶᠤᠭᠡᠨ ᠤᠯᠠᠭᠠᠨ ᠦᠩᠭᠡ ᠲᠠᠢ᠂ ᠭᠠᠷ ᠢᠶᠠᠷ ᠲᠡᠮᠳᠡᠷᠢᠭᠦ ᠳᠤ ᠬᠠᠯᠠᠭᠤᠨ ᠪᠠᠶᠢᠵᠦ᠂ ᠦᠮᠡᠭᠡᠢ ᠦᠨᠦᠷ ᠦᠭᠡᠢ᠃ | ᠭᠡᠮ ᠬᠢᠵᠢᠭ ᠲᠠᠢ ᠮᠠᠯ ᠤᠨ ᠠᠮᠠᠨ ᠬᠦᠨᠳᠡᠢ ᠨᠢ ᠬᠡᠰᠡᠭ ᠬᠠᠯᠠᠭᠤᠨ ᠬᠡᠰᠡᠭ ᠬᠦᠢᠳᠡᠨ᠂ ᠰᠠᠯᠢᠰᠤᠳᠤ ᠪᠦᠷᠭᠦᠪᠴᠢ ᠨᠢ | ᠴᠠᠶᠢᠪᠤᠷ᠂ ᠰᠢᠯᠦᠰᠤ ᠭᠤᠭᠤᠵᠢᠬᠤ ᠪᠤᠶᠤ ᠦᠩᠭᠡ ᠨᠢ ᠤᠯᠠᠪᠳᠤᠷ ᠬᠠᠭᠤᠷᠠᠢ᠂ ᠪᠠᠰᠠ ᠦᠮᠡᠭᠡᠢ ᠦᠨᠦᠷ ᠲᠠᠢ | ᠪᠠᠶᠢᠳᠠᠭ᠃ | ᠠᠷᠪᠠ᠂ ᠪᠠᠭᠠᠰᠤ ᠰᠢᠭᠡᠰᠦ᠃ ᠬᠡᠮ ᠬᠢᠵᠢᠭ ᠦᠭᠡᠢ ᠮᠠᠯ ᠤᠨ ᠪᠠᠭᠠᠰᠤ ᠨᠢ ᠵᠢᠵᠢᠭ ᠮᠦᠬᠦᠯᠢᠭ ᠪᠦᠭᠡᠳ | ᠬᠠᠳᠠᠭᠤ ᠬᠠᠭᠤᠷᠠᠢ ᠪᠠᠶᠢᠳᠠᠭ᠃ ᠨᠠᠷᠢᠯᠢᠬ ᠪᠤᠷᠳᠤᠭ᠎ᠠ ᠨᠦᠬᠦᠪᠦᠷᠢᠯᠡᠨ ᠲᠡᠵᠢᠭᠡᠳᠡᠭ ᠮᠠᠯ ᠤᠨ ᠪᠠᠭᠠᠰᠤ ᠨᠢ ᠵᠦᠭᠡᠯᠡᠨ | ᠬᠡᠰᠡᠭ ᠬᠡᠰᠡᠭ ᠪᠦᠭᠡᠳ ᠦᠨᠦᠷ ᠦᠭᠡᠢ᠂ ᠰᠢᠭᠡᠰᠦ ᠨᠢ ᠲᠤᠩᠭᠠᠯᠠᠭ ᠮᠦᠷᠳᠡᠭᠡᠨ ᠦᠩᠭᠡ ᠦᠭᠡᠢ ᠪᠤᠶᠤ ᠴᠠᠶᠢᠪᠤᠷ | ᠰᠢᠷ᠎ᠠ ᠦᠩᠭᠡ ᠲᠠᠢ᠃ ᠭᠡᠮ ᠬᠢᠵᠢᠭ ᠲᠠᠢ ᠮᠠᠯ ᠤᠨ ᠪᠠᠭᠠᠰᠤ ᠰᠢᠭᠡᠰᠦ ᠨᠢ ᠬᠡᠪ ᠤᠨ ᠪᠤᠰᠤ ᠪᠤᠯᠵᠦ᠂ ᠪᠠᠭᠠᠰᠤ ᠨᠢ | ᠬᠡᠳᠦ ᠬᠠᠳᠠᠭᠤ ᠪᠤᠶᠤ ᠬᠡᠳᠦ ᠰᠢᠩᠭᠡᠨ᠂ ᠡᠰᠡᠭᠦᠯ᠎ᠠ ᠪᠠᠭᠠᠰᠤ ᠨᠢ ᠬᠤᠷᠢᠬᠳᠠᠵᠦ᠂ ᠰᠢᠭᠡᠰᠦ ᠨᠢ ᠰᠢᠷ᠎ᠠ ᠦᠩᠭᠡ ᠲᠠᠢ | ᠪᠤᠶᠤ ᠴᠢᠰᠤ ᠲᠠᠢ ᠪᠠᠶᠢᠳᠠᠭ᠃ | |