ᠬᠥᠲᠡᠭᠡ ᠲᠤᠰᠬᠤᠨ ᠮᠠᠯᠵᠢᠬᠤ ᠤᠷᠤᠨ ᠤ ᠰᠢᠨ᠎ᠡ ᠬᠡᠯᠪᠡᠷᠢ ᠶᠢᠨ ᠲᠤᠯᠠᠭᠠᠯᠠᠭ᠎ᠠ ᠶᠢᠨ ︽ᠤᠴᠢ︾
ᠨᠡᠶᠢᠲᠡᠯᠡᠭᠰᠡᠨ ᠴᠠᠭ᠄
2020/12/22
      ᠬᠥᠲᠡᠭᠡ ᠲᠤᠰᠬᠤᠨ ᠮᠠᠯᠵᠢᠬᠤ ᠤᠷᠤᠨ ᠤ ᠰᠢᠨ᠎ᠡ ᠬᠡᠯᠪᠡᠷᠢ ᠶᠢᠨ ᠲᠤᠯᠠᠭᠠᠯᠠᠭ᠎ᠠ ᠶᠢᠨ ︽ᠤᠴᠢ︾      ᠡᠨᠡ ᠵᠢᠯ ᠮᠠᠨ ᠤ ᠬᠤᠲᠠ ᠳᠤ ᠡᠷᠲᠡ ᠴᠠᠰᠤ ᠤᠷᠤᠵᠤ᠂ ᠠᠭᠠᠷ ᠤᠨ ᠲᠤᠯᠠᠭᠠᠨ ᠥᠡᠭᠭᠡᠷᠡᠭᠰᠡᠨ ᠵᠢᠯ ᠠᠴᠠ ᠬᠠᠷᠢᠴᠠᠩᠭᠤᠢ ᠲᠤᠤᠷ᠎ᠠ ᠪᠤᠯᠪᠠ᠃ ︽ᠭᠤᠷᠪᠠ ᠶᠢᠰᠤ ᠶᠢᠨ ᠬᠥᠢᠲᠡᠨ ᠳᠤ ᠭᠤᠨᠠᠨ ᠥᠭᠡᠷ ᠤᠨ ᠡᠪᠡᠷ ᠬᠠᠭ᠎ᠠ ᠬᠥᠯᠲᠡᠨ᠎ᠡ︾ ᠭᠡᠲᠡᠭ ᠴᠤ ᠴᠠᠭᠠᠨ ᠬᠤᠯᠤᠭᠠᠨ᠎ᠠ ᠵᠢᠯ ᠤᠨ ᠡᠪᠤᠯ ᠬᠠᠷᠢᠨ ᠶᠢᠰᠤ ᠲᠤᠭᠠᠯᠠᠬᠤ ᠶᠢᠨ ᠡᠮᠤᠨ᠎ᠡ ᠡᠵᠡᠨ ᠥᠭᠡᠢ ᠬᠥᠢᠲᠡᠨ ᠬᠠᠪᠢᠷᠭ᠎ᠠ ᠨᠡᠪᠲᠡᠯᠵᠤ᠂ ᠬᠠᠴᠠᠷ ᠨᠢᠭᠤᠷ ᠢ ᠬᠠᠭᠠᠷᠢᠨ᠎ᠠ᠃ ᠨᠡᠶᠢᠭᠡᠮ ᠬᠥᠭᠵᠢᠬᠦ ᠶᠢ ᠲᠠᠭᠠᠯᠲᠤᠨ ᠵᠠᠷᠢᠮ ᠪᠥᠯᠥᠭ ᠮᠠᠯᠴᠢᠳ ᠤᠯᠠᠮᠵᠢᠯᠠᠯᠲᠤ ᠲᠤᠯᠠᠭᠠᠯᠠᠭ᠎ᠠ ᠶᠢᠨ ᠠᠷᠭ᠎ᠠ ᠮᠠᠶ᠋ᠢᠭ ᠲᠠᠭᠠᠨ ᠰᠢᠨᠠᠴᠢᠯᠡᠯᠲᠡ ᠬᠢᠵᠤ᠂ ᠵᠠᠷᠤᠲᠠᠯ ᠠᠷᠪᠢᠯᠠᠬᠤ᠂ ᠬᠥᠮᠤᠨ ᠤ ᠬᠥᠴᠤ ᠠᠷᠪᠢᠯᠠᠬᠤ᠂ ᠡᠨᠧᠷᠭᠢ ᠠᠷᠪᠢᠯᠠᠬᠤ ᠵᠡᠷᠭᠡ ᠰᠢᠨ᠎ᠡ ᠬᠡᠯᠪᠡᠷᠢ ᠶᠢᠨ ᠲᠤᠯᠠᠭᠠᠯᠠᠭ᠎ᠠ ᠶᠢᠨ ᠲᠤᠨᠤᠭ ᠲᠥᠬᠦᠭᠡᠷᠤᠮᠵᠢ ᠪᠤᠶᠤ ᠰᠢᠲᠡᠭᠠᠯᠭ᠎ᠠ ᠶᠢᠨ ᠪᠤᠲᠠᠰ ᠢ ᠬᠡᠷᠡᠭᠯᠡᠭᠡᠳ ᠬᠥᠭᠡᠭᠡ ᠡᠪᠤᠯ ᠤᠨ ᠬᠥᠢᠲᠡᠨ ᠳᠤ ᠴᠤ ᠲᠤᠯᠠᠭᠠᠨ ᠲᠠᠪᠠᠲᠠᠢ ᠡᠪᠤᠯᠵᠢᠬᠦ ᠪᠤᠯᠤᠭᠰᠠᠨ ᠨᠢ ᠪᠠᠶᠡᠷᠯᠠᠭᠤᠰᠢᠲᠠᠢ᠃      ᠤᠲᠤᠭ ᠬᠤᠰᠢᠭᠤᠨ ᠤ ᠠᠷᠪᠠᠰ ᠰᠤᠮᠤ ᠶᠢᠨ ᠪᠠᠶᠠᠬᠤᠰᠤ ᠭᠠᠴᠠᠭᠠᠨ ᠤ ᠮᠠᠯᠴᠢᠨ ᠵᠢᠷᠭᠠᠯ ᠡᠨᠡ ᠵᠢᠯ 200 ᠭᠠᠷᠤᠢ ᠲᠡᠭᠰᠢ ᠲᠥᠷᠪᠡᠯᠵᠢᠨ ᠮᠧᠲᠷ ᠤᠨ ᠲᠠᠯᠠᠪᠡᠢ ᠲᠠᠢ ᠰᠢᠨ᠎ᠡ ᠤᠷᠤᠨ ᠰᠠᠭᠤᠴᠠ ᠳᠠᠭᠠᠨ ᠠᠭᠠᠷ ᠲᠤᠯᠠᠭᠠᠯᠠᠭ᠎ᠠ  ᠶᠢᠨ ᠲᠥᠬᠦᠭᠡᠷᠤᠮᠵᠢ ᠤᠭᠰᠠᠷᠠᠵᠠᠢ᠃ ᠡᠪᠤᠯ ᠤᠨ ᠬᠥᠢᠲᠡᠨ ᠳᠤ ᠲᠠᠭᠠᠷᠠᠵᠤ ᠲᠠᠭᠵᠢᠵᠤ ᠶᠠᠪᠤᠭᠰᠠᠨ ᠪᠢᠲᠡ ᠭᠡᠷ ᠲᠤᠨᠢ ᠤᠷᠤᠭᠠᠳ ᠪᠠᠭᠠᠬᠠᠨ ᠵᠤᠭᠤᠬᠲᠠᠵᠤ ᠰᠠᠭᠤᠲᠠᠯ᠎ᠠ ᠬᠠᠯᠠᠭᠤᠴᠠᠭᠠᠳ ᠡᠮᠤᠰᠤᠭ᠍ᠰᠡᠨ ᠬᠥᠷᠮ᠎ᠡ ᠵᠤᠵᠠᠭᠠᠳᠴᠤ᠂ ᠠᠭᠠᠷ ᠲᠤᠯᠠᠭᠠᠯᠠᠭ᠎ᠠ ᠶᠢᠨ ᠲᠥᠬᠦᠭᠡᠷᠤᠮᠵᠢ ᠶᠢᠨ ᠷᠢᠲᠢ ᠰᠢᠲᠢ ᠶᠢ ᠭᠠᠶᠢᠬᠠᠪᠠ᠃      ᠵᠢᠷᠭᠠᠯ᠄ ︽ᠬᠠᠭᠤᠴᠢᠨ ᠭᠡᠷ ᠲᠤ ᠰᠠᠭᠤᠵᠤ ᠪᠡᠶᠢᠬᠤ ᠳᠤ ᠵᠢᠯ ᠳᠡᠭᠡᠨ 2 ᠠᠴᠠ 3 ᠲᠤᠨ ᠨᠡᠬᠦᠷᠡᠰᠤ ᠠᠪᠴᠢᠬᠠᠪᠠᠯ ᠡᠪᠤᠯ ᠬᠠᠪᠤᠷ ᠤᠨ ᠲᠤᠯᠠᠭᠠᠯᠠᠭ᠎ᠠ ᠳᠤ ᠬᠥᠢᠴᠡᠲᠡᠭ᠃ ᠬᠠᠷᠢᠨ ᠡᠨᠡ ᠵᠢᠯ 50 ᠭᠠᠷᠤᠢ ᠲᠥᠮᠡᠨ ᠲᠥᠬᠦᠷᠢᠭ ᠵᠠᠷᠤᠵᠤ ᠪᠠᠷᠢᠭᠰᠠᠨ ᠰᠢᠨ᠎ᠡ ᠪᠠᠶᠢᠰᠢᠩ ᠢᠶᠠᠨ ᠤᠤᠯ ᠤᠨ ᠰᠢᠭ᠋ ᠨᠡᠬᠦᠷᠡᠰᠤ ᠲᠥᠯᠡᠵᠤ ᠤᠲᠤᠭ᠎ᠠ ᠲᠤᠭᠤᠰᠤᠨ ᠳᠤ ᠬᠠᠷᠠᠯᠠᠭᠤᠯᠵᠤ ᠲᠥᠪᠲᠡᠬᠦ ᠥᠭᠡᠢ ᠪᠤᠯᠬᠤᠷ ᠰᠢᠨ᠎ᠡ ᠭᠡᠯᠪᠡᠷᠢ ᠶᠢᠨ ᠲᠤᠯᠠᠭᠠᠯᠠᠭ᠎ᠠ ᠶᠢᠨ ᠲᠥᠬᠦᠭᠡᠷᠤᠮᠵᠢ ᠤᠭᠰᠠᠷᠠᠭᠰᠠᠨ ᠶᠤᠮ᠃ ᠲᠡᠬᠢᠪᠡᠯ ᠰᠢᠨ᠎ᠡ ᠪᠠᠶᠢᠰᠢᠩ ᠶᠡᠭᠡ ᠲᠤᠯᠠ ᠵᠢᠯ ᠳᠤ ᠠᠲᠠᠭ ᠲᠠᠭᠠᠨ 10 ᠲᠤᠨ ᠨᠡᠬᠦᠷᠡᠰᠤ ᠲᠥᠯᠡᠨ᠎ᠡ᠂ ᠲᠡᠭᠡᠭᠡᠳ ᠭᠠᠲᠠᠭᠰᠢ ᠲᠤᠲᠤᠭᠰᠢ ᠶᠠᠪᠤᠬᠤ ᠳᠤ ᠪᠠᠰᠠ ᠲᠥᠬᠦᠮ ᠥᠭᠡᠢ︾ ᠭᠡᠵᠤ ᠪᠠᠶᠢᠯ᠎ᠠ᠃ ᠵᠢᠷᠭᠠᠯ ᠲᠤᠯᠠᠭᠠᠯᠠᠭ᠎ᠠ ᠶᠢᠨ ᠵᠠᠬ᠎ᠠ ᠲᠡᠯᠭᠡᠬᠦᠷ ᠲᠤ ᠨᠠᠷᠢᠨ ᠪᠠᠶᠢᠴᠠᠭᠠᠯᠲᠠ ᠬᠢᠭᠰᠡᠨ ᠤ ᠳ᠋ᠥᠡᠭ ᠳᠤ ᠠᠭᠠᠷ ᠲᠤᠯᠠᠭᠠᠯᠠᠭ᠎ᠠ ᠶᠢᠨ ᠲᠥᠬᠦᠭᠡᠷᠤᠮᠵᠢ ᠬᠠᠮᠤᠭ ᠤᠨ ᠲᠤᠬᠢᠷᠠᠯᠵᠢᠲᠠᠢ ᠭᠡᠵᠤ ᠥᠵᠡᠵᠤ᠂ 4 ᠲᠥᠮᠡᠨ ᠲᠥᠬᠦᠷᠢᠭ ᠵᠠᠷᠤᠴᠠᠭᠤᠯᠤᠨ ᠭᠡᠷ ᠲᠡᠭᠡᠨ ᠤᠭᠰᠠᠷᠠᠭᠰᠠᠨ ᠪᠠᠶᠢᠨ᠎ᠠ᠃ ︽ᠠᠭᠠᠷ ᠤᠨ ᠲᠤᠯᠠᠭᠠᠯᠠᠭ᠎ᠠ ᠶᠢᠨ ᠲᠥᠭᠦᠭᠡᠷᠤᠮᠵᠢ ᠪᠤᠯ ᠣᠷᠴᠢᠮ ᠤᠨ ᠵᠢᠯ ᠠᠴᠠ ᠰᠢᠨ᠎ᠡ ᠪᠠᠷ ᠭᠠᠷᠤᠭᠰᠠᠨ ᠨᠢᠭᠡ ᠵᠥᠢᠯ ᠤᠨ ᠲᠤᠯᠠᠭᠠᠯᠠᠭ᠎ᠠ ᠶᠢᠨ ᠲᠥᠬᠦᠭᠡᠷᠤᠮᠵᠢ ᠶᠤᠮ᠃ ᠲᠡᠷᠡ ᠨᠢ ᠬᠡᠷᠡᠭᠯᠡᠬᠦ ᠳᠤ ᠲᠥᠬᠦᠮ᠂ ᠴᠠᠬᠢᠯᠭᠠᠨ ᠳᠤ ᠭᠠᠮᠲᠠᠢ᠂ ᠲᠤᠯᠠᠭᠠᠯᠠᠭ᠎ᠠ ᠶᠢᠨ ᠬᠤᠭᠤᠯᠠᠢ ᠲᠤᠲᠤᠷ᠎ᠠ ᠨᠢ ᠬᠥᠯᠲᠡᠬᠦ ᠠᠴᠠ ᠰᠡᠷᠭᠡᠶᠢᠯᠡᠬᠦ ᠰᠢᠩᠭᠡᠨ ᠰᠠᠪᠠᠯᠠᠵᠤ ᠪᠠᠶᠢᠲᠠᠭ ᠪᠤᠯᠬᠤᠷ ᠬᠡᠷᠡᠭᠯᠡᠬᠦ ᠥᠭᠡᠢ ᠪᠤᠶᠤ ᠭᠡᠷ ᠲᠤ ᠬᠥᠮᠤᠨ ᠥᠭᠡᠢ ᠴᠠᠭ ᠲᠤ ᠴᠠᠬᠢᠯᠭᠠᠨ ᠢ ᠨᠢ ᠰᠠᠯᠭᠠᠵᠤ ᠬᠠᠶᠠᠭᠰᠠᠨ ᠴᠤ ᠬᠥᠯᠲᠡᠲᠡᠭ ᠥᠭᠡᠢ᠃ ᠡᠲᠤᠷ ᠰᠥᠨᠢ ᠶᠢᠨ ᠲᠤᠯᠠᠭᠠᠨ  ᠤ ᠬᠡᠮᠵᠢᠶ᠎ᠡ ᠶᠢ ᠠᠰ ᠠᠰ ᠲᠤᠨᠢ ᠲᠤᠬᠢᠷᠠᠭᠤᠯᠬᠤ᠂ ᠭᠠᠷ ᠤᠲᠠᠰᠤᠨ ᠲᠡᠭᠡᠷ᠎ᠡ ᠪᠠᠨ ᠤᠶᠤᠨᠴᠢ ᠡᠵᠡᠮᠰᠢᠯ ᠬᠢᠭᠦ ᠴᠢᠲᠡᠮᠵᠢ ᠲᠠᠢ ᠲᠤᠯᠠ ᠮᠠᠯᠴᠢᠨ ᠪᠢᠲᠡᠨ ᠳᠤ ᠶᠡᠭᠡ ᠬᠡᠷᠡᠭᠴᠡᠭᠡ ᠲᠠᠢ ᠪᠠᠶᠢᠨ᠎ᠠ︾ ᠭᠡᠵᠤ ᠵᠢᠷᠭᠠᠯ ᠠᠭᠠᠷ ᠲᠤᠯᠠᠭᠠᠯᠠᠭ᠎ᠠ  ᠶᠢᠨ ᠲᠥᠭᠦᠭᠡᠷᠤᠮᠵᠢ ᠪᠠᠨ ᠲᠠᠨᠢᠯᠴᠠᠭᠤᠯᠤᠨ᠎ᠠ᠃      ᠤᠶᠢᠷ᠎ᠠ ᠶᠢᠨ ᠵᠢᠯ ᠠᠴᠠ ᠨᠠᠭᠠᠰᠢ ᠨᠠᠮ ᠵᠠᠰᠠᠭ ᠠᠴᠠ ᠮᠠᠯᠴᠢᠨ ᠲᠠᠷᠢᠶᠠᠴᠢᠳ ᠤᠨ ᠲᠤᠯᠠᠭᠠᠯᠠᠭ᠎ᠠ ᠶᠢᠨ ᠠᠵᠢᠯ  ᠢ ᠬᠠᠯᠠᠮᠵᠢᠯᠠᠵᠤ᠂ ᠨᠡᠬᠦᠷᠡᠰᠤᠨ ᠤ ᠨᠥᠬᠦᠪᠤᠷᠢ ᠥᠭᠬᠦ᠂ ᠴᠠᠬᠢᠯᠭᠠᠨ ᠤ ᠰᠥᠢᠳᠭᠡᠯ ᠢ ᠨᠢ ᠪᠠᠭᠤᠷᠠᠭᠤᠯᠬᠤ ᠵᠡᠷᠭᠡ ᠲᠥᠷᠥ ᠶᠢᠨ ᠪᠤᠲᠤᠯᠭ᠎ᠠ ᠶᠢ ᠭᠡᠷᠡᠭᠵᠢᠬᠦᠯᠵᠤ᠂ ᠮᠠᠯᠴᠢᠨ ᠲᠡᠷᠢᠶᠠᠴᠢᠳ ᠤᠨ ᠥᠢᠯᠡᠳᠪᠤᠷᠢᠯᠡᠯ ᠠᠮᠢᠲᠤᠷᠠᠯ ᠳᠤ ᠨᠡᠩ ᠢᠯᠡᠬᠦᠤ ᠠᠰᠢᠭ ᠬᠥᠷᠲᠡᠭᠡᠵᠠᠢ᠃ ᠵᠢᠷᠭᠠᠯ ᠤᠨ ᠬᠢ ᠪᠠᠷ ᠵᠢᠱᠢᠶᠡᠯᠡᠪᠡᠯ᠂ ᠡᠨᠡ ᠵᠢᠯ ᠠᠴᠠ ᠡᠬᠢᠯᠡᠵᠤ ᠴᠠᠬᠢᠯᠭᠠᠨ ᠤ ᠰᠥᠢᠳᠭᠡᠯ ᠢ ᠪᠠᠭᠤᠷᠠᠭᠤᠯᠬᠤ ᠲᠥᠷᠥ ᠶᠢᠨ ᠪᠤᠲᠤᠯᠭ᠎ᠠ ᠶᠢ ᠭᠡᠷᠡᠭᠵᠢᠬᠦᠯᠥᠭᠰᠡᠨ ᠤ ᠲᠠᠷᠠᠭ᠎ᠠ ᠲᠡᠲᠡᠨ ᠤ ᠬᠢᠨ ᠰᠢᠨ᠎ᠡ ᠬᠡᠯᠪᠡᠷᠢ ᠶᠢᠨ ᠲᠤᠯᠠᠭᠠᠯᠠᠭ᠎ᠠ ᠶᠢᠨ ᠲᠤᠨᠤᠭ ᠲᠥᠬᠦᠭᠡᠷᠤᠮᠵᠢ ᠬᠡᠷᠡᠭᠯᠡᠬᠦ ᠪᠤᠯᠵᠤ᠂ 3000 ᠭᠠᠷᠤᠢ ᠲᠥᠬᠦᠷᠢᠭ ᠤᠨ ᠴᠠᠬᠢᠯᠭᠠᠨ ᠤ ᠰᠥᠢᠳᠭᠡᠯ ᠢᠶᠠᠷ ᠪᠥᠬᠦ ᠵᠢᠯ ᠤᠨ ᠲᠤᠯᠠᠭᠠᠯᠠᠭ᠎ᠠ ᠶᠢᠨ ᠠᠰᠠᠭᠤᠲᠠᠯ ᠢᠶᠠᠨ ᠰᠢᠢᠳᠪᠤᠷᠢᠯᠡᠬᠦ ᠪᠤᠯᠵᠠᠢ᠃ ᠨᠡᠶᠢᠭᠡᠮ ᠠᠵᠤ ᠠᠬᠤᠢ ᠬᠥᠭᠵᠢᠵᠤ ᠮᠠᠯᠴᠢᠳ ᠤᠨ ᠠᠮᠢᠲᠤᠷᠠᠯ ᠰᠠᠶᠢᠵᠢᠷᠠᠬᠤ ᠶᠢ ᠲᠠᠭᠠᠯᠲᠤᠨ ᠨᠡᠩ ᠤᠯᠠᠨ ᠮᠠᠯᠴᠢᠨ ᠲᠡᠷᠢᠶᠠᠴᠢᠳ ᠤᠨ ᠡᠪᠤᠯ ᠤᠨ ᠲᠤᠯᠠᠭᠠᠯᠠᠭ᠎ᠠ ᠳᠤ ᠬᠤᠪᠢᠷᠠᠯᠲᠠ ᠭᠠᠷᠴᠤ ᠪᠤᠢ᠃ ᠴᠠᠬᠢᠯᠭᠠᠨ ᠲᠤᠯᠠᠭᠠᠯᠠᠭ᠎ᠠ᠂ ᠪᠠᠶᠢᠭᠠᠯᠢ  ᠶᠢᠨ ᠰᠢᠲᠠᠮᠠᠬᠠᠢ ᠬᠡᠢ ᠶᠢᠨ ᠲᠤᠯᠠᠭᠠᠯᠠᠭ᠎ᠠ᠂ ᠨᠠᠷᠠᠨ ᠤ ᠡᠨᠧᠷᠬᠢ ᠶᠢᠨ ᠲᠤᠯᠠᠭᠠᠯᠠᠭ᠎ᠠ ᠵᠡᠷᠭᠡ ᠰᠢᠨ᠎ᠡ ᠮᠠᠶ᠋ᠢᠭ ᠤᠨ ᠲᠤᠯᠠᠭᠠᠯᠠᠭ᠎ᠠ ᠶᠢᠨ ᠲᠤᠨᠤᠭ ᠲᠥᠬᠦᠭᠡᠷᠤᠮᠵᠢ ᠨᠢ ᠠᠭᠠᠷ ᠮᠠᠨᠲᠠᠯ ᠤᠨ ᠪᠤᠬᠢᠷᠲᠤᠯ ᠢ ᠪᠠᠭᠠᠰᠬᠠᠨ᠂ ᠬᠥᠲᠡᠯᠮᠤᠷᠢ ᠬᠥᠴᠤ  ᠶᠢ ᠠᠷᠪᠢᠯᠠᠵᠤ᠂ ᠵᠤᠭᠤᠰ ᠮᠥᠡᠭᠬᠦᠨ ᠤ ᠵᠠᠷᠤᠲᠠᠯ ᠢ ᠴᠤ ᠵᠤᠬᠢᠬᠤ ᠬᠡᠮᠵᠢᠶ᠎ᠡ ᠪᠠᠷ ᠪᠠᠭᠤᠷᠠᠭᠤᠯᠵᠠᠢ᠃      ᠪᠠᠶᠠᠬᠤᠰᠤ ᠭᠠᠴᠠᠭᠠᠨ ᠤ ᠮᠠᠯᠴᠢᠨ ᠰᠤᠶᠤᠯᠪᠠᠲᠤ ᠶᠢᠨ ᠬᠢ ᠨᠢ ᠤᠤᠯ ᠨᠢ ᠨᠡᠬᠦᠷᠡᠰᠤ᠂ ᠬᠤᠷᠭᠤᠯ ᠢᠶᠠᠷ ᠭᠤᠤᠯ ᠲᠥᠯᠡᠰᠢ ᠪᠤᠯᠭᠠᠨ ᠡᠪᠤᠯᠵᠢᠲᠡᠭ᠃ 2014 ᠤᠨ ᠤ ᠥᠶ᠎ᠡ ᠪᠠᠷ 160 ᠲᠡᠭᠰᠢ ᠲᠥᠷᠪᠡᠯᠵᠢᠨ ᠮᠧᠲᠷ ᠤᠨ ᠪᠠᠶᠢᠰᠢᠩ ᠳᠠᠭᠠᠨ 4 ᠲᠥᠮᠡᠨ ᠬᠢᠷᠢᠲᠠᠢ ᠲᠥᠬᠦᠷᠢᠭ ᠵᠠᠷᠤᠴᠠᠭᠤᠯᠤᠨ ᠨᠠᠷᠠᠨ ᠤ ᠡᠨᠧᠷᠬᠢ ᠪᠠᠷ ᠲᠤᠯᠠᠭᠠᠯᠠᠭ᠎ᠠ ᠬᠢᠬᠦ ᠲᠤᠨᠤᠭ ᠲᠥᠬᠦᠭᠡᠷᠤᠮᠵᠢ ᠤᠭᠰᠠᠷᠠᠵᠠᠢ᠃ ᠰᠤᠶᠤᠯᠪᠠᠲᠤ ᠨᠠᠷᠠᠨ ᠤ ᠡᠨᠧᠷᠬᠢ ᠪᠠᠷ ᠲᠤᠯᠠᠭᠠᠯᠠᠭ᠎ᠠ ᠬᠢᠬᠦ ᠲᠥᠬᠦᠭᠡᠷᠤᠮᠵᠢ  ᠶᠢ ᠤᠭᠰᠠᠷᠠᠭᠰᠠᠨ ᠤ ᠲᠠᠷᠠᠭ᠎ᠠ ᠲᠠᠭᠠᠷᠴᠤ ᠬᠥᠷᠤᠬᠦ ᠲᠡᠤᠭᠡ ᠶᠢ ᠡᠴᠤᠰᠯᠡᠬᠦᠯᠵᠤ᠂ ᠵᠠᠷᠢᠮ ᠳᠠᠭᠠᠨ ᠲᠤᠯᠠᠭᠠᠨ ᠢ ᠨᠢ ᠶᠡᠭᠡ ᠰᠢᠭ ᠲᠤᠬᠢᠷᠠᠭᠤᠯᠴᠢᠬᠠᠪᠠᠯ ᠰᠥᠨᠢ ᠳᠡᠭᠡᠨ ᠬᠠᠯᠠᠭᠠᠳ ᠨᠢᠴᠤᠬᠦᠨ ᠤᠨᠲᠠᠬᠤ ᠶᠢᠨ ᠲᠤᠭᠠᠯᠠᠩ ᠪᠤᠯᠲᠠᠭ ᠭᠡᠨ᠎ᠡ᠃      ᠰᠤᠶᠤᠯᠪᠠᠲᠤ᠄ ︽ᠨᠠᠷᠠᠨ ᠤ ᠡᠨᠧᠷᠬᠢ ᠪᠠᠷ ᠲᠤᠯᠠᠭᠠᠯᠠᠭ᠎ᠠ ᠬᠢᠬᠦ ᠲᠥᠬᠦᠭᠡᠷᠤᠮᠵᠢ ᠨᠢ ᠲᠤᠬᠠᠢ ᠶᠢᠨ ᠥᠶ᠎ᠡ ᠳᠤ ᠬᠥᠲᠡᠭᠡ ᠶᠢᠨ ᠠᠶᠢᠯ ᠳᠤ ᠨᠡᠯᠢᠶᠡᠳ ᠲᠤᠬᠢᠷᠠᠭᠰᠠᠨ ᠲᠤᠯᠠᠭᠠᠯᠠᠭ᠎ᠠ ᠶᠢᠨ ᠠᠷᠭ᠎ᠠ ᠪᠠᠶᠢᠵᠠᠢ᠃ ᠲᠡᠷᠡ ᠨᠢ ᠵᠤᠭᠤᠰ ᠮᠥᠡᠭᠬᠦ᠂ ᠬᠥᠲᠡᠯᠮᠤᠷᠢ ᠬᠥᠴᠤ ᠳᠤ ᠶᠡᠭᠡ ᠭᠠᠮᠲᠠᠢ ᠮᠥᠷᠲᠡᠭᠡᠨ ᠬᠤᠷᠭᠤᠯ ᠱᠥᠬᠦᠷᠲᠡᠵᠤ ᠨᠡᠬᠦᠷᠡᠰᠤ ᠵᠥᠭᠡᠭᠡᠬᠦ᠂ ᠭᠠᠯ ᠨᠡᠮᠡᠬᠦ ᠬᠥᠲᠡᠯᠮᠤᠷᠢ ᠠᠴᠠ ᠴᠢᠯᠤᠭᠡᠯᠡᠭᠰᠡᠨ ᠶᠤᠮ︾ ᠭᠡᠪᠡ᠃ ᠭᠡᠪᠡᠴᠤ ᠶᠠᠮᠠᠷᠪᠠ ᠭᠡᠷᠡᠭ ᠪᠤᠲᠠᠰ ᠲᠤ ᠪᠥᠷ ᠢᠲᠡᠪᠬᠢ ᠨᠠᠵᠠᠭᠠᠢ ᠬᠤᠶᠠᠷ ᠲᠠᠯ᠎ᠠ ᠤᠷᠤᠰᠢᠵᠤ ᠪᠠᠶᠢᠲᠠᠭ᠃ ᠮᠠᠯᠵᠢᠬᠤ ᠲᠠᠷᠢᠶᠠᠯᠠᠬᠤ ᠤᠷᠤᠨ ᠢᠶᠠᠷ ᠨᠠᠷᠠᠨ ᠤ ᠡᠨᠧᠷᠬᠢ ᠪᠠᠷ ᠲᠤᠯᠠᠭᠠᠯᠠᠭ᠎ᠠ ᠬᠢᠬᠦ ᠲᠥᠬᠦᠭᠡᠷᠤᠮᠵᠢ ᠭᠠᠷᠴᠤ ᠢᠷᠡᠬᠦ ᠥᠶ᠎ᠡ ᠳᠤ ᠰᠤᠶᠤᠯᠪᠠᠲᠤ ᠶᠢᠨ ᠬᠢᠨ ᠪᠠᠷᠤᠭ ᠲᠡᠷᠢᠬᠦᠨ ᠲᠤᠭ᠎ᠠ  ᠲᠠᠢ ᠤᠭᠰᠠᠷᠠᠭᠰᠠᠨ ᠠᠶᠢᠯ ᠤᠨ ᠨᠢᠭᠡ ᠨᠢ ᠪᠠᠶᠢᠭᠰᠠᠨ ᠪᠤᠯᠬᠤᠷ ᠬᠡᠲᠤᠨ ᠵᠢᠯ ᠤᠨ ᠠᠰᠢᠭᠯᠠᠯᠲᠠ ᠲᠤᠮᠲᠠ ᠲᠤᠰ ᠲᠥᠬᠦᠭᠡᠷᠤᠮᠵᠢ ᠶᠢᠨ ᠬᠥᠷᠤᠯᠴᠠᠬᠦ ᠥᠭᠡᠢ ᠲᠠᠯ᠎ᠠ ᠨᠢ ᠠᠭᠠᠵᠢᠮ ᠢᠶᠠᠷ ᠴᠤᠬᠤᠶᠢᠪᠠ᠃ ᠲᠤᠬᠠᠶᠢᠯᠠᠪᠠᠯ ᠴᠠᠰᠤ ᠴᠢᠬᠢᠭ ᠪᠠᠭᠤᠵᠤ ᠲᠠᠪᠤ ᠠᠷᠪᠠ ᠬᠤᠨᠤᠭ ᠢᠶᠠᠷ ᠲᠡᠭᠷᠢ ᠪᠥᠷᠬᠦᠬᠦ ᠳᠤ ᠬᠥᠷᠪᠡᠯ ᠲᠤᠯᠠᠭᠠᠯᠠᠭ᠎ᠠ ᠶᠢᠨ ᠢᠯᠴᠢ ᠨᠢ ᠮᠠᠭᠤᠲᠠᠵᠤ ᠪᠠᠷᠤᠭ ᠬᠥᠢᠲᠡᠨ ᠲᠤᠭ᠎ᠠ ᠲᠠᠢ ᠪᠤᠯᠲᠠᠭ ᠪᠠᠶᠢᠪᠠ᠃ ᠢᠡᠭᠬᠢᠭᠡᠳ ᠡᠨᠡ ᠵᠢᠯ ᠡᠲᠡ ᠨᠡᠬᠦᠷᠡᠰᠤ ᠴᠢᠬᠢᠯᠭᠠᠨ ᠬᠤᠶᠠᠷ ᠢ ᠤᠶᠠᠯᠲᠤᠭᠤᠯᠤᠨ ᠬᠡᠷᠡᠭᠯᠡᠲᠡᠭ ᠲᠤᠯᠠᠭᠠᠯᠠᠭ᠎ᠠ ᠶᠢᠨ ᠵᠤᠤᠬ᠎ᠠ ᠶᠢ ᠤᠭᠰᠠᠷᠠᠵᠤ᠂ ᠨᠡᠩ ᠲᠤᠯᠠᠭᠠᠨ ᠲᠠᠭᠠᠲᠠᠢ ᠡᠪᠤᠯᠵᠢᠬᠦ ᠪᠤᠯᠪᠠ᠃      ᠬᠥᠲᠡᠭᠡ ᠲᠤᠰᠬᠤᠨ ᠮᠠᠯᠵᠢᠬᠤ ᠤᠷᠤᠨ ᠢᠶᠠᠷ ᠲᠡᠯᠭᠡᠷᠡᠵᠤ ᠪᠠᠶᠢᠭ᠎ᠠ ᠲᠤᠯᠠᠭᠠᠯᠠᠭ᠎ᠠ ᠶᠢᠨ ︽ᠤᠴᠢ︾ ᠡᠨᠡᠤᠬᠡᠨ  ᠢᠶᠠᠷ ᠵᠤᠭᠰᠤᠬᠤ ᠥᠭᠡᠢ᠃ ᠥᠤᠰᠢᠨ ᠬᠤᠰᠢᠭᠤᠨ ᠤ ᠲᠤᠭ ᠪᠠᠯᠭᠠᠰᠤ ᠶᠢᠨ ᠤᠯᠠᠭᠠᠨᠰᠢᠪᠡᠷᠲᠠᠢ ᠲᠤᠰᠬᠤᠨ ᠤ ᠲᠠᠷᠢᠶᠠᠴᠢᠨ ᠸᠠᠩ ᠮᠤᠤ ᠱᠸᠡᠭ ᠪᠤᠷᠭᠠᠰᠤᠨ ᠤ ᠮᠥᠬᠦᠯᠢᠭ ᠢᠶᠠᠷ ᠲᠤᠯᠠᠭᠠᠯᠠᠭ᠎ᠠ ᠬᠢᠬᠦ ᠵᠤᠤᠬ᠎ᠠ ᠤᠭᠰᠠᠷᠠᠭᠠᠳ ᠥᠡᠭᠭᠡᠷᠡᠭᠴᠢ ᠡᠪᠤᠯ ᠲᠤᠯᠠᠭᠠᠯᠠᠭ᠎ᠠ ᠶᠢᠨ ᠵᠠᠷᠤᠲᠠᠯ ᠢᠶᠠᠨ ᠬᠠᠭᠠᠰ ᠢᠶᠠᠷ ᠭᠠᠮᠨᠠᠭᠰᠠᠨ ᠪᠠᠶᠢᠨ᠎ᠠ᠃ ᠪᠤᠷᠭᠠᠰᠤᠨ ᠤ ᠮᠥᠬᠦᠯᠢᠭ ᠢ ᠰᠢᠲᠠᠭᠠᠯᠭ᠎ᠠ ᠳᠤ ᠭᠡᠷᠡᠭᠯᠡᠪᠡᠯ ᠢᠯᠴᠢ ᠶᠡᠭᠡ ᠥᠨᠡᠰᠤ ᠪᠠᠭ᠎ᠠ᠂ ᠤᠲᠤᠭ᠎ᠠ ᠥᠭᠡᠢ ᠵᠡᠷᠭᠡ ᠲᠠᠪᠠᠭᠤᠯᠢᠭ ᠲᠠᠯ᠎ᠠ ᠲᠠᠢ ᠮᠥᠷᠲᠡᠭᠡᠨ ᠲᠤᠯᠠᠭᠠᠯᠠᠭ᠎ᠠ ᠶᠢᠨ ᠵᠠᠷᠤᠲᠠᠯ ᠪᠠ ᠡᠨᠧᠷᠬᠢ ᠶᠢᠨ ᠡᠬᠢ ᠪᠠᠶᠠᠯᠢᠭ ᠢ ᠶᠡᠭᠡ ᠪᠠᠷ ᠠᠷᠪᠢᠯᠠᠲᠠᠭ᠃
ᠢᠷᠡᠯᠲᠡ᠄ ᠤᠷᠲᠤᠰ ᠤᠨ ᠡᠲᠤᠷ ᠤᠨ ᠰᠤᠨᠢᠨ