ᠡᠪᠤᠳᠥᠭ ᠢ ᠬᠡᠮᠳᠦᠭᠡᠬᠦ ᠠᠷᠪᠠᠨ ᠮᠠᠭᠤ ᠲᠠᠳᠬᠠᠯ ᠢᠶᠠᠨ ᠲᠠᠶᠠᠭᠳᠠᠭᠠᠷᠠᠢ︕
ᠨᠡᠶᠢᠲᠡᠯᠡᠭᠰᠡᠨ ᠴᠠᠭ᠄
2020/12/29
             ᠡᠪᠤᠳᠥᠭ ᠢ ᠬᠡᠮᠳᠦᠭᠡᠬᠦ ᠠᠷᠪᠠᠨ ᠮᠠᠭᠤ ᠲᠠᠳᠬᠠᠯ ᠢᠶᠠᠨ ᠲᠠᠶᠠᠭᠳᠠᠭᠠᠷᠠᠢ︕      ᠡᠳᠦᠷ ᠲᠤᠳᠤᠮ ᠤᠨ ᠠᠮᠢᠳᠤᠷᠠᠯ ᠲᠤᠮᠳᠠ ᠱᠠᠳᠤ ᠠᠪᠠᠷᠢᠬᠤ ᠨᠢ ᠡᠪᠤᠳᠦᠭ ᠢ ᠬᠡᠮᠳᠦᠭᠡᠬᠦ ᠠᠴᠠ ᠭᠠᠳᠠᠨ᠎ᠠ ᠪᠠᠰᠠ ᠪᠤᠰᠤᠳ ᠮᠠᠭᠤ ᠲᠠᠳᠬᠠᠯ ᠤᠳ ᠨᠢ ᠡᠪᠤᠳᠦᠭ ᠢ ᠭᠡᠮᠳᠦᠭᠡᠳᠡᠭ ᠪᠠᠶᠢᠨ᠎ᠠ᠃ ᠲᠤᠤᠷ᠎ᠠ ᠡᠪᠤᠳᠦᠭ ᠢ ᠭᠡᠮᠳᠦᠭᠡᠬᠦ ᠠᠷᠪᠠᠨ ᠮᠠᠭᠤ ᠲᠠᠳᠬᠠᠯ ᠢ ᠶᠠᠷᠢᠶ᠎ᠠ︕      ᠨᠢᠭᠡ᠂ ᠤᠳᠠᠭᠠᠨ ᠴᠠᠭ ᠢᠶᠠᠷ ᠰᠠᠭᠤᠬᠤ᠃ ᠤᠳᠠᠭᠠᠨ ᠴᠠᠭ ᠢᠶᠠᠷ ᠰᠠᠭᠤᠪᠠᠯ ᠪᠤᠯᠴᠢᠩ ᠬᠦᠰᠢᠨ ᠲᠠᠮᠢᠷ ᠦᠭᠡᠢ ᠪᠤᠯᠵᠤ᠂ ᠡᠪᠤᠳᠦᠭ ᠢ ᠬᠠᠮᠠᠭᠠᠯᠠᠬᠤ ᠴᠢᠳᠠᠪᠤᠷᠢ ᠪᠠᠨ ᠠᠯᠳᠠᠬᠤ ᠪᠤᠯᠤᠨ᠎ᠠ᠃ ᠤᠨᠴᠠᠭᠠᠢᠢᠯᠠᠨ ᠨᠠᠰᠤᠳᠠᠢ ᠬᠦᠮᠦᠨ ᠤᠳᠠᠭᠠᠨ ᠴᠠᠭ ᠢᠶᠠᠷ ᠰᠠᠭᠤᠭᠰᠠᠨ ᠤ ᠬᠤᠶᠢᠨ᠎ᠠ ᠪᠤᠯᠴᠢᠩ ᠠᠮᠠᠷᠬᠠᠨ ᠰᠡᠷᠬᠦᠳᠡᠭ ᠦᠭᠡᠢ᠃ ᠡᠶᠢᠮᠤ ᠠᠴᠠ ᠨᠠᠰᠤᠳᠠᠢ ᠬᠦᠮᠦᠨ ᠬᠦᠯ ᠤᠨ ᠪᠤᠯᠴᠢᠩ ᠢᠶᠠᠨ ᠪᠤᠯᠪᠠᠰᠤᠷᠠᠭᠤᠯᠬᠤ ᠶᠢ ᠠᠩᠬᠠᠷᠬᠤ ᠴᠢᠬᠤᠯᠠ ᠲᠠᠢ᠃      ᠬᠤᠶᠠᠷ᠂ ᠶᠠᠪᠠᠭᠠᠨ ᠢᠶᠠᠷ ᠠᠭᠤᠯᠠᠨ ᠠᠴᠠ ᠪᠠᠭᠤᠬᠤ᠃ ᠠᠭᠤᠯᠠ ᠠᠪᠠᠷᠢᠬᠤ ᠶᠢ ᠪᠤᠳᠤᠪᠠᠯ ᠠᠭᠤᠯᠠᠨ ᠠᠴᠠ ᠪᠠᠭᠤᠬᠤ ᠨᠢ ᠡᠪᠤᠳᠦᠭ ᠢ ᠨᠡᠩ ᠰᠦᠷᠡᠭᠡᠢ ᠭᠡᠮᠳᠦᠬᠡᠳᠡᠭ᠃ ᠠᠭᠤᠯᠠᠨ ᠠᠴᠠ ᠪᠠᠭᠤᠬᠤ ᠳᠤ ᠪᠦᠬᠦ ᠪᠡᠶ᠎ᠠ ᠶᠢᠨ ᠬᠦᠨᠳᠤ ᠬᠦᠯ ᠲᠡᠭᠡᠷ᠎ᠠ ᠲᠦᠪᠯᠡᠷᠡᠳᠡᠭ ᠤᠴᠢᠷ ᠠᠴᠠ ᠡᠪᠤᠳᠦᠭ ᠢ ᠭᠡᠮᠳᠦᠭᠡᠬᠦ ᠨᠢ ᠨᠡᠩ ᠬᠡᠴᠡᠬᠦᠤ ᠪᠠᠶᠢᠳᠠᠭ᠃      ᠭᠤᠷᠪᠠ᠂ ᠰᠦᠬᠦᠳᠴᠤ ᠰᠠᠭᠤᠬᠤ᠃ ᠰᠦᠬᠦᠳᠴᠤ ᠰᠠᠭᠤᠪᠠᠯ ᠲᠠᠷᠤᠯᠳᠠ ᠶᠢᠨ ᠬᠦᠴᠦ ᠨᠢ ᠲᠤᠮᠳᠠ ᠴᠢᠮᠦᠭ᠊ ‍ᠡᠨ ᠲᠡᠭᠡᠷ᠎ᠠ ᠲᠦᠪᠯᠡᠷᠡᠵᠤ᠂ ᠡᠨᠡ ᠨᠢ ᠮᠦᠭᠡᠷᠰᠦ ᠶᠢ ᠬᠡᠮᠳᠦᠭᠡᠬᠦ ᠠᠶᠤᠯ ᠲᠠᠢ᠃ᠲᠦᠷᠪᠡ᠂ ᠲᠠᠬᠢᠨ ᠲᠠᠪᠳᠠᠨ ᠴᠤᠮᠴᠦ᠋ᠢᠵᠤ ᠪᠤᠰᠬᠤ᠃ ᠲᠠᠬᠢᠨ ᠲᠠᠪᠳᠠᠨ ᠴᠤᠮᠴᠦ᠋ᠢᠵᠤ ᠪᠤᠰᠬᠤ ᠨᠢ ᠲᠦᠢᠭ ᠤᠨ ᠶᠠᠰᠤᠨ ᠤ ᠦᠶ᠎ᠠ ᠪᠠ ᠰᠢᠯᠪᠢ ᠶᠢᠨ ᠶᠠᠰᠤᠨ ᠤ ᠦᠶ᠎ᠠ ᠶᠢ ᠬᠡᠮᠳᠦᠭᠡᠬᠦ ᠤᠴᠢᠷ ᠠᠴᠠ ᠬᠦᠨᠳᠤ ᠨᠤᠴᠢᠳᠠᠢ ᠮᠦᠭᠡᠷᠰᠦᠨ ᠤ ᠭᠡᠮᠳᠦᠯ ᠢ ᠡᠬᠦᠰᠭᠡᠬᠦ ᠠᠶᠤᠯᠳᠠᠢ᠃      ᠲᠠᠪᠤ᠂ ᠤᠷᠳᠤ ᠤᠳᠠᠭᠠᠨ ᠴᠠᠭ ᠢᠶᠠᠷ ᠡᠪᠤᠳᠦᠭ ᠨᠤᠭᠤᠷᠠᠬᠤ᠃ ᠨᠡᠷᠡᠬᠦᠢ ᠨᠢᠳᠤᠷᠭᠠᠨ ᠡᠷᠳᠡᠮ ᠨᠢ ᠪᠤᠯᠴᠢᠩ ᠤᠨ ᠬᠦᠴᠦ ᠲᠠᠮᠢᠷ ᠪᠠ ᠬᠦᠯ ᠤᠨ ᠦᠶ᠎ᠠ ᠭᠡᠰᠢᠬᠦᠤ ᠶᠢ ᠰᠠᠶᠢᠵᠢᠷᠠᠭᠤᠯᠵᠤ᠂ ᠪᠡᠶ᠎ᠠ ᠶᠢᠨ ᠲᠡᠩᠴᠡᠬᠦᠷᠢ ᠶᠢ ᠪᠠᠳᠤᠯᠠᠳᠠᠭ᠃ ᠭᠡᠪᠡᠴᠤ ᠨᠡᠷᠡᠬᠦᠢ ᠨᠢᠳᠤᠷᠭᠠᠨ ᠡᠷᠳᠡᠮ ᠨᠢ ᠬᠦᠮᠦᠨ ᠢ ᠤᠷᠳᠤ ᠤᠳᠠᠭᠠᠨ ᠴᠠᠭ ᠢᠶᠠᠷ ᠡᠪᠤᠳᠦᠭ ᠢ ᠨᠤᠭᠤᠷᠠᠭᠤᠯᠬᠤ ᠤᠴᠢᠷ ᠠᠴᠠ ᠡᠪᠤᠳᠦᠭ ᠢ ᠭᠡᠮᠳᠦᠭᠡᠬᠦ ᠠᠶᠤᠯ ᠲᠠᠢ᠃ ᠡᠶᠢᠮᠤ ᠠᠴᠠ ᠨᠡᠷᠡᠭᠦᠢ ᠨᠢᠳᠤᠷᠭᠠᠨ ᠡᠷᠳᠡᠮ ᠤᠨ ᠵᠦᠪ ᠤᠨᠤᠪᠴᠢᠳᠠᠢ ᠬᠦᠳᠡᠯᠦᠯ ᠢ ᠡᠵᠡᠮᠰᠢᠬᠦ ᠪᠤᠯ ᠵᠠᠩᠬᠢᠯᠠᠭ᠎ᠠ ᠪᠤᠯᠤᠨ᠎ᠠ᠃      ᠵᠢᠷᠭᠤᠭ᠎ᠠ᠂ ᠦᠷᠬᠦᠯᠵᠢ ᠱᠠᠳᠤ ᠠᠪᠠᠷᠢᠬᠤ᠃ ᠮᠠᠰᠢ ᠤᠯᠠᠨ ᠵᠠᠯᠠᠭᠤ ᠬᠦᠮᠦᠨ ᠬᠦᠳᠡᠯᠭᠡᠭᠡᠨ ᠤ ᠬᠡᠮᠵᠢᠶ᠎ᠠ ᠪᠠᠨ ᠪᠠᠳᠤᠯᠠᠬᠤ ᠶᠢᠨ ᠲᠦᠯᠦᠭᠡ ᠦᠷᠭᠦᠯᠵᠢ ᠱᠠᠳᠤ ᠠᠪᠠᠷᠢᠳᠠᠭ᠃ ᠡᠨᠡ ᠨᠢ ᠤᠳᠠᠭᠠᠨ ᠳᠠᠭᠠᠨ ᠡᠪᠤᠳᠦᠭ ᠢ ᠬᠡᠮᠳᠦᠭᠡᠳᠡᠭ᠃      ᠲᠤᠯᠤᠭ᠎ᠠ᠂ ᠬᠦᠶᠦᠬᠦ ᠮᠠᠰᠢᠨ ᠢ ᠬᠡᠷᠡᠭᠯᠡᠵᠤ ᠴᠢᠳᠠᠬᠤ ᠦᠭᠡᠢ᠃ ᠮᠠᠰᠢ ᠤᠯᠠᠨ ᠬᠦᠮᠦᠨ ᠬᠦᠶᠦᠬᠦ ᠮᠠᠰᠢᠨ ᠢ ᠬᠡᠷᠡᠭᠯᠡᠬᠦ ᠳᠤ ᠲᠤᠭᠳᠠᠭᠰᠠᠨ ᠬᠤᠷᠳᠤᠴᠠ ᠪᠠ ᠨᠠᠯᠡᠤ ᠶᠢᠨ ᠬᠡᠮᠵᠢᠶ᠎ᠠ ᠶᠢ ᠰᠤᠩᠭᠤᠵᠤ ᠬᠦᠶᠦᠳᠡᠭ᠃ ᠡᠨᠡ ᠨᠢ ᠵᠠᠷᠢᠮ ᠦᠶ᠎ᠠ ᠭᠡᠰᠢᠬᠦᠤ ᠶᠢᠨ ᠲᠠᠭᠠᠭᠠᠬᠤ ᠬᠦᠴᠦ ᠶᠢ ᠨᠡᠮᠡᠭᠳᠡᠭᠦᠯᠵᠤ᠂ ᠦᠶ᠎ᠠ ᠭᠡᠰᠢᠬᠦᠤ ᠶᠢ ᠭᠡᠮᠳᠦᠭᠡᠬᠦ ᠳᠤ ᠬᠦᠷᠦᠨ᠎ᠠ᠃      ᠨᠠᠢᠮᠠ᠂ ᠰᠢᠨᠵᠢᠯᠡᠬᠦ ᠤᠬᠠᠭᠠᠨᠴᠢ ᠪᠤᠰᠤ ᠪᠠᠷ ᠶᠠᠪᠠᠭᠠᠨ ᠶᠠᠪᠤᠬᠤ ᠪᠤᠶᠤ ᠠᠭᠤᠯᠠ ᠠᠪᠠᠷᠢᠬᠤ᠃ ᠶᠠᠪᠠᠭᠠᠨ ᠶᠠᠪᠤᠬᠤ ᠪᠤᠶᠤ ᠠᠭᠤᠯᠠ ᠠᠪᠠᠷᠢᠬᠤ ᠪᠤᠯ ᠪᠤᠯᠴᠢᠩ ᠪᠠ ᠵᠢᠷᠦᠭᠡ ᠠᠭᠤᠰᠬᠢᠨ ᠤ ᠶᠡᠭᠡ ᠰᠠᠶᠢᠨ ᠲᠠᠮᠢᠷ ᠤᠨ ᠬᠦᠳᠡᠯᠭᠡᠭᠡᠨ ᠪᠤᠯᠤᠨ᠎ᠠ᠃ ᠭᠡᠪᠡᠴᠤ ᠬᠠᠮᠠᠭᠠᠯᠠᠬᠤ ᠠᠷᠭ᠎ᠠ ᠬᠡᠮᠵᠢᠶ᠎ᠠ ᠠᠪᠬᠤ ᠦᠭᠡᠢ ᠪᠤᠯ ᠡᠪᠤᠳᠦᠭ ᠢᠶᠠᠨ ᠠᠮᠠᠷᠬᠠᠨ ᠭᠡᠮᠳᠦᠭᠡᠨ᠎ᠠ᠃ ᠡᠶᠢᠮᠤ ᠠᠴᠠ ᠠᠭᠤᠯᠠ ᠠᠪᠠᠷᠢᠬᠤ ᠳᠠᠭᠠᠨ ᠲᠤᠰᠬᠠᠢ ᠬᠤᠪᠴᠠᠯᠠᠭ᠎ᠠ ᠬᠢᠪᠡᠯ ᠰᠠᠶᠢᠨ ᠶᠤᠮ᠃ ᠠᠭᠤᠯᠠ ᠠᠪᠠᠷᠢᠬᠤ ᠱᠠᠬᠠᠢ ᠪᠠ ᠠᠭᠤᠯᠠ ᠠᠪᠠᠷᠢᠬᠤ ᠲᠠᠶᠠᠭ ᠨᠢ ᠡᠪᠤᠳᠦᠭ ᠤᠨ ᠲᠠᠷᠤᠭᠠᠰᠤ ᠶᠢ ᠬᠦᠩᠭᠡᠷᠡᠭᠦᠯᠵᠤ᠂ ᠡᠪᠤᠳᠦᠭᠴᠢ ᠨᠢ ᠡᠪᠤᠳᠦᠭ ᠢ ᠰᠠᠶᠢᠳᠤᠷ ᠬᠠᠮᠠᠭᠠᠯᠠᠵᠤ ᠲᠠᠶᠢᠯᠦᠨ᠎ᠠ᠃      ᠶᠢᠰᠤ᠂ ᠱᠦᠢᠨᠢ ᠭᠠᠵᠠᠷ ᠲᠡᠭᠡᠷ᠎ᠠ ᠲᠡᠭᠡᠰᠤ ᠦᠰᠦᠷᠬᠦ ᠪᠤᠶᠤ ᠪᠦᠮᠪᠦᠭᠡ ᠨᠠᠭᠠᠳᠬᠤ᠃ ᠱᠦᠢᠨᠢ ᠭᠠᠵᠠᠷ ᠨᠢ ᠡᠪᠤᠳᠦᠭ ᠤᠨ ᠮᠦᠭᠡᠷᠰᠦᠨ ᠤ ᠲᠠᠷᠤᠯᠳᠠ ᠶᠢᠨ ᠬᠦᠴᠦ ᠶᠢ ᠬᠦᠡᠭᠭᠡᠷᠡᠭᠦᠯᠵᠤ ᠲᠡᠶᠢᠯᠬᠦ ᠦᠭᠡᠢ ᠪᠤᠯᠬᠤᠷ ᠡᠪᠤᠳᠦᠭ ᠢ ᠠᠮᠠᠷᠬᠠᠨ ᠬᠡᠮᠳᠦᠭᠡᠳᠡᠭ᠃      ᠠᠷᠪᠠ᠂ ᠬᠦᠳᠡᠯᠭᠡᠭᠡᠨ ᠬᠢᠬᠦ ᠶᠢᠨ ᠡᠮᠤᠨ᠎ᠠ ᠪᠡᠯᠡᠳᠭᠡᠯ ᠬᠦᠳᠡᠯᠭᠡᠭᠡᠨ ᠬᠢᠬᠦ ᠦᠭᠡᠢ᠃ ᠬᠦᠳᠡᠯᠭᠡᠭᠡᠨ ᠬᠢᠬᠦ ᠶᠢᠨ ᠡᠮᠤᠨ᠎ᠠ ᠪᠡᠯᠡᠳᠭᠡᠯ ᠬᠦᠳᠡᠯᠭᠡᠭᠡᠨ ᠬᠢᠬᠦ ᠦᠭᠡᠢ ᠪᠤᠯ ᠪᠤᠯᠴᠢᠩ ᠰᠢᠷᠪᠤᠰᠤ᠂ ᠵᠦᠭᠡᠯᠡᠨ ᠨᠡᠭᠡᠳᠡᠰᠤ ᠶᠢ ᠭᠡᠮᠳᠦᠭᠡᠬᠦ ᠠᠶᠤᠯᠳᠠᠢ᠂ ᠴᠢᠨᠠᠭᠰᠢᠯᠠᠨ ᠡᠪᠤᠳᠦᠭ ᠢ ᠴᠤ ᠬᠡᠮᠳᠦᠭᠡᠬᠦ ᠠᠶᠤᠯᠳᠠᠢ ᠪᠠᠶᠢᠳᠠᠭ᠃
ᠢᠷᠡᠯᠲᠡ᠄ ᠲᠤᠮᠲᠠᠲᠤ ᠤᠯᠤᠰ ᠤᠨ ᠮᠤᠩᠭᠤᠯ ᠬᠡᠯᠡᠨ ᠤ ᠰᠤᠨᠢᠨ ᠮᠡᠲᠡᠭᠡ ᠶᠢᠨ ᠰᠥᠯᠵᠢᠶ᠎ᠡ