ᠪᠤᠷᠳᠤᠭ᠎ᠠ ᠶᠢᠨ ᠲᠦᠭᠦᠭᠡᠷᠤᠮᠵᠢ ᠶᠢ ᠬᠡᠷᠬᠢᠨ ᠰᠤᠩᠭᠤᠵᠤ ᠬᠤᠳᠠᠯᠳᠤᠨ ᠠᠪᠬᠤ ᠪᠤᠢ
ᠨᠡᠶᠢᠲᠡᠯᠡᠭᠰᠡᠨ ᠴᠠᠭ᠄
2020/12/29
              ᠪᠤᠷᠳᠤᠭ᠎ᠠ ᠶᠢᠨ ᠲᠦᠭᠦᠭᠡᠷᠤᠮᠵᠢ ᠶᠢ ᠬᠡᠷᠬᠢᠨ ᠰᠤᠩᠭᠤᠵᠤ ᠬᠤᠳᠠᠯᠳᠤᠨ ᠠᠪᠬᠤ ᠪᠤᠢ      ᠨᠢᠭᠡ᠂ ᠲᠡᠵᠢᠭᠡᠨ ᠦᠷᠡᠵᠢᠭᠦᠯᠬᠦ ᠬᠡᠪᠴᠢᠶ᠎ᠠ ᠪᠠᠷ ᠪᠤᠷᠳᠦᠭᠠᠨ ᠤ ᠲᠦᠭᠦᠭᠡᠷᠦᠮᠵᠢ ᠶᠢᠨ ᠴᠢᠳᠠᠮᠵᠢ ᠶᠢ ᠲᠤᠬᠲᠠᠭᠠᠨ᠎ᠠ᠃      ᠬᠤᠶᠠᠷ᠂ ᠲᠡᠵᠢᠭᠡᠨ ᠦᠷᠡᠵᠢᠭᠦᠯᠬᠦ ᠵᠦᠢᠯ ᠢᠶᠠᠷ ᠲᠦᠭᠦᠭᠡᠷᠦᠮᠵᠢ ᠶᠢᠨ ᠲᠦᠷᠦᠯ ᠵᠦᠢᠯ ᠢ ᠲᠤᠬᠲᠠᠭᠠᠨ᠎ᠠ  ᠃      ᠭᠤᠷᠪᠠ᠂ ᠤᠯᠤᠰ ᠤᠨ ᠲᠤᠬᠲᠠᠭᠠᠬᠰᠡᠨ ᠦᠢᠯᠡᠳᠪᠦᠷᠢᠯᠡᠬᠦ ᠦᠢᠯᠡᠳᠪᠦᠷᠢ ᠪᠤᠯᠤᠨ ᠲᠤᠰᠬᠠᠢᠢᠯᠠᠨ ᠪᠤᠷᠤᠯᠠᠭᠤᠯᠬᠤ ᠰᠠᠯᠠᠭ᠎ᠠ ᠮᠦᠴᠢᠷ ᠠᠴᠠ ᠬᠤᠳᠠᠯᠳᠤᠵᠦ ᠠᠪᠤᠨ᠎ᠠ᠃      ᠲᠦᠷᠪᠠ᠂ ᠬᠤᠳᠠᠯᠳᠤᠨ ᠠᠪᠬᠤ ᠮᠠᠰᠢᠨ ᠨᠢ ᠵᠠᠪᠠᠯ ᠲᠠᠸᠡᠷ ᠤᠨ ᠬᠢᠷᠢ ᠲᠡᠩᠴᠡᠭᠰᠡᠨ ᠭᠡᠷᠡᠴᠢ ᠪᠤᠯᠤᠨ ᠬᠡᠷᠡᠭᠯᠡᠬᠦ ᠲᠤᠳᠦᠷᠬᠠᠢᠢᠯᠠᠯᠲᠠ ᠪᠠᠶᠢᠬᠤ ᠬᠡᠷᠡᠭᠲᠡᠢ᠃      ᠲᠠᠪᠤ᠂ ᠮᠠᠰᠢᠨ ᠤ ᠭᠠᠳᠠᠷ ᠲᠠᠯ᠎ᠠ ᠶᠢ ᠰᠢᠷᠳᠡᠭᠰᠡᠨ ᠨᠢ ᠭᠢᠯᠠᠭᠠᠷ ᠰᠠᠶᠢᠬᠠᠨ᠂ ᠦᠷᠴᠢᠯᠡᠭᠡᠰᠦ᠂ ᠲᠤᠯᠬᠢᠶᠠᠨ᠂ ᠴᠠᠪ ᠵᠡᠷᠭᠡ ᠭᠠᠷᠤᠭᠰᠡᠨ ᠦᠭᠡᠢ ᠪᠠᠶᠢᠬᠤ ᠬᠡᠷᠡᠭᠲᠡᠢ᠃      ᠵᠢᠷᠭᠤᠭ᠎ᠠ᠂ ᠵᠢᠯᠤᠭᠤᠳᠬᠤ ᠤᠷᠤᠨ ᠪᠠᠶᠢᠷᠢ ᠳᠤ ᠡᠷᠬᠡᠪᠰᠢ ᠢᠯᠡ ᠲᠤᠳᠦᠷᠬᠠᠢ ᠵᠢᠭᠠᠬᠤ ᠲᠡᠮᠲᠡᠭ ᠪᠠᠶᠢᠬᠤ ᠬᠡᠷᠡᠭᠲᠡᠢ᠃ ᠵᠢᠱᠢᠶᠡᠯᠡᠪᠡᠯ ᠭᠤᠯᠭᠤᠭᠤᠷ᠂ ᠡᠷᠭᠢᠭᠦᠯᠬᠦ ᠴᠢᠭᠯᠡᠯ᠂ ᠠᠶᠤᠯᠭᠦᠢ ᠵᠡᠷᠭᠡ᠃      ᠳᠤᠯᠤᠭ᠎ᠠ᠂ ᠡᠯ᠎ᠠ ᠤᠬᠰᠠᠷᠠᠭ᠎ᠠ ᠲᠤᠨᠤᠭ ᠤᠨ ᠶᠠᠰᠦ ᠴᠢᠨᠠᠷ ᠢ ᠨᠠᠷᠢᠨ ᠬᠢᠨᠠᠮᠠᠭᠠᠢ ᠪᠠᠶᠢᠴᠠᠭᠠᠬᠤ ᠬᠡᠷᠡᠭᠲᠡᠢ᠃ ᠵᠢᠱᠢᠶᠡᠯᠡᠪᠡᠯ ᠪᠠᠷᠢᠭᠤᠯ ᠨᠢ ᠠᠮᠢᠳᠤᠯᠢᠭ ᠡᠰᠡᠬᠦ᠂ ᠳᠦᠭᠦᠮ ᠨᠠᠶᠢᠳᠠᠪᠤᠷᠢᠲᠠᠢ ᠡᠰᠡᠬᠦ᠂ ᠬᠤᠷᠳᠤᠴᠠ ᠦᠭᠡᠷᠡᠴᠢᠯᠡᠬᠦ ᠬᠠᠶᠢᠷᠴᠠᠭ ᠠᠴᠠ ᠲᠤᠰᠦ ᠭᠤᠭᠤᠵᠢᠬᠤ ᠡᠰᠡᠬᠦ᠂ ᠴᠠᠬᠢᠯᠭᠠᠨ ᠮᠠᠰᠢᠨ ᠤ ᠬᠡᠯᠬᠢᠶ᠎ᠠ ᠨᠢ ᠭᠡᠮᠳᠦᠭᠰᠡᠨ ᠡᠰᠡᠬᠦ ᠵᠡᠷᠭᠡ ᠶᠢ ᠦᠵᠡᠨ᠎ᠠ᠃      ᠨᠠᠢᠮᠠ᠂ ᠡᠷᠭᠢᠯᠲᠡ ᠨᠢ ᠲᠡᠩᠴᠡᠪᠦᠷᠢᠲᠠᠢ ᠡᠰᠡᠬᠦ᠂ ᠬᠡᠪ ᠤᠨ ᠪᠤᠰᠦ ᠳᠠᠭᠠᠷᠢᠯᠲᠠ᠂ ᠬᠡᠯᠪᠡᠯᠵᠡᠯ᠂ ᠬᠠᠯᠠᠬᠤ᠂ ᠱᠤᠤᠭᠢᠶᠠᠨ ᠲᠠᠢ ᠡᠰᠡᠬᠦ ᠶᠢ ᠬᠦᠳᠡᠯᠤᠩᠭᠦᠢ ᠪᠠᠶᠢᠴᠠᠭᠠᠨ᠎ᠠ᠃      ᠶᠢᠰᠤ᠂ ᠴᠠᠬᠢᠯᠭᠠᠨ ᠵᠢᠭᠤᠳᠠᠭᠰᠡᠨ ᠡᠰᠡᠬᠦ᠂ ᠴᠠᠬᠢᠯᠭᠠᠨ ᠬᠡᠮᠵᠢᠭᠦᠷ ᠤᠨ ᠠᠵᠢᠯᠯᠠᠭ᠎ᠠ ᠶᠢᠨ ᠬᠡᠪ ᠤᠨ ᠪᠤᠰᠦ ᠪᠠᠶᠢᠬᠤ ᠡᠰᠡᠬᠦ ᠶᠢ ᠦᠵᠡᠨ᠎ᠠ᠃      ᠠᠷᠪᠠ᠂ ᠬᠤᠳᠠᠯᠳᠤᠭᠰᠡᠨ ᠤ ᠳᠠᠷᠠᠭᠠᠬᠢ ᠦᠢᠯᠡᠴᠢᠯᠡᠭᠡᠨ ᠪᠠᠶᠢᠬᠤ ᠡᠰᠡᠬᠦ ᠶᠢ ᠦᠵᠡᠬᠦ ᠬᠡᠷᠡᠭᠲᠡᠢ᠃
ᠢᠷᠡᠯᠲᠡ᠄ ᠤᠷᠲᠤᠰ ᠤᠨ ᠡᠲᠤᠷ ᠤᠨ ᠰᠤᠨᠢᠨ