ᠴᠠᠭᠠᠨ ᠨᠤᠭᠤᠭ᠎ᠠ ᠶᠢᠨ ᠬᠤᠷᠤᠬᠠᠶᠢᠳᠤᠯ ᠢ ᠰᠡᠷᠭᠡᠶᠢᠯᠡᠨ ᠵᠠᠰᠠᠬᠤ ᠠᠷᠭ᠎ᠠ
ᠨᠡᠶᠢᠲᠡᠯᠡᠭᠰᠡᠨ ᠴᠠᠭ᠄
2020/12/7
                 ᠴᠠᠭᠠᠨ ᠨᠤᠭᠤᠭ᠎ᠠ ᠶᠢᠨ ᠬᠤᠷᠤᠬᠠᠶᠢᠳᠤᠯ ᠢ ᠰᠡᠷᠭᠡᠶᠢᠯᠡᠨ ᠵᠠᠰᠠᠬᠤ ᠠᠷᠭ᠎ᠠ      ᠴᠠᠭᠠᠨ ᠨᠤᠭᠤᠭ᠎ᠠ ᠶᠢᠨ ᠭᠤᠤᠯ ᠪᠤᠯᠬᠤ ᠡᠪᠡᠳᠴᠢᠨ ᠤ ᠭᠦᠨᠤᠭᠡᠯ ᠪᠠ ᠰᠠᠷᠭᠡᠶᠢᠯᠠᠨ ᠵᠠᠰᠠᠬᠤ ᠠᠷᠭ᠎ᠠ᠄ᠴᠠᠭᠠᠨ ᠨᠤᠭᠤᠭ᠎ᠠ ᠶᠢᠨ ᠮᠦᠭᠦᠨᠴᠢᠷ ᠡᠪᠡᠳᠴᠢᠨ᠃ ᠲᠤᠰ ᠡᠪᠡᠳᠴᠢᠨ ᠡᠭᠦᠰᠭᠦ ᠦᠶ᠎ᠠ ᠳᠤ ᠴᠠᠭᠠᠨ ᠨᠤᠭᠤᠭ᠎ᠠ‌‍ᠶᠢᠨ ᠨᠠᠪᠴᠢᠨ ᠲᠠᠭᠡᠷ᠎ᠠ ᠤᠯᠠᠨ ᠲᠠᠯᠠᠳᠤ ᠪᠤᠶᠤ ᠭᠡᠯᠪᠡᠷᠢ ᠨᠢ ᠲᠤᠳᠤ ᠦᠭᠡᠢ ᠡᠪᠡᠳᠴᠢᠨ ᠤ ᠲᠤᠯᠪᠤ ᠡᠭᠦᠰᠴᠤ᠂ ᠨᠠᠪᠴᠢᠨ ᠤ ᠠᠷᠤ ᠳᠤᠨᠢ ᠴᠠᠭᠠᠨ ᠦᠡᠭᠭᠡᠳᠠᠢ ᠭᠦᠭᠡᠴᠤ ᠭᠠᠷᠴᠤ᠂ ᠨᠠᠪᠴᠢ ᠨᠢ ᠬᠠᠳᠠᠵᠤ ᠰᠢᠷᠠᠯᠠᠳᠠᠬ᠃ ᠡᠭᠦᠨ ᠢ ᠰᠠᠷᠭᠡᠶᠢᠯᠠᠨ ᠵᠠᠰᠠᠬᠤ ᠠᠷᠭ᠎ᠠ᠄ 75% ᠤᠨ ᠪᠠᠢ ᠵᠢᠶᠦ᠋ᠨ ᠴᠢᠩ ᠨᠤᠨᠳᠠᠭ ᠢ 600 ᠲᠠᠬᠢᠨ ᠰᠢᠩᠭᠡᠯᠠᠵᠤ ᠰᠦᠷᠴᠢᠨ᠎ᠠ᠃      ᠴᠠᠭᠠᠨ ᠨᠤᠭᠤᠭ᠎ᠠ ᠶᠢᠨ ᠬᠤᠤᠷᠳᠠᠭᠰᠠᠨ ᠡᠪᠡᠳᠴᠢᠨ᠃ ᠲᠤᠰ ᠡᠪᠡᠳᠴᠢᠨ ᠨᠢ ᠨᠠᠪᠴᠢᠨ ᠳᠤᠨᠢ ᠲᠤᠯᠪᠤ ᠭᠠᠷᠴᠤ᠂ ᠨᠠᠪᠴᠢ ᠨᠢ ᠦᠭᠦᠵᠤ ᠰᠢᠷᠠᠯᠠᠵᠤ ᠤᠨᠠᠳᠠᠭ᠃ ᠡᠨᠡ ᠨᠢ ᠴᠢᠬᠢ ᠶᠢᠨ ᠬᠤᠭᠤᠴᠠᠭ᠎ᠠ ᠠᠴᠠ ᠭᠤᠤᠯ ᠭᠠᠷᠬᠤ ᠬᠤᠭᠤᠴᠠᠭ᠎ᠠ ᠪᠤᠯᠳᠠᠯ᠎ᠠ ᠠᠮᠠᠷᠬᠠᠨ ᠡᠭᠦᠰᠤᠨ᠎ᠠ᠃ ᠰᠠᠷᠭᠡᠶᠢᠯᠡᠭᠦ ᠠᠷᠭ᠎ᠠ ᠨᠢ᠄ ᠡᠪᠡᠳᠴᠢᠨ ᠡᠭᠦᠰᠭᠦ ᠡᠬᠢᠨ ᠤ ᠬᠤᠭᠤᠴᠠᠭᠠᠨ ᠳᠤ 15% ᠤᠨ ᡁᠢ ᠪᠢᠡᠭ ᠯᠢᠩ ᠢ 1000 ᠲᠠᠬᠢᠨ ᠰᠢᠩᠭᠡᠯᠠᠵᠤ ᠰᠦᠷᠴᠢᠨ᠎ᠠ᠃ ᠴᠠᠭᠠᠨ ᠨᠤᠭᠤᠭ᠎ᠠ ᠶᠢᠨ ᠵᠦᠭᠡᠯᠡᠷᠠᠵᠤ ᠢᠯᠵᠢᠷᠠᠭᠦ ᠡᠪᠡᠳᠴᠢᠨ᠃ ᠴᠠᠭᠠᠨ ᠨᠤᠭᠤᠭ᠎ᠠ ᠶᠢᠨ ᠡᠰᠢᠨ ᠳᠤ ᠤᠰᠤᠯᠢᠭ ᠭᠡᠯᠪᠡᠷᠢ ᠶᠢᠨ ᠲᠤᠯᠪᠤ ᠡᠭᠦᠰᠴᠤ᠂ ᠡᠨᠡ ᠨᠢ ᠨᠢᠭᠡ ᠬᠤᠭᠤᠴᠠᠭ᠎ᠠ ᠦᠡᠭᠭᠡᠷᠡᠭᠰᠡᠨ ᠤ ᠲᠠᠷᠠᠭ᠎ᠠ ᠶᠠᠭᠡᠰᠴᠤ ᠭᠦᠷᠠᠩ ᠦᠡᠭᠭᠡ ᠲᠠᠢ ᠪᠤᠯᠳᠠᠭ᠂ ᠬᠠᠮᠳᠤ ᠳᠤ ᠦᠮᠡᠭᠡᠢ ᠦᠨᠤᠷ ᠭᠠᠷᠴᠤ᠂ ᠵᠦᠭᠡᠯᠠᠷᠠᠵᠤ ᠢᠯᠵᠢᠷᠠᠳᠡᠭ᠃ ᠲᠠᠭᠦᠨ ᠢ ᠰᠠᠷᠭᠡᠶᠢᠯᠠᠨ ᠵᠠᠰᠠᠬᠤ ᠳᠤ ᠵᠦᠡᠭ ᠱᠸᠡᠭ ᠵᠢᠶᠦ᠋ᠨ ᠰᠦ᠂ ᠮᠠᠯ ᠤᠨᠤᠭ᠎ᠠ ᠳᠤ ᠭᠡᠷᠡᠭᠯᠡᠭᠦ ᠯᠢᠶᠠᠨ ᠮᠸᠢ ᠰᠥ ᠵᠡᠷᠭᠡ ᠶᠢ ᠭᠡᠷᠡᠭᠯᠡᠵᠤ ᠵᠠᠰᠠᠵᠤ ᠪᠤᠯᠤᠨ᠎ᠠ ᠃ 
ᠢᠷᠡᠯᠲᠡ᠄ ᠤᠷᠳᠤᠰ ᠤᠨ ᠡᠳᠦᠷ ᠤᠨ ᠰᠤᠨᠢᠨ