︽ᠮᠤᠩᠭᠤᠯ ᠤᠨ ᠨᠢᠭᠤᠴᠠ ᠲᠤᠪᠴᠢᠶᠠᠨ︾ ᠳᠠᠬᠢ ︽ᠴᠠᠭᠤ᠋ ︵察兀︶︾ ᠢᠵᠠᠭᠤᠷ ᠲᠠᠢ ᠦᠭᠡᠰ ᠤᠨ ᠲᠤᠬᠠᠢ
ᠨᠡᠶᠢᠲᠡᠯᠡᠭᠰᠡᠨ ᠴᠠᠭ᠄
2020/4/20
               ︽ᠮᠤᠩᠭᠤᠯ ᠤᠨ ᠨᠢᠭᠤᠴᠠ ᠲᠤᠪᠴᠢᠶᠠᠨ︾ ᠳᠠᠬᠢ ︽ᠴᠠᠭᠤ᠋ ︵察兀︶︾                ᠢᠵᠡᠭᠤᠷ ᠲᠠᠢ ᠦᠭᠡᠰ ᠤᠨ ᠲᠤᠬᠠᠢ                                                           ᠠᠯᠳᠠᠨ ᠲᠡᠭᠡᠰ                                                                                                                                  ︽ᠮᠤᠩᠭᠤᠯ ᠤᠨ ᠨᠢᠭᠤᠴᠠ ᠲᠤᠪᠴᠢᠶᠠᠨ︾ ᠳᠠᠬᠢ ︽ᠴᠠᠭᠤ᠋ ︵察兀︶︾ ᠢᠵᠠᠭᠤᠷ ᠲᠠᠢ ᠦᠭᠡᠰ ᠤᠨ ᠲᠤᠬᠠᠢ ᠵᠦᠪᠯᠡᠮᠵᠢ              ︽ᠮᠤᠩᠭᠤᠯ ᠤᠨ ᠨᠢᠭᠤᠴᠠ ᠲᠤᠪᠴᠢᠶᠠᠨ︾ ︵ᠲᠤᠤᠷ᠎ᠠ ︿ᠲᠤᠪᠴᠢᠶᠠᠨ﹀ ᠭᠡᠶ᠎ᠡ︶ ᠳᠤ ︽ᠴᠠᠭᠤ᠋︾ ᠢᠵᠠᠭᠤᠷ ᠲᠠᠢ ︽ᠵᠠᠭᠤᠳᠬᠤᠷᠢ ︵ᠴᠠᠤᠳᠬᠤᠷᠢ︶︾①᠂ ︽ᠴᠠᠭᠤᠷᠬᠠᠨ ︵ᠴᠠᠭᠤᠷᠬᠠᠢ︶︾② ︽ᠴᠠᠭᠤᠷ ᠪᠠᠭᠢ︾᠂③ ︽ᠴᠠᠭᠤᠷ᠂ ᠴᠠᠭᠤᠷᠤᠨ︾④᠂ ︽ᠴᠠᠭᠤᠷᠴᠦ︾ ⑤᠂ ︽ᠴᠠᠭᠤᠷᠭᠤᠯᠪᠠ︾⑥ ᠵᠡᠷᠭᠡ ᠴᠤᠯᠠ ᠨᠠᠷ᠎ᠠ᠂ ᠶᠡᠷᠦ ᠶᠢᠨ ᠦᠭᠡᠰ ᠲᠤᠬᠢᠶᠠᠯᠳᠤᠳᠠᠭ ᠪᠦᠭᠡᠳ ᠡᠷᠳᠡᠮᠳᠡᠳ ᠤᠨ ᠲᠠᠶᠢᠯᠪᠤᠷᠢᠯᠠᠯᠳᠠ ᠴᠦ ᠬᠤᠭᠤᠷᠤᠨᠳᠤ ᠪᠠᠨ ᠵᠦᠷᠢᠶ᠎ᠠ ᠲᠠᠢ ᠪᠠᠶᠢᠳᠠᠭ᠃          ᠨᠢᠭᠡ᠄ ︽ᠵᠠᠭᠤᠳᠬᠤᠷᠢ ︵ᠴᠠᠤᠳᠬᠤᠷᠢ︶︾          ᠴᠢᠩᠭᠢᠰ ᠬᠠᠭᠠᠨ ᠳᠤ ᠤᠯᠭᠤᠭᠰᠠᠨ ᠲᠤᠰ ᠵᠠᠭᠤᠳ ᠬᠤᠷᠢ ᠭᠡᠳᠡᠭ ᠴᠤᠯᠠ ᠶᠢ ᠭᠢᠳᠠᠳ ᠬᠠᠵᠠᠭᠤ ᠵᠢᠨ‌ᠤᠷᠴᠢᠭᠤᠯᠤᠭ᠎ᠠ ᠬᠠᠳᠠᠭᠰᠠᠨ ᠦᠭᠡᠢ ᠠᠴᠠ ᠪᠤᠯᠵᠤ ᠡᠷᠳᠡᠮᠳᠡᠳ ᠤᠯᠠᠨ ᠵᠦᠢᠯ ᠢᠶᠠᠷ ᠲᠠᠭᠠᠮᠠᠭᠯᠠᠨ ᠲᠠᠶᠢᠯᠪᠤᠷᠢᠯᠠᠭᠰᠠᠭᠠᠷ ᠢᠷᠡᠪᠠ᠃            1᠂ ᠲᠤᠷᠤᠨᠠᠲ᠋ᠢᠪ᠄ ᠲᠤᠰ ᠦᠭᠡ ᠶᠢᠨ ᠲᠤᠬᠠᠢ ᠲᠠᠶᠢᠯᠪᠦᠷᠢᠯᠳᠠ ᠦᠭᠡᠢ᠃ 2᠂ ᠬᠤᠸᠠᠰᠠᠢ᠂ ᠲᠤᠭᠠᠷᠵᠠᠪ᠄ ᠵᠥᠪᠡᠭᠡᠨ ︽ᠴᠢᠩᠭᠢᠰ ᠬᠠᠭᠠᠨ ᠳᠤ ᠠᠯᠳᠠᠨ ᠤᠯᠤᠰ ᠡᠴᠠ‌ᠤᠯᠭᠤᠭᠰᠠᠨ ᠴᠤᠯᠠ︾ ᠭᠡᠵᠠᠢ᠂ 3.ᠮᠠᠨᠰᠠᠩ᠄ ︽︔︔ ᠵᠢᠭᠠᠴᠢᠳ ᠰᠡᠴᠡᠨ ᠠᠴᠠ᠄ ᠪᠢᠨᠯᠢᠤᠳ᠋᠊ ᠤᠨ ᠭᠡᠯᠡᠭᠰᠡᠨ᠂ ᠪᠠᠷᠤᠭ ᠨᠢᠭᠡ ︽ᠶᠡᠭᠡ ᠡᠷᠭᠡ ᠰᠦᠷ ᠲᠠᠢ ᠠᠶᠢᠮᠠᠭ ᠤᠨ ᠠᠬᠠᠯᠠᠭᠴᠢ ᠭᠡᠰᠡᠨ ᠦᠭᠡ ᠪᠤᠯᠤᠯᠲᠠᠢ︾ ᠭᠡᠰᠡᠨ ᠲᠠᠶᠢᠯᠪᠦᠷᠢ ᠶᠢ ᠵᠥᠪᠰᠢᠶᠠᠷᠪᠠ ᠭᠡᠵᠠᠢ⑦᠃ 4᠂ ᠶᠡᠭᠡᠮᠢᠩᠭᠠᠳᠠᠢ ᠢᠷᠢᠨᠴᠢᠨ᠄ ︽ ︾ ᠭᠡᠵᠦ ᠡᠷᠳᠡᠨ ᠤ ᠪᠢᠴᠢᠯᠭᠡ ᠪᠠᠷ ᠪᠠᠭᠤᠯᠭᠠᠨ ︽ᠵᠦᠷᠴᠢᠨ ᠤᠯᠤᠰ ᠤᠨ ᠵᠡᠷᠭᠡ ᠴᠤᠯᠠ᠃ ᠯᠤ᠂ ᠠ᠊᠂ ᠲᠤ᠋᠄ ᠴᠠᠭ ᠤᠨ ᠲᠥᠷᠦ ︵ᠬ᠊᠂54v︶᠃ ᠠᠷᠠᠰᠢᠳ᠋ᠳᠡᠨ᠄ ‍ᠴ ᠡ ‍ᠸ ᠲᠡ ᠬᠠ ᠸᠡ ᠷᠡ ᠶ᠊ ︵1/2᠂ ᠬ᠊᠂ 93︶᠃亲征录᠄察兀忽鲁᠂元史类编᠄察兀秃鲁᠃ ᠵᠢᠶᠠ ᠪᠡᠶᠠᠨ家伯颜 ᠴᠠᠬᠤᠳ ᠢ ᠵᠥᠷᠴᠢᠨ ᠤᠯᠤᠰ ᠤᠨ ᠭᠢᠯᠢ ᠳᠠᠬᠢ ᠠᠶᠢᠮᠠᠭ ᠤᠳ ᠭᠡᠰᠡᠨ ᠤᠳᠬ᠎ᠠ ᠲᠠᠢ ᠁ ᠬᠤᠷᠢ ᠨᠢ金史 ᠳᠠᠬᠢ ᠭᠡᠳᠦᠨ ᠠᠶᠢᠮᠠᠭ ᠢ ᠮᠡᠳᠡᠳᠡᠭ忽鲁᠂ ᠡᠰᠡᠪᠡᠯ ᠭᠢᠳᠡᠨ辽 ᠤᠯᠤᠰ ᠠᠴᠠ ᠢᠷᠡᠯᠲᠠᠢ᠂ ᠠᠶᠢᠮᠠᠭ ᠶᠢᠨ ᠵᠠᠷᠭᠤ ᠶᠢ ᠮᠡᠳᠡᠨ ᠪᠤᠷᠤᠭᠤ ᠭᠠᠵᠢᠭᠤ ᠶᠢ ᠪᠠᠶᠢᠴᠠᠭᠠᠳᠠᠭ秃里(从七品) ᠪᠠᠶᠢᠵᠦ ᠮᠡᠳᠡᠨ᠎ᠠ᠃ ︵金史᠂ ᠬ᠊᠂1216᠂1330︶ ᠭᠡᠵᠠᠢ⑧᠃ 5᠂ ᠴᠡᠷᠡᠩᠰᠤᠳᠨᠠᠮ᠄ ᠪᠠᠶᠠᠷ᠂ ᠡᠯᠳᠡᠭᠲᠠᠢ᠂ ᠠᠷᠳᠠᠵᠠᠪ ᠵᠡᠷᠭᠡ ᠰᠤᠳᠤᠯᠤᠭᠴᠢᠳ ︽ᠵᠠᠭᠤᠳ︾ ᠭᠡᠳᠡᠭ ᠤᠷᠴᠢᠨ ᠴᠠᠭ  ᠤᠨ ᠮᠤᠩᠭᠤᠯ ᠭᠡᠯᠡᠨ ᠤ ︽ᠵᠠᠭᠤᠳᠤ︾ ᠭᠡᠰᠡᠨ ᠦᠭᠡ ᠭᠡᠮᠡᠨ ᠲᠠᠭᠠᠮᠠᠭᠯᠠᠭᠭᠠᠳ ︽ᠵᠠᠭᠤᠳᠤ ᠶᠢᠨ ᠨᠤᠶᠠᠨ︾ ᠪᠤᠶᠤ ︽ᠵᠠᠭᠤᠳᠤ ᠶᠢᠨ ᠲᠦᠰᠢᠮᠡᠯ︾ ᠢ ᠭᠡᠯᠡᠭᠰᠡᠨ ᠪᠤᠯᠪᠠ ᠤᠤ ᠭᠡᠵᠦ ᠦᠵᠡᠭᠰᠡᠨ ᠶᠢ ᠡᠷᠭᠡᠯᠵᠡᠲᠠᠢ ᠭᠡᠵᠦ ᠦᠵᠡᠭᠡᠳ᠂ ᠠᠷᠪᠠᠨ ᠲᠤᠯᠤᠳᠤᠭᠠᠷ ᠵᠠᠭᠤᠨ ᠤ ᠦᠶ᠎ᠡ ᠶᠢᠨ ᠢᠷᠡᠭᠤ ᠨᠠᠶᠢᠷᠠᠭᠴᠢ ᠴᠤᠭᠳᠤ ᠬᠤᠩ ᠲᠠᠶᠢᠵᠢ ︵1581 —1637︶ ᠡᠷᠡᠯᠭᠡᠭ ᠪᠠᠭᠠᠳᠤᠷᠯᠢᠭ ᠶᠠᠪᠤᠳᠠᠯ ᠭᠠᠷᠭᠠᠭᠰᠠᠨ ᠴᠡᠷᠢᠭ ᠭᠦᠮᠦᠨ ᠳᠤ ᠤᠯᠭᠤᠳᠠᠭ ︽ᠴᠥᠤᠭᠡᠷ︾ ᠭᠡᠳᠡᠭ ᠴᠤᠯᠠ  ᠲᠠᠢ ᠪᠠᠶᠢᠵᠢ᠃ ᠴᠤᠭᠳᠤ ᠬᠤᠩ ᠲᠠᠶᠢᠵᠢ ᠶᠢᠨ ᠡᠨᠡᠭᠦ ︽ᠴᠥᠤᠭᠡᠷ︾ ᠭᠡᠳᠡᠭ ᠴᠤᠯᠠ ᠶᠢ ︿ᠲᠤᠪᠴᠢᠶᠠᠨ﹀ ᠤ ︽ᠵᠠᠭᠤᠳ ᠬᠤᠷᠢ︾ ᠭᠡᠳᠡᠭ ᠲᠠᠢ ᠬᠤᠯᠪᠤᠭ᠎ᠠ ᠲᠠᠢ ᠪᠠᠶᠢᠵᠦ ᠮᠠᠭᠠᠳ ᠭᠡᠵᠵᠦ ᠠᠺᠡᠳᠧᠮᠢᠴᠢ ᠴ᠊᠂ ᠲᠠᠮᠳᠢᠨᠰᠦᠷᠦᠩ ᠲᠠᠭᠠᠮᠠᠭᠯᠠᠵᠦ ᠪᠠᠶᠢᠭᠰᠠᠨ ᠢᠶᠠᠨ ᠨᠠᠳᠠ ᠪᠠᠰᠠ ᠶᠠᠷᠢᠵᠦ ᠪᠠᠶᠢᠭᠰᠠᠨ ᠪᠢᠯᠠ﹀᠂ ᠡᠨᠡᠭᠦ ︽ᠴᠥᠤᠭᠡᠷ︾ ᠭᠡᠰᠡᠨ ᠦᠭᠡ  ᠲᠠᠢ ᠠᠳᠠᠯᠢ ᠦᠭᠡ ᠭᠡᠵᠦ ᠦᠵᠡᠭᠰᠡᠨ ᠪᠠᠶᠢᠳᠠᠭ᠃ ⑨᠃ 6᠂ ᠰᠠᠶᠢᠰᠢᠶᠠᠯ᠄ ︽ᠵᠠᠭᠤᠳᠤ ᠶᠢᠨ ᠲᠠᠷᠤᠭ᠎ᠠ︾ ᠭᠡᠳᠡᠭ ᠮᠤᠩᠭᠤᠯ ᠴᠤᠯᠠ ᠶᠢ ᠨᠥᠭᠦᠷ ᠲᠤᠷᠤᠨᠠᠲ᠋ᠢᠪ ᠦᠭᠡᠶᠢᠰᠭᠡᠵᠦ᠄ ︽ᠠᠯᠳᠠᠨ ᠤᠯᠤᠰ ᠨᠢ ᠮᠤᠩᠭᠤᠯ ᠦᠭᠡ ᠪᠠᠷ ᠴᠤᠯᠠ ᠡᠷᠭᠦᠮᠵᠢᠯᠡᠭᠦ ᠶᠠᠪᠤᠳᠠᠯ ᠰᠡᠳᠭᠢᠭᠳᠡᠰᠢ ᠦᠭᠡᠢ ᠶᠤᠮ᠂ ᠲᠡᠶᠢᠮᠦ ᠠᠴᠠ ᠡᠨᠠ ᠪᠤᠯ ᠮᠤᠩᠭᠤᠯ ᠲᠠᠭᠤᠳᠠᠯᠭ᠎ᠠ ᠲᠠᠢ ᠪᠤᠯᠤᠭᠰᠠᠨ ᠭᠢᠳᠡᠳ ᠦᠭᠡ ᠪᠤᠯᠤᠨ᠎ᠠ︾ ᠭᠡᠵᠦ ᠲᠥ᠋ ᠵᠢᠢ ᠪᠤᠯᠤᠨ ᠲᠤᠷᠤᠨᠠᠲ᠋ᠢᠪ ᠨᠠᠷ ᠤᠨ ᠦᠭᠡᠶᠢᠰᠭᠡᠯ ᠢ ᠵᠥᠪᠰᠢᠶᠠᠷᠠᠨ ᠨᠢᠭᠡ ᠳᠤ ᠮᠤᠩᠭᠤᠯ ᠦᠭᠡ ᠪᠢᠰᠢ᠂ ᠬᠤᠶᠠᠷ ᠲᠤ ᠲᠠᠮᠠᠢ ᠶᠡᠭᠡ ᠴᠤᠯᠠ ᠪᠢᠰᠢ᠃ ᠲᠡᠶᠢᠮᠦ ᠶᠡᠭᠡ ᠴᠤᠯᠠ ᠪᠤᠯ ᠤᠩᠭᠢᠩ ᠮᠡᠲᠦ ᠶᠢᠨ ᠲᠦᠰᠢᠮᠡᠯ ᠠᠴᠠ ᠦᠭᠴᠦ ᠴᠢᠳᠠᠬᠤ ᠦᠭᠡᠢ ᠶᠤᠮ᠃ ︽ᠲᠤᠮᠳᠠᠳᠤ ᠤᠯᠤᠰ ᠤᠨ ᠨᠡᠪᠳᠠᠷᠭᠡᠢ ᠲᠠᠤᠭᠡ︾ ᠳᠤ ᠲᠤᠷᠠᠳᠵᠦ ᠪᠦᠭᠦᠢ ︽jiujun统帅︾ ᠭᠡᠳᠡᠭ ᠨᠢ ᠨᠡᠯᠢᠶᠠᠳ ᠥᠢᠷᠡᠳᠦᠵᠦ ᠪᠠᠶᠢᠬᠤ ᠮᠡᠲᠦ᠃ ᠡᠨᠠ ︽ᠵᠢᠦ︾ ᠭᠡᠳᠡᠭ ᠦᠰᠦᠭ ᠤᠨ ᠠᠪᠢᠶ᠎ᠠ ᠪᠤᠯ ﹇jiu﹈ ︵ᠵᠢᠤᠢ ᠪᠤᠶᠤ ᠵᠦᠢ︶ ᠭᠡᠳᠡᠭ ᠪᠥᠭᠡᠳ ︽ᠨᠢᠭᠤᠴᠠ ᠲᠤᠪᠴᠢᠶᠠᠨ︾ ᠤᠨ ︽札兀︾ ᠭᠡᠰᠡᠨ ᠯᠦᠭᠡ ᠤᠶᠢᠷᠠᠳᠴᠦ ᠪᠠᠶᠢᠨ᠎ᠠ᠃ ︽忽里︾ ᠭᠡᠳᠡᠭ ᠵᠥᠷᠴᠢᠨ ᠦᠭᠡ᠂ ︽ᠠᠯᠳᠠᠨ ᠤᠯᠤᠰ ᠤᠨ ᠲᠠᠤᠭᠡ᠂ ᠲᠦᠰᠢᠮᠡᠳ ᠤᠨ ᠲᠡᠮᠳᠡᠭᠯᠡᠯ︾ ᠳᠤ ︽ᠭᠡᠳᠦᠨ ᠠᠶᠢᠮᠠᠭ ᠢ ᠵᠠᠭᠢᠷᠠᠬᠤ ᠲᠤᠰᠢᠶᠠᠯᠳᠠᠨ ᠢ ︿忽鲁﹀ ᠭᠡᠨ᠎ᠠ︾ ᠭᠡᠵᠠᠢ᠃ ᠲᠠᠷᠠᠴᠢᠯᠠᠨ ᠡᠨᠠ ︽ᠵᠦᠨ军︾ ᠭᠡᠳᠡᠭ ᠨᠢ ᠭᠢᠯᠢ ᠭᠢᠵᠡᠭᠠᠷ ᠤᠨ ᠠᠶᠢᠮᠠᠭ ᠤᠭᠰᠠᠭᠠᠳᠠᠨ ᠢᠶᠠᠷ ᠵᠤᠭᠢᠶᠠᠨ ᠪᠠᠶᠢᠭᠤᠯᠤᠭᠳᠠᠭᠰᠠᠨ ᠴᠡᠷᠡᠭ ᠢ ᠨᠡᠷᠡᠯᠳᠡᠭ᠃ ︽ᠵᠥᠢᠨ ᠲᠠᠲ᠋ᠠᠷ ︾ ᠴᠤ ᠡᠶᠢᠮᠦ ᠰᠢᠨᠵᠢᠲᠠᠢ ᠮᠡᠲᠦ᠃ ᠲᠡᠶᠢᠮᠦ ᠠᠴᠠ ᠴᠢᠩᠭᠢᠰ ᠢ ︽ᠵᠦᠢᠨ ᠴᠡᠷᠢᠭ ᠤᠨ ᠵᠠᠭᠢᠷᠤᠭᠴᠢ︾ ᠭᠡᠰᠡᠨ ᠤᠳᠬ᠎ᠠ ᠪᠠᠷ ᠨᠡᠷᠡᠯᠡᠭᠦ ᠨᠢ ᠵᠦᠢ ᠶᠤᠰᠤᠨ ᠤ ᠭᠡᠷᠡᠭ ᠮᠡᠲᠦ᠃ ᠢᠩᠭᠢᠭᠡᠳ ᠪᠢ ︽ᠵᠠᠭᠤᠳᠬᠤᠷᠢ︾ ᠭᠡᠰᠡᠨ ᠦᠭᠡᠢ᠂ ᠬᠠᠷᠢᠨ ︽ᠵᠤᠶᠢᠳᠬᠤᠷᠢ︾ ᠭᠡᠵᠦ ᠭᠠᠯᠢᠭᠯᠠᠪᠠ︾ ᠭᠡᠰᠡᠨ ᠪᠠᠶᠢᠳᠠᠭ᠃⑩ 7. ︽ᠯᠤ᠂ ᠠᠯᠳᠠᠨ ᠲᠤᠪᠴᠢ︾ ᠳᠤ ᠲᠤᠰ ᠴᠤᠯᠠ ᠶᠢ ︽ᠴᠠᠭ ᠤᠨ ᠲᠥᠷᠦ︾⑾ ᠭᠡᠵᠦ ᠪᠢᠴᠢᠵᠦ ᠪᠤᠢ᠃          ᠬᠤᠶᠠᠷ᠂ ︽ᠴᠠᠭᠤᠷᠬᠠᠨ︾᠂ ︽ᠴᠠᠭᠤᠷ ᠪᠠᠭᠢ︾          ᠲᠤᠰ ᠦᠭᠡ ᠪᠤᠯ ᠭᠦᠮᠦᠨ ᠤ ᠨᠡᠷ᠎ᠠ ᠪᠤᠯᠬᠤ ᠤᠴᠢᠷ ᠠᠴᠠ ᠡᠷᠳᠡᠮᠳᠡᠳ ᠪᠠᠷ ᠲᠤᠰᠬᠠᠢ ᠰᠠᠨᠠᠭ᠎ᠠ ᠲᠠᠯᠪᠢᠨ ᠰᠤᠳᠤᠯᠤᠭᠰᠠᠨ ᠦᠭᠡᠢ ᠪᠠᠶᠢᠳᠠᠭ᠃ ᠰᠢᠳᠠᠷ 2011 ᠤᠨ ᠤ ︽ᠥᠪᠤᠷ ᠮᠤᠩᠭᠤᠯ ᠤᠨ ᠨᠡᠶᠢᠭᠡᠮ ᠤᠨ ᠰᠢᠨᠵᠢᠯᠡᠭᠦ ᠤᠬᠠᠭᠠᠨ︾ ᠰᠡᠳᠭᠦᠯ ᠤᠨ6 ᠬᠤᠭᠤᠴᠠᠭ᠎ᠠ ᠳᠤ᠂ ᠵᠢᠷᠭᠠᠯ ᠪᠠᠭᠰᠢ ᠠᠴᠠ ︽ᠮᠤᠩᠭᠤᠯ ᠤᠨ ᠨᠢᠭᠤᠴᠠ ᠲᠤᠪᠴᠢᠶᠠᠨ︾ ᠳᠠᠬᠢ ︽ᠴᠠᠭᠤᠷ︾ ᠢᠵᠡᠭᠤᠷᠳᠤ ᠦᠭᠡ ᠶᠢᠨ ᠲᠤᠬᠠᠢ ᠰᠢᠨᠵᠢᠯᠡᠯ⑿ ᠭᠡᠭᠦ ᠦᠭᠦᠯᠡᠯ ᠪᠢᠴᠢᠵᠦ ︽ᠲᠤᠪᠴᠢᠶᠠᠨ︾  ᠢ ᠦᠨᠳᠦᠰᠦᠯᠡᠪᠡᠯ ︽ᠴᠠᠭᠤᠷ︾ ᠢᠵᠡᠭᠤᠷᠳᠤ ᠦᠭᠡ ᠤᠯᠠᠨ ᠭᠡᠷᠭᠯᠡᠭᠳᠡᠵᠦ ᠪᠠᠶᠢᠭᠰᠠᠨ ᠪᠥᠭᠡᠳ ᠴᠢᠬᠤᠯᠠ ᠤᠳᠬ᠎ᠠ  ᠲᠠᠢ ᠪᠠᠶᠢᠵᠦ ︽ᠴᠠᠭᠤᠷᠬᠠᠨ ᠪᠤᠯᠤᠨ ᠴᠠᠭᠤᠷᠬᠠᠢ︾ ᠨᠢᠭᠡᠯᠠ ᠭᠦᠮᠦᠨ ᠤ ᠨᠡᠷ᠎ᠠ ᠪᠤᠯᠤᠭᠠᠳ ᠲᠠᠷᠤᠢ ᠲᠠᠭᠦᠨ ᠨᠢ ᠦᠢᠯᠠ ᠠᠵᠢᠯᠯᠠᠭ᠎ᠠ ᠠᠴᠠ ᠮᠠᠭᠠᠳᠯᠠᠬᠤ ᠳᠤ ᠲᠡᠷᠠ ᠶᠠᠭᠠᠭᠢᠭᠰᠠᠨ ᠴᠤ ᠡᠭᠡᠯ ᠠᠷᠠᠳ ᠪᠢᠰᠢ ᠬᠠᠷᠢᠨ ᠨᠢᠭᠡ ᠬᠠᠨ ᠪᠠᠶᠢᠷᠢ ᠶᠢᠨ — ᠴᠠᠭᠤᠷ ᠬᠠᠨ ᠪᠤᠯᠤᠨ᠎ᠠ᠃ ︽ᠮᠤᠩᠭᠤᠯ ᠦᠭᠡᠰ ᠤᠨ ᠢᠵᠠᠭᠤᠷ ᠤᠨ ᠲᠤᠯᠢ︾ ᠳᠤ ︽ᠴᠠᠭᠤᠷ︾ ᠭᠡᠳᠡᠭ ᠦᠭᠡ ᠤᠯᠠᠨ ᠤᠳᠬ᠎ᠠ ᠲᠠᠢ ᠪᠠᠶᠢᠵᠦ ︽ᠴᠠᠭᠤᠷ ᠨᠢ ᠮᠠᠨᠵᠦ ᠵᠥᠷᠴᠢᠨ ᠭᠡᠯᠡᠨ ᠳᠤ ᠴᠤᠤᠬ᠎ᠠ ᠭᠡᠵᠦ ᠴᠡᠷᠢᠭ ᠪᠠᠶᠢᠯᠳᠤᠭᠴᠢ︾ ᠭᠡᠰᠡᠨ ᠤᠳᠬ᠎ᠠ ᠲᠠᠢ᠃ ︽ᠴᠠᠭᠤ᠋ ︵‍ᠷ︶︾ ᠠᠶᠠᠨ ᠲᠠᠶᠢᠨ ᠭᠡᠰᠡᠨ ᠤᠳᠬ᠎ᠠ ᠲᠠᠢ ᠭᠡᠵᠦ ᠲᠠᠶᠢᠯᠪᠦᠷᠢᠯᠠᠵᠦ ᠪᠢᠯᠠ⒀᠃ ᠮᠥᠨ ᠴᠤ ︽ᠴᠠᠭᠤᠷ᠂ ᠴᠠᠭᠤᠷᠤᠨ᠂ ᠴᠠᠭᠤᠷᠴᠤ᠂ ᠴᠠᠭᠤᠷᠡᠭᠤᠯᠪᠠ︾ ᠭᠡᠳᠡᠭ ᠦᠭᠡᠰ ᠴᠥᠮ ᠢᠵᠡᠭᠤᠷ ᠨᠢᠭᠡᠲᠠᠢ ᠦᠭᠡ ᠭᠡᠰᠡᠨ ᠪᠠᠶᠢᠨ᠎ᠠ᠃ ᠭᠡᠳᠡᠯ᠎ᠠ ︽ᠴᠠᠭᠤᠷ ᠪᠠᠭᠢ︾ ᠭᠡᠭᠦ ᠨᠡᠷ᠎ᠠ ᠶᠢᠨ ᠲᠤᠬᠠᠢ ᠵᠥᠪᠡᠭᠡᠨ ᠭᠡᠷᠢᠶᠠᠳ ᠤᠨ ᠲᠤᠭᠤᠷᠢᠯ ᠬᠠᠨ ᠤ ᠭᠦᠦ ᠰᠡᠩᠭᠦᠮ ᠪᠡᠯᠭᠡ ᠤᠨ ᠥᠭᠢᠨ ᠭᠡᠳᠡᠭ ᠶᠢ ᠭᠡᠯᠡᠵᠦ ᠨᠡᠷ᠎ᠠ ᠶᠢᠨ ᠤᠳᠬ᠎ᠠ ᠶᠢᠨ ᠲᠤᠬᠠᠢ ᠶᠠᠷᠢᠭᠰᠠᠨ‌ᠦᠭᠡᠢ᠃          ᠭᠤᠷᠪᠠ᠂ ︽ᠴᠠᠭᠤᠷ᠂ ᠴᠠᠭᠤᠷᠠᠨ᠂ ᠴᠠᠭᠤᠷᠴᠤ᠂ ᠴᠠᠭᠤᠷᠡᠭᠤᠯᠪᠠ︾          ᠲᠤᠰ ᠦᠭᠡᠰ ᠶᠢᠨ ᠬᠠᠵᠠᠭᠤ ᠤᠨ ᠤᠷᠴᠢᠭᠤᠯᠤᠭ᠎ᠠ ᠳᠤ ᠨᠢ ︽征᠂征进᠂ 出征着,教出征了︾ ᠭᠡᠵᠦ ᠤᠷᠴᠢᠭᠤᠯᠤᠭᠰᠠᠨ ᠠᠴᠠ ︽ᠲᠤᠪᠴᠢᠶᠠᠨ︾ ᠢ ᠰᠤᠳᠤᠯᠤᠭᠴᠢ ᠨᠠᠷ ᠠᠴᠠ ︽ᠠᠶᠠᠨ ᠲᠠᠶᠢᠨ᠂ ᠤᠷᠲᠦ ᠠᠶᠠᠨ᠂ ᠨᠡᠭᠡᠵᠦ ᠮᠤᠷᠳᠠᠭᠤᠳ᠂ ᠲᠠᠶᠢᠯᠠᠭᠤᠯᠪᠠ᠂ ᠲᠠᠶᠢᠯᠠᠭᠤᠯᠡᠬᠤ ᠪᠠᠷ ᠢᠯᠡᠭᠡᠪᠠ᠂ ᠲᠠᠶᠢᠴᠢᠯᠠᠨ ᠮᠤᠷᠳᠠᠭᠤᠯᠪᠠ᠂ ᠴᠡᠷᠢᠭᠯᠡᠵᠦ ᠮᠤᠷᠳᠠᠭᠤᠯᠪᠠ︾ ᠭᠡᠵᠦ ᠤᠷᠴᠢᠨ ᠴᠠᠭ ᠶᠢᠨ ᠮᠤᠩᠭᠤᠯ ᠭᠡᠯᠡᠨ ᠳᠤ ᠤᠷᠴᠢᠭᠤᠯᠤᠨ ᠪᠠᠭᠤᠯᠭᠠᠭᠰᠠᠨ ᠪᠠᠶᠢᠳᠠᠭ᠃ ︽ᠯᠤ᠂ ᠠᠯᠳᠠᠨ ᠲᠤᠪᠴᠢ︾ ᠳᠤ ︽ᠴᠬᠤᠷᠡᠬᠤᠯᠪᠠᠢ⒁ ︵ᠴᠡᠷᠢᠭᠯᠡᠭᠦᠯᠪᠠᠢ︶ ᠠᠶᠠᠨ ᠴᠢᠬᠤᠷᠯᠠᠵᠦ︾⒂ ᠭᠡᠵᠦ ᠪᠤᠢ᠃ ᠵᠦᠪᠭᠡᠨ ᠵᠢᠷᠭᠠᠯ ᠪᠠᠭᠰᠢ ᠡᠳᠡᠭᠡᠷ ᠦᠭᠡᠰ ᠶᠢᠨ ᠬᠠᠵᠠᠭᠤ ᠤ ᠤᠷᠴᠢᠭᠤᠯᠤᠭ᠎ᠠ ᠶᠢᠨ ᠤᠳᠬ᠎ᠠ ᠶᠢ ᠮᠥᠷᠳᠠᠨ ᠲᠠᠶᠢᠯᠪᠦᠷᠢ ᠬᠢᠭᠰᠡᠨ‌ᠡᠴᠠ ᠪᠢᠰᠢ ᠶᠠᠮᠠᠷ ᠭᠡᠯᠡᠨ ᠤ ᠦᠭᠡ᠂ ᠶᠠᠮᠠᠷ ᠤᠳᠬ᠎ᠠ ᠲᠠᠢ ᠦᠭᠡ ᠭᠡᠰᠡᠨ ᠨᠠᠷᠢᠨ ᠲᠠᠶᠢᠯᠪᠦᠷᠢ ᠬᠢᠭᠰᠡᠨ ᠪᠤᠰᠤᠳ ᠡᠷᠳᠡᠮᠳᠡᠳ ᠤᠨ ᠵᠤᠬᠢᠶᠠᠯ ᠶᠢᠨ ᠤᠳᠤ ᠪᠠᠷ ᠪᠢ ᠦᠵᠡᠭᠡᠳ ᠦᠭᠡᠢ᠃            ᠮᠡᠳᠡᠭᠡᠵᠢ ᠪᠠᠷ ︽ᠲᠤᠪᠴᠢᠶᠠᠨ︾ ᠳᠠᠬᠢ ᠡᠷᠳᠠᠨ ᠤ ᠬᠡᠯᠡᠨ ᠤ ᠦᠭᠡᠰ ᠪᠤᠯ ᠳᠠᠩ ᠴᠤᠯᠭᠤᠢ ᠲᠤᠮᠳᠠᠳᠤ ᠡᠷᠳᠠᠨ ᠤ ᠮᠤᠩᠭᠤᠯ ᠭᠡᠯᠠᠨ ᠤ ᠤᠭᠡᠰ ᠪᠢᠰᠢ᠂ ᠭᠡᠳᠦᠢ ᠪᠠᠷ ᠡᠷᠳᠠᠨ ᠤ ᠮᠤᠩᠭᠤᠯ ᠭᠡᠯᠠ ᠨᠢ ᠭᠤᠤᠯᠯᠠᠬᠤ ᠪᠠᠶᠢᠷᠢ ᠡᠵᠡᠯᠠᠭᠦ ᠪᠤᠯᠪᠠᠴᠤ ᠲᠦᠷᠦᠭ ᠭᠠᠷᠤᠯᠲᠠᠢ ᠤᠭᠰᠠᠭᠠᠨ ᠤ ᠭᠡᠯᠠᠨ ᠤ ᠦᠭᠡᠰ᠂ ᠮᠤᠩᠭᠤᠯ᠂ ᠲᠦᠷᠦᠭ ᠨᠠᠶᠢᠳᠠᠮ ᠭᠡᠷᠡᠭᠯᠡᠭᠳᠡᠭ ᠦᠭᠡᠰ᠂ ᠲᠦᠷᠦᠭᠵᠢᠭᠰᠡᠨ ᠮᠤᠩᠭᠤᠯ ᠭᠡᠯᠠᠨ ᠤ ᠦᠭᠡᠰ ᠴᠦ ᠤᠯᠠᠨ ᠪᠠᠶᠢᠳᠠᠭ ᠤ ᠰᠤᠨᠢᠷᠬᠠᠯᠲᠠᠢ ᠭᠡᠷᠡᠭ ᠪᠢᠰᠢ ᠶᠤᠮ᠃ ᠲᠡᠦᠭᠡᠨ ᠲᠡᠮᠳᠡᠭᠯᠡᠯ ᠢ ᠦᠨᠳᠦᠰᠦᠯᠠᠪᠠᠯ᠂ ᠾᠦᠩᠨᠤ᠂ ᠰᠢᠶᠠᠨᠪᠢ᠂ ᠷᠤ᠋ ᠷᠠᠨ ᠤ ᠲᠠᠷᠠᠭ᠎ᠠ ᠤᠨ ᠲᠤᠭᠠᠯᠠᠯ ᠤᠨ6 ᠳ᠋ᠤᠭᠠᠷ ᠵᠠᠭᠤᠨ ᠤ ᠲᠤᠮᠳᠠᠴᠢ ᠪᠤᠯᠬᠤ ᠳᠤ ᠬᠦᠭᠡ ᠲᠦᠷᠦᠭ ᠮᠠᠨᠳᠤᠵᠤ᠂ ᠮᠥᠨ ᠲᠡᠭᠦᠨ ᠤ ᠲᠠᠷᠠᠭ᠎ᠠ ᠲᠦᠷᠦᠭ ᠲᠦᠷᠦᠯ ᠤᠨ ᠤᠶᠢᠭᠤᠷ᠂ ᠬᠢᠷᠭᠢᠰ ᠴᠦ ᠤᠷᠢᠳ ᠬᠤᠵᠢᠳ ᠬᠦᠴᠦᠷᠬᠡᠭᠵᠢᠭᠡᠳ ᠮᠤᠩᠭᠤᠯ ᠤᠨ ᠦᠨᠳᠦᠷᠯᠢᠭ ᠲᠤ ᠨᠢᠭᠡ ᠦᠶ᠎ᠠ ᠲᠦᠷᠦᠭ ᠬᠡᠯᠡᠳᠡᠳ ᠭᠤᠤᠯᠯᠠᠵᠤ ᠪᠠᠶᠢᠵᠠᠢ᠃ ᠤᠵᠤᠭᠤᠷ ᠮᠤᠩᠭᠤᠯᠴᠤᠳ ᠡᠷᠭᠦᠨ᠎ᠠ  ᠶᠢᠨ ᠬᠠᠪᠢ ᠠᠴᠠ ᠪᠠᠷᠠᠭᠤᠨᠰᠢ ᠨᠡᠭᠦᠳᠠᠯᠯᠠᠨ᠂ ᠲᠡᠳᠡᠨᠠᠷ ᠲᠠᠢ ᠬᠤᠯᠢᠯᠳᠤᠨ ᠨᠤᠳᠤᠭᠯᠠᠵᠤ᠂ ᠬᠠᠷᠢᠴᠠᠭ᠎ᠠ ᠬᠤᠯᠪᠤᠭ᠎ᠠ ᠭᠠᠷᠤᠭᠠᠳ ᠬᠡᠯᠡ ᠠᠶᠠᠯᠭᠤᠨ ᠤ ᠲᠠᠯ᠎ᠠ ᠪᠠᠷ ᠶᠡᠬᠡᠬᠡᠨ ᠨᠦᠯᠦᠭᠡᠯᠡᠭᠳᠡᠪᠠ᠃ ᠡᠨᠡ ᠨᠦᠯᠦᠭᠡ ᠮᠤᠩᠭᠤᠯᠴᠤᠳ ᠤᠨ ᠶᠡᠭᠡ ᠨᠡᠭᠦᠳᠠᠯ ᠠᠴᠠ ᠬᠤᠶᠢᠰᠢ ᠬᠦᠴᠦᠷᠭᠡᠭᠵᠢᠨ ᠮᠠᠨᠳᠤᠬᠤ ᠬᠦᠷᠳᠠᠯᠠᠬᠢ ᠬᠡᠳᠦᠨ ᠵᠠᠭᠤᠨ ᠤᠨ ᠤ ᠵᠠᠭᠤᠷ᠎ᠠ ᠪᠠᠶᠢᠩᠭᠤ ᠶᠠᠪᠤᠭᠳᠠᠭᠰᠠᠭᠠᠷ ᠪᠠᠶᠢᠭᠰᠠᠨ᠃ ᠲᠡᠷᠡᠴᠢᠯᠠᠨ‌‍ᠴᠢᠩᠭᠢᠰ ᠬᠠᠭᠠᠨ ᠮᠤᠩᠭᠤᠯ ᠤᠨ ᠦᠨᠳᠦᠷᠯᠢᠭ ᠳᠠᠬᠢ ᠤᠯᠠᠨ ᠤᠪᠤᠭ ᠠᠶᠢᠮᠠᠭ ᠢ ᠨᠢᠭᠡᠳᠭᠡᠨ ᠲᠠᠭᠠᠭᠤᠯᠤᠭᠰᠠᠨ ᠬᠤᠶᠢᠨ᠎ᠠ ᠮᠥᠨ ᠦᠷᠭᠦᠯᠵᠢᠯᠠᠵᠤ ᠪᠠᠶᠢᠭᠰᠠᠨ ᠪᠠ ᠡᠨᠡ ᠨᠢ ᠲᠤᠬᠠᠢ ᠶᠢᠨ ᠦᠶ᠎ᠠ ᠶᠢᠨ ᠮᠤᠩᠭᠤᠯ ᠤᠨ ᠨᠢᠭᠡᠳᠦᠯ ᠳᠤ ᠲᠦᠷᠦᠭ ᠬᠡᠯᠡᠳᠡᠨ ᠦᠢᠭᠤᠷ᠂ ᠭᠢᠷᠭᠢᠰ ᠮᠡᠲᠦ ᠤᠪᠤᠭ ᠠᠶᠢᠮᠠᠭ ᠤᠳ ᠨᠠᠯᠢᠶᠠᠳ ᠪᠠᠶᠢᠷᠢ ᠲᠠᠢ ᠤᠷᠤᠯᠴᠠᠵᠤ ᠪᠠᠶᠢᠭᠰᠠᠨ ᠯᠤᠭ᠎ᠠ ᠪᠠᠰᠠᠴᠤ ᠬᠤᠯᠪᠤᠭ᠎ᠠ ᠲᠠᠢ ᠪᠢᠯᠠ᠃ ᠤᠳᠤ ᠶᠢᠨ ᠬᠠᠰᠠᠭ ︵ᠮᠤᠩᠭᠤᠯ ᠤᠯᠤᠰ᠂ ᠥᠪᠤᠷ ᠮᠤᠩᠭᠤᠯ ᠤ ᠮᠤᠩᠭᠤᠯᠴᠤᠳ ᠺᠠᠽᠠᠭ ᠭᠡᠳᠡᠭ︶ ᠦᠨᠳᠦᠰᠦᠳᠠᠨ‌‍ᠭᠡᠪᠡᠯ ᠬᠠᠰᠠᠭᠰᠳᠠᠨ ᠢᠶᠠᠷ ᠭᠤᠤᠯᠠᠯᠠᠵᠦ᠂ ᠲᠤᠮᠳᠠᠳᠤ ᠤᠯᠤᠰ᠂ ᠥᠵᠢᠪᠡᠭᠰᠳᠠᠨ᠂ ᠲᠤᠭᠢᠮᠠᠨᠰᠳᠠᠨ᠂ ᠭᠢᠷᠭᠢᠰᠰᠳᠠᠨ ᠪᠠ ᠲᠠᠵᠢᠭᠰᠳᠠᠨ᠂ ᠮᠤᠩᠭᠤᠯ ᠪᠤᠯᠤᠨ ᠠᠹᠡᠭᠠᠨᠰᠳᠠᠨ ᠳᠤ ᠨᠢᠭᠡ ᠭᠡᠰᠡᠭ ᠪᠠᠶᠢᠳᠠᠭ ᠲᠡᠳᠡᠨ ᠤ ᠭᠡᠯᠡ ᠴᠤ ᠠᠯᠲᠠᠢ ᠢᠵᠠᠭᠤᠷ ᠶᠢᠨ ᠲᠦᠷᠦᠭ ᠲᠥᠷᠦᠯ  ᠶᠢᠨ ᠰᠠᠯᠪᠤᠷᠢ ᠲᠤ ᠬᠠᠷᠢᠶᠠᠳᠤᠳᠠᠭ᠃ ᠬᠠᠰᠠᠭ ᠭᠦᠮᠦᠨ ᠪᠤᠯ ᠮᠤᠩᠭᠤᠯ ᠲᠠᠢ ᠲᠠᠤᠭᠡ ᠤᠨ ᠤᠵᠤᠭᠤᠷ ᠬᠠᠷᠢᠴᠠᠭ᠎ᠠ  ᠲᠠᠢ ᠨᠠᠭᠦᠳᠡᠯᠴᠢᠨ ᠦᠨᠳᠦᠰᠦᠳᠠᠨ ᠶᠤᠮ᠂ ᠭᠡᠳᠡᠯ᠎ᠠ ᠮᠤᠩᠭᠤᠯ ᠶᠢᠨ ᠥᠨᠳᠦᠷᠯᠢᠭ ᠪᠤᠯᠤᠨ ᠲᠥᠪ ᠠᠽᠢᠶ᠎ᠠ ᠵᠢᠴᠢ ᠡᠸᠤᠷᠤᠫᠠ᠂ ᠤᠷᠤᠨᠠᠳᠠᠭᠢᠨ ᠳᠠᠬᠢ ᠡᠯ᠎ᠠ ᠤᠯᠤᠰ᠂ ᠠᠶᠢᠮᠠᠭ ᠤ ᠨᠡᠷ᠎ᠠ᠂ ᠲᠠᠤᠭᠡ ᠢ ᠬᠠᠮᠤᠷᠤᠭᠰᠠᠨ ᠠᠯᠳᠠᠷᠲᠤ ᠪᠦᠳᠦᠭᠡᠯ ︽ᠲᠤᠪᠴᠢᠶᠠᠨ︾ ᠳᠤ ᠲᠤᠮᠳᠠᠳᠤ ᠠᠽᠢᠶ᠎ᠡ ᠳᠠᠬᠢ ᠠᠷᠪᠢᠨ ᠤᠯᠠᠨ ᠦᠨᠳᠦᠰᠦᠳᠠᠨ᠂ ᠶᠠᠰᠤᠳᠠᠨ᠂ ᠠᠶᠢᠮᠠᠭ  ᠤᠨ ᠨᠡᠷ᠎ᠠ ᠭᠠᠷᠳᠠᠭ ᠪᠤᠯᠪᠠᠴᠤ ︿ᠬᠠᠰᠠᠭ﹀ ᠭᠡᠭᠦ ᠦᠨᠳᠦᠰᠦᠳᠠᠨ ᠪᠤᠶᠤ ᠶᠠᠰᠤᠳᠠᠨ᠂ ᠠᠶᠢᠮᠠᠭ ᠶᠢᠨ ᠨᠡᠷ᠎ᠠ ᠭᠠᠷᠤᠭᠰᠠᠨ ᠦᠭᠡᠢ ᠪᠢᠯᠠ᠂ ᠭᠡᠳᠠᠯ᠎ᠠ ᠤᠳᠤ ᠤᠷᠢᠳᠠ ᠮᠤᠩᠭᠤᠯ ᠶᠢᠨ ᠨᠢᠭᠡ ᠠᠶᠢᠮᠠᠭ ᠪᠠᠶᠢᠭᠰᠠᠨ ᠭᠡᠷᠢᠶᠠᠳ᠂ ᠨᠠᠶᠢᠮᠠᠨ᠂ ᠮᠡᠷᠭᠡᠳ ᠂ ᠬᠤᠩᠭᠡᠷᠠᠳ᠂ ᠰᠠᠯᠵᠢᠭᠠᠳ᠂ ᠲᠡᠯᠡᠩᠭᠦᠳ ᠁ ᠠᠴᠠ ᠵᠤᠴᠢ ᠶᠢᠨ ᠬᠤᠶᠢᠴᠢᠰ ᠪᠠ ᠴᠠᠭᠠᠳᠠᠢ ᠬᠠᠭᠠᠨᠲᠤ ᠤᠯᠤᠰ  ᠶᠢᠨ ᠬᠤᠶᠢᠴᠢᠰ ᠠᠴᠠ ᠲᠦᠷᠦᠭᠵᠢᠨ ᠬᠠᠰᠠᠭ ᠭᠡᠭᠦ ᠦᠨᠳᠦᠰᠦᠳᠠᠨ ᠪᠤᠯᠤᠭᠰᠠᠨ ᠤ ᠪᠠᠭ᠎ᠠ ᠪᠤᠰᠤ ᠪᠠᠶᠢᠳᠠᠭ ᠪᠢᠯᠠ᠃ ᠬᠠᠰᠠᠭ ᠭᠡᠳᠡᠭ ᠨᠡᠷ᠎ᠠ 1452 ᠤᠨ ᠠᠴᠠ ᠬᠤᠶᠢᠰᠢ ᠲᠠᠤᠭᠡᠨ ᠪᠢᠴᠢᠭ ᠰᠤᠳᠤᠷ ᠳᠤ ᠡᠭᠡᠯᠡᠨ ᠭᠠᠷᠤᠭᠰᠠᠨ ᠪᠠᠶᠢᠳᠠᠭ ᠪᠥᠭᠡᠳ ᠲᠡᠳᠦᠨᠤᠰ ᠪᠢᠶ᠎ᠡ ᠪᠠᠨ ᠦᠢᠰᠦᠨ ᠤᠯᠤᠰ ᠤᠨ ᠬᠤᠶᠢᠴᠢᠰ ᠭᠡᠳᠡᠭ ᠶᠤᠮ᠃ ᠭᠡᠪᠡᠴᠤ ᠲᠡᠳᠡᠨ ᠤ ᠲᠠᠤᠭᠡ ᠪᠢᠴᠢᠭ ᠠᠴᠠ ᠦᠵᠡᠪᠠᠯ ᠴᠠᠭᠠᠳᠠᠢ ᠬᠠᠭᠠᠨ ᠤ ᠬᠤᠶᠢᠴᠢ ᠲᠤᠭᠤᠯᠢᠭ ᠲᠡᠮᠦᠷ ᠬᠠᠭᠠᠨ ᠤ ᠦᠶ᠎ᠡ ᠡᠴᠠ‌ᠡᠭᠡᠯᠡᠨ ᠭᠤᠷᠪᠡᠨ ᠵᠠᠭᠤ ﹇ᠦᠰᠢ ᠵᠦᠽᠢ﹈( ᠶᠡᠭᠡ ᠵᠠᠭᠤ ﹇ᠤᠯᠤ ᠵᠦᠽᠢ﹈ ᠲᠤᠮᠳᠠ ᠵᠠᠭᠤ ﹇ᠤᠷᠳᠠ ᠵᠦᠽᠢ﹈ ᠪᠠᠭ᠎ᠠ ᠵᠠᠭᠤ ﹇ᠭᠢᠱᠢ ᠵᠦᠽᠢ﹈)ᠮᠤᠩᠭᠤᠯ ᠠᠴᠠ ᠰᠠᠯᠵᠦ ᠢᠰᠯᠠᠮ ᠰᠠᠱᠢᠨ ᠳᠤ ᠤᠷᠤᠵᠦ1452 ᠤᠨ ᠲᠡᠭᠡᠷᠡᠭᠢ ᠭᠤᠷᠪᠡᠨ ᠵᠠᠭᠤ ᠤᠨ ᠠᠶᠢᠮᠠᠭ ᠨᠦᠭᠦᠳ ᠠᠴᠠ ᠪᠦᠷᠢᠯᠳᠠᠭᠰᠠᠨ ᠬᠠᠰᠠᠭ ᠭᠡᠭᠦ ᠦᠨᠳᠦᠰᠦᠳᠠᠨ‌‍ᠪᠤᠯᠤᠭᠰᠠ ᠢᠶᠠᠨ ᠵᠠᠷᠢᠮ ᠲᠠᠤᠭᠡᠨ ᠪᠢᠴᠢᠭ ᠲᠤ ᠪᠠᠨ ᠭᠦᠯᠢᠶᠠᠨ ᠲᠠᠨᠢᠳᠠᠭ ᠪᠢᠯᠠ᠃( ︽ᠬᠠᠰᠠᠭ ᠱᠡᠵᠢᠷᠡᠢ︾ — ᠬᠠᠰᠠᠭ ᠤᠨ ᠴᠠᠳᠢᠭ ﹇ᠬᠠᠰᠠᠭ ᠤᠨ ᠤᠭ ᠢᠵᠢᠭᠤᠷ ᠤᠨ ᠪᠢᠴᠢᠭ﹈ )ᠦᠨᠡᠭᠡᠷᠲᠡᠭᠡᠨ ᠬᠠᠰᠠᠭᠴᠤᠳ ︽ᠮᠤᠩᠭᠤᠯ ᠬᠠᠰᠠᠭ ᠭᠡᠶ᠋ᠢᠽᠢ ᠲᠤᠭᠤᠷᠯᠤᠭ᠎ᠠ︾ ﹇ᠮᠤᠩᠭᠤᠯ ᠬᠠᠰᠠᠭ ᠢᠰᠢᠭᠡᠢ ᠲᠤᠭᠤᠷᠭᠠᠳᠠᠨ ᠭᠡᠰᠡᠨ ᠦᠭᠡ﹈ ᠭᠡᠵᠦ ᠭᠡᠯᠡᠳᠡᠭ ᠪᠥᠭᠡᠳ ᠲᠡᠳᠡᠨ ᠤ ᠠᠮᠢᠳᠤᠷᠠᠯ ﹇ᠨᠡᠭᠦᠳᠡᠯᠴᠢᠨ﹈ ᠤᠨ ᠲᠤᠮᠳᠠᠭᠢ ᠦᠭᠡᠰ ᠲᠤᠳᠤᠷ᠎ᠠ ᠮᠤᠩᠭᠤᠯ ᠦᠭᠡ ᠶᠡᠭᠡ ᠤᠯᠠᠨ ᠪᠠᠶᠢᠳᠠᠭ ᠪᠠ ᠵᠠᠷᠢᠮ ᠠᠮᠢᠳᠤᠷᠠᠯ ᠶᠢᠨ ᠭᠡᠪ ᠮᠠᠶ᠋ᠢᠭ ᠠᠳᠠᠯᠢ ᠪᠠᠶᠢᠳᠠᠭ ᠶᠤᠮ᠃ ︵ᠠᠳᠠ ᠲᠤᠪᠴᠢᠯᠠᠪᠠ᠂ ᠡᠭᠦᠨ ᠤ ᠲᠤᠬᠠᠢ ᠲᠤᠰᠬᠠᠢ ᠶᠠᠷᠢᠬᠤ ᠰᠠᠨᠠᠭ᠎ᠠ ᠪᠤᠢ︶            ︽ᠲᠤᠪᠴᠢᠶᠠᠨ︾ ᠳᠤ ᠭᠠᠷᠬᠤ ︽ᠴᠠᠭᠤᠷᠬᠠᠨ᠂ ᠴᠠᠭᠤᠷ ᠪᠠᠭᠢ ᠭᠡᠭᠦ ᠭᠦᠮᠦᠨ ᠤ ᠨᠡᠷ᠎ᠠ᠂ ᠴᠠᠭᠤᠷ᠂ ᠴᠠᠭᠤᠷᠠᠨ᠂ ᠴᠠᠭᠤᠷᠴᠦ᠂ ᠴᠠᠭᠤᠷᠠᠭᠤᠯᠪᠠ︾ ᠭᠡᠳᠡᠭ ᠦᠭᠡᠰ ᠪᠤᠯ ᠶᠠᠭ ᠲᠡᠭᠡᠷ᠎ᠠ ᠭᠡᠯᠡᠭᠰᠡᠨ ᠲᠦᠷᠦᠭ ᠲᠦᠷᠦᠯ ᠬᠡᠯᠡᠨ  ᠤ ᠦᠭᠡᠰ ᠲᠤ ᠪᠠᠶᠢᠳᠠᠭ ᠢᠵᠠᠭᠤᠷ ᠨᠢ ︿qaw᠂qap᠂ ᠴᠠᠪ᠂ ᠴᠠᠫ﹀ ︿ᠴᠠᠪᠴᠢᠬᠤ᠂ ᠲᠤᠪᠳᠤᠯᠠᠬᠤ᠂ ᠲᠠᠶᠢᠯᠠᠬᠤ﹀ ᠭᠡᠰᠡᠨ ᠤᠳᠬ᠎ᠠ ᠲᠠᠢ ᠦᠢᠭᠤᠷ᠂ ᠭᠢᠷᠭᠢᠰ᠂ ᠬᠠᠰᠠᠭ ᠭᠡᠯᠡᠨ ᠳᠤ ᠪᠠᠶᠢᠬᠤ ᠦᠭᠡ ᠪᠤᠯᠤᠨ᠎ᠠ ᠭᠡᠵᠤ ᠪᠢ ᠦᠵᠡᠵᠦ ᠪᠠᠶᠢᠨ᠎ᠠ᠃ ᠲᠤᠰ ᠦᠭᠡ ᠶᠢᠨ ᠢᠵᠠᠭᠤᠷ ᠨᠢ ︽ᠴᠠᠭᠤ᠋︾ ᠪᠤᠯᠤᠨ᠎ᠠ᠃ ᠤᠳᠤ ᠦᠢᠭᠤᠷ ᠭᠡᠯᠡᠨ ᠳᠤ ︿ᠴᠠᠫ qap﹀ ᠭᠢᠷᠭᠢᠰ᠂ ᠬᠠᠰᠠᠭ ᠭᠡᠯᠡᠨ ᠳᠤ ︽ᠴᠠᠪ᠂ ᠴᠠᠪᠡᠫ᠂ qaw᠂ qabew︾ ᠭᠡᠵᠤ ᠬᠡᠯᠡᠳᠡᠭ᠂ ︿ᠴᠠᠪᠴᠢᠬᠤ᠂ ᠲᠤᠪᠳᠤᠯᠠᠬᠤ᠂ ᠲᠠᠶᠢᠯᠠᠬᠤ﹀ ᠭᠡᠰᠡᠨ ᠤᠳᠬ᠎ᠠ ᠲᠠᠢ ᠦᠭᠡ ᠪᠤᠯᠤᠨ᠎ᠠ᠂ ᠲᠤᠤᠷ᠎ᠠ ᠪᠢ ᠬᠤᠯᠪᠤᠭᠳᠠᠯ ᠪᠦᠭᠦᠢ ᠮᠠᠲ᠋ᠢᠷᠢᠶᠠᠯ ᠪᠠ ᠦᠢᠭᠤᠷ᠂ ᠬᠠᠰᠠᠭ ᠭᠡᠯᠡᠨ ᠤᠨ ᠲᠤᠯᠢ ᠠᠴᠠ ᠵᠢᠰᠢᠶ᠎ᠠ ᠲᠠᠲᠠᠵᠦ ᠥᠪᠡᠷ ᠶᠢᠨ ᠦᠵᠡᠯᠳᠠ  ᠢᠶᠠᠨ ᠲᠡᠯᠭᠡᠨ ᠶᠠᠷᠢᠵᠦ ᠡᠷᠳᠡᠮᠳᠡᠳ ᠲᠠᠢ ᠵᠦᠪᠯᠡᠵᠦ ᠦᠵᠠᠶ᠎ᠠ᠃ ᠪᠤᠷᠤᠭᠤ ᠪᠠᠶᠢᠬᠤ ᠶᠢ ᠪᠤᠯᠭᠠᠭᠠᠮᠤ︕            ᠨᠢᠭᠡ᠂ ︽ᠴᠠᠤᠳᠬᠤᠷᠢ ︵ᠵᠠᠭᠤᠳᠬᠤᠷᠢ︶︾ ᠭᠡᠳᠡᠭ ᠴᠤᠯᠠ ᠨᠠᠷ᠎ᠠ ᠶᠢᠨ ᠲᠤᠬᠠᠢ            ᠮᠢᠨᠦ ᠪᠢᠶ᠎ᠡ ︽ᠴᠠᠭᠤᠳᠬᠤᠷᠢ ︵ᠵᠠᠭᠤᠳᠬᠤᠷᠢ︶ ᠪᠠ ︽ᠤᠩ ᠬᠠᠨ︾ ᠭᠡᠭᠦ ᠦᠭᠡ ᠤᠨ ᠲᠤᠬᠠᠢ ᠭᠡᠳᠡᠭ ᠦᠭᠦᠯᠠᠯ ᠪᠢᠴᠢᠵᠦ 1993 —1994 ᠤᠨ ᠤ ᠦᠶ᠎ᠡ ᠪᠠᠷ ᠨᠢᠭᠡ ᠦᠭᠦᠯᠡᠯ ᠪᠢᠴᠢᠵᠦ ︽ᠥᠪᠤᠷ ᠮᠤᠩᠭᠤᠯ ᠤᠨ ᠨᠡᠶᠢᠭᠢᠮ ᠤᠨ ᠰᠢᠨᠵᠢᠯᠡᠭᠦ ᠤᠬᠠᠭᠠᠨ︾ ᠰᠡᠳᠭᠦᠯ ᠲᠡᠭᠡᠷ᠎ᠠ ᠨᠡᠶᠢᠳᠠᠯᠠᠭᠦᠯᠦᠭᠰᠠᠨ ᠪᠢᠯᠠ᠃            ᠲᠤᠰ ᠴᠤᠯᠠ ᠨᠠᠷ᠎ᠠ ᠪᠤᠯ ᠴᠢᠩᠭᠡᠰ ᠬᠠᠭᠠᠨ ᠪᠤᠯᠤᠨ ᠲᠤᠭᠤᠷᠢᠯ ᠬᠠᠨ ᠬᠤᠶᠠᠷ ᠠᠯᠳᠠᠨ ᠤᠯᠤᠰ ᠤᠨ ᠤᠩᠭᠢᠩ ᠴᠢᠩᠰᠠᠩ᠂ ᠲᠠᠲ᠋ᠠᠷ ᠤᠨ ᠮᠠᠭᠦᠵᠢᠨ ᠰᠡᠭᠦᠯᠳᠦ ᠶᠢ ᠨᠡᠬᠡᠨ ᠴᠤᠬᠢᠭᠰᠠᠨ ᠵᠠᠪᠰᠢᠶᠠᠨ ᠢᠶᠠᠷ ᠲᠡᠭᠦᠨ ᠲᠠᠢ ᠬᠠᠮᠰᠠᠵᠤ ᠲᠠᠲ᠋ᠠᠷ ᠢ ᠴᠤᠬᠢᠵᠦ ᠮᠡᠭᠦᠵᠢᠨ ᠰᠡᠭᠦᠯᠳᠦ ᠶᠢ ᠠᠯᠠᠭᠰᠠᠨ ᠳᠤ ᠠᠯᠳᠠᠨ ᠤᠯᠤᠰ ᠤᠨ ᠡᠨᠡ ᠲᠦᠰᠢᠮᠠᠯ ᠠᠴᠠ ᠴᠢᠩᠭᠢᠰ ᠬᠠᠭᠠᠨ ᠳᠤ ᠤᠯᠭᠤᠭᠰᠠᠨ ᠴᠤᠯᠠ ᠨᠠᠷ᠎ᠠ ᠪᠤᠯᠬᠤ ᠶᠤᠮ᠃ ᠲᠤᠰ ᠴᠤᠯᠠ ᠨᠠᠷ᠎ᠠ ︿ᠲᠤᠪᠴᠢᠶᠠᠨ﹀ ᠤ179 ᠳᠤ ᠤᠶᠢᠳᠤᠩᠬᠠᠢ ᠬᠡᠮᠡᠭᠳᠡᠭᠦᠵᠠᠢ ᠲᠠ᠃ ᠴᠠᠭᠤᠳ ᠬᠤᠷᠢ察兀惕忽里 ᠶᠢᠨ ᠲᠤᠷᠤᠭ ᠡᠯᠡ ᠠᠵᠤᠬᠤᠢ ᠪᠤᠤ ᠬᠡᠮᠡᠭᠦᠯᠦᠭᠳᠦᠨ ᠭᠡᠵᠤ ᠭᠠᠷᠳᠠᠭ᠃ ︽ᠲᠤᠪᠴᠢᠶᠠᠨ︾ ᠳᠤ ᠬᠤᠶᠠᠷ ᠤᠳᠠᠭ᠎ᠠ ᠭᠠᠷᠬᠤ ᠡᠨᠠ ᠨᠡᠷ᠎ᠠ ᠦᠭᠡ ᠶᠢᠨ ᠭᠠᠯᠢᠭᠯᠠᠯ ᠳᠤ ︿札﹀ ᠪᠤᠯᠤᠨ ︿察﹀ ᠭᠡᠭᠦ ᠦᠰᠦᠭ ᠪᠤᠯᠤᠨ᠎ᠠ᠃ ᠡᠨᠠ ᠬᠤᠶᠠᠷ ᠦᠰᠦᠭ ᠶᠢᠨ ᠡᠯ᠎ᠠ ᠦᠰᠦᠭ  ᠪᠠᠷ ᠤᠩᠰᠢᠪᠠᠯ ᠲᠤᠰ ᠦᠭᠡ ᠶᠢᠨ ᠤᠳᠬ᠎ᠠ ᠢ ᠵᠥᠪ ᠭᠠᠷᠭᠠᠵᠦ ᠪᠤᠯᠬᠤ ᠪᠤᠢ︖ ᠭᠡᠷᠪᠡ札兀惕忽里 ᠭᠡᠵᠦ ᠤᠩᠰᠢᠵᠦ ᠲᠠᠶᠢᠯᠪᠦᠷᠢᠯᠠᠬᠤ ᠪᠤᠯ ︿札兀﹀ ᠭᠡᠳᠡᠭ ᠦᠭᠡ ᠲᠦᠷᠦᠭ ᠭᠠᠷᠤᠯ ᠤᠨ ᠭᠢᠷᠭᠢᠰ᠂ ᠬᠠᠰᠠᠭ ᠭᠡᠯᠡᠨ ᠤᠨ ︿ᠲᠠᠶᠢᠰᠦᠨ﹀ ᠭᠡᠭᠦ ᠦᠭᠡ ᠪᠤᠯᠤᠨ᠎ᠠ᠃ ︿札兀惕忽里﹀ ᠭᠡᠪᠡᠯ ︿ᠲᠠᠶᠢᠰᠦᠨ ᠳᠤ ᠠᠷᠰᠢ ᠮᠡᠲᠦ﹀ ᠭᠡᠰᠡᠨ ᠤᠳᠬ᠎ᠠ ᠭᠠᠷᠬᠤ ᠶᠤᠮ᠃︿ᠲᠤᠪᠴᠢᠶᠠᠨ﹀ ᠤ ᠨᠠᠩᠭᠢᠶᠠᠳ ᠭᠠᠯᠢᠭ ᠲᠤ ᠲᠠᠮᠳᠡᠭᠯᠡᠭᠰᠡᠨ札 ᠭᠡᠳᠡᠭ  ᠢ ︿ᠵ᠊﹀ ︿ᠴ᠊﹀ ᠭᠡᠰᠡᠨ ᠬᠤᠶᠠᠷ ᠲᠠᠭᠤᠳᠠᠯᠭ᠎ᠠ ᠲᠠᠢ ᠠᠴᠠ ︿察﹀ ᠪᠠᠷ ᠤᠩᠰᠢᠪᠠᠯ ᠲᠤᠰ ᠦᠭᠡ ᠶᠢᠨ ᠤᠳᠬ᠎ᠠ ᠵᠥᠪ ᠭᠠᠷᠭᠠᠵᠦ ᠪᠤᠯᠬᠤ ᠮᠡᠲᠦ᠃ ︽ᠲᠤᠪᠴᠢᠶᠠᠨ︾ ᠳᠤ ︿ᠲᠠᠶᠢᠰᠦᠨ﹀ ᠭᠡᠭᠦ ᠦᠭᠡ ᠶᠢ ᠮᠤᠩᠭᠤᠯ ᠭᠡᠯᠠ ᠪᠠᠷ ᠲᠤᠳᠤᠷᠬᠠᠢ ᠭᠡᠯᠡᠳᠡᠭ ᠠᠴᠠ ᠦᠭᠡ ᠶᠢᠨ ᠢᠵᠠᠭᠤᠷ ᠨᠢ ︿札兀᠂ ᠲᠠᠶᠢᠰᠦᠨ﹀ ᠪᠢᠰᠢ ᠭᠡᠵᠦ ᠦᠵᠡᠵᠦ ᠪᠤᠯᠤᠨ᠎ᠠ᠃ ᠬᠠᠷᠢᠨ ᠡᠭᠡᠨ ᠦᠰᠦᠭ ᠶᠢ︿察﹀ ᠪᠠᠷ ᠤᠩᠰᠢᠪᠠᠯ察兀惕忽里 ᠭᠡᠰᠡᠨ ᠦᠭᠡ ᠪᠤᠯᠤᠭᠠᠳ ︽ᠲᠤᠪᠴᠢᠲᠠᠨ︾ ᠳᠤ᠂ ᠴᠠᠪᠴᠢᠬᠤ᠂ ᠲᠠᠶᠢᠯᠠᠬᠤ᠂ ᠲᠠᠭᠠᠷᠢᠯᠳᠠ ᠭᠡᠭᠦ᠂ ᠬᠠᠯᠳᠠᠨ ᠲᠤᠪᠳᠠᠯᠠᠬᠤ᠂ ᠠᠶᠠᠨ ᠲᠠᠶᠢᠨ ᠭᠡᠰᠡᠨ ᠦᠭᠡᠰ ᠢ ︿ᠴᠠᠭᠤᠷ᠂ ᠴᠠᠭᠤᠷᠤᠯᠪᠠ᠂ ᠴᠠᠭᠤᠷᠤᠭᠤᠯᠪᠠ﹀ ᠭᠡᠵᠦ ᠭᠡᠯᠡᠵᠦ ᠪᠠᠶᠢᠬᠤ ᠠᠴᠠ ᠦᠵᠡᠪᠡᠯ ᠲᠤᠰ ᠦᠭᠡ ᠶᠢ ︿察兀惕忽里﹀ ᠭᠡᠵᠦ ᠤᠩᠰᠢᠪᠠᠯ ᠲᠠᠭᠠᠷᠠᠨ᠎ᠠ᠃ ᠠᠳᠠ ᠭᠡᠯᠡᠵᠦ ᠪᠠᠶᠢᠬᠤ ︿ᠴᠭᠤᠳ ᠬᠤᠷᠢ ᠶᠢᠨ ᠲᠤᠷᠤᠭ ᠡᠯᠠ ᠠᠵᠤᠬᠤᠢ ᠪᠤᠤ ᠭᠡᠮᠡᠭᠦᠯᠦᠭᠲᠦᠨ﹀ ᠭᠡᠵᠦ ᠪᠠᠶᠢᠬᠤ ᠨᠢ ︿ᠴᠠᠭᠤᠳ ᠬᠤᠷᠢ  ᠶᠢᠨ ᠪᠠᠶᠢᠳᠠᠯ ᠨᠢ ᠡᠶᠢᠮᠦ ᠯᠠ ᠪᠠᠶᠢᠵᠠᠢ ᠭᠡᠵᠦ ᠪᠤᠤ ᠭᠡᠯᠡᠭᠦᠯᠦᠯ﹀ ᠭᠡᠰᠡᠨ ᠤᠳᠬ᠎ᠠ ᠲᠠᠢ᠃ ᠲᠤᠰ ᠨᠠᠷ᠎ᠠ ᠴᠤᠯᠠ ᠶᠢᠨ ᠦᠭᠡ ᠶᠢ ᠷᠠᠬᠠᠯᠢᠸᠢᠽ᠂ ᠫᠤᠤᠬ᠎ᠠ ᠨᠠᠷ ︿ᠵᠠᠭᠤᠳ ᠬᠤᠷᠢ﹀ ᠪᠤᠶᠤ ᠵᠠᠭᠤᠳᠤ ᠶᠢᠨ ᠲᠠᠷᠤᠭ᠎ᠠ ᠭᠡᠰᠡᠨ ᠦᠭᠡ ᠪᠢᠰᠢ ᠪᠠᠶᠢᠭ᠎ᠠ ᠭᠡᠵᠤ ᠡᠷᠭᠡᠯᠵᠡᠭᠰᠡᠨ ᠪᠠᠶᠢᠨ᠎ᠠ᠃ ᠪᠠᠶᠠᠷ᠂ ᠡᠯᠳᠡᠩᠳᠠᠢ᠂ ᠠᠷᠳᠠᠵᠠᠪ ᠨᠠᠷ ︿ᠵᠠᠭᠤᠳ﹀ ᠭᠡᠳᠡᠭ ᠢ ᠤᠷᠴᠢᠨ ᠴᠠᠭ ᠤᠨ ᠮᠤᠩᠭᠤᠯ ᠬᠡᠯᠡᠨ ᠤ ︿ᠵᠠᠭᠤᠳᠤ﹀ ᠭᠡᠰᠡᠨ ᠦᠭᠡ ᠭᠡᠵᠤ ᠲᠠᠭᠠᠮᠠᠭᠯᠠᠭᠠᠳ ︿ᠵᠠᠭᠤᠳᠤ ᠶᠢᠨ ᠨᠤᠶᠠᠨ ᠪᠤᠶᠤ ᠵᠠᠭᠤᠳᠤ ᠶᠢᠨ ᠲᠦᠰᠢᠮᠠᠯ﹀ ᠢ ᠬᠡᠯᠡᠭᠰᠡᠨ ᠪᠤᠯᠪᠠ ᠤᠤ ᠭᠡᠵᠤ ᠦᠵᠠᠵᠠᠢ᠃ᠢᠷᠢᠨᠴᠢᠨ ᠵᠦᠷᠴᠢᠳ ︵ᠮᠠᠨᠵᠤ︶ ᠬᠡᠯᠡᠨ  ᠳᠠᠬᠢ ᠵᠠᠬᠤᠳ ︿ᠵᠠᠬ᠎ᠠ ᠬᠢᠯᠢᠯᠢᠨ﹀᠂ ᠬᠤᠷᠢ ︿ᠨᠤᠶᠠᠨ﹀ ᠭᠡᠵᠤ ᠲᠠᠶᠢᠯᠪᠤᠷᠢᠯᠠᠵᠠᠢ᠃ ᠮᠠᠨᠰᠠᠩ᠂ ᠫᠢᠯᠯᠤ᠂ ᠡᠯᠳᠡᠩᠳᠡᠢ ᠤᠶᠠᠨᠳᠠᠯᠠᠢ ᠬᠤᠶᠠᠷ ᠤᠨ ︿ᠶᠡᠭᠡ ᠡᠷᠬᠡ ᠰᠠᠭᠤᠷᠢᠳᠠᠢ ᠠᠶᠢᠮᠠᠭ ᠤᠨ ᠢᠶᠠᠨ ᠠᠬᠠᠯᠠᠴᠢ﹀ ᠭᠡᠰᠡᠨ ᠲᠠᠶᠢᠯᠠᠪᠤᠷᠢ ᠶᠢ ᠵᠦᠪᠰᠢᠶᠡᠷᠡᠭᠰᠡᠨ ᠪᠠᠶᠢᠨ᠎ᠠ᠃ ᠫᠤᠤᠬ᠎ᠠ ︿ᠵᠠᠭᠤᠳ﹀ ᠭᠡᠳᠡᠭ ᠢ ᠵᠠᠭᠤ ︵ᠽᠤ᠋︶ + ᠳ᠋᠊ ︵ᠤᠯᠠᠨ ᠲᠤᠭᠠᠨ ᠤ ᠲᠠᠭᠠᠪᠤᠷᠢ︶ ︿ᠬᠤᠷᠢ — ᠴᠡᠷᠢᠭ ᠤᠨ ᠲᠠᠷᠤᠭ᠎ᠠ﹀ ᠭᠡᠰᠡᠨ ᠬᠢᠳᠠᠨ ᠦᠭᠡ ᠭᠡᠵᠤ ᠲᠠᠶᠢᠯᠪᠤᠷᠢᠯᠠᠵᠠᠢ᠃ ᠱ᠊ ᠭᠠᠳᠠᠮᠪᠠ ᠡᠨᠡ ᠰᠡᠭᠦᠯᠴᠢ ᠶᠢᠨ ᠲᠠᠶᠢᠯᠪᠤᠷᠢ ᠶᠢ ᠵᠦᠪ ᠭᠡᠵᠤ ᠪᠠᠷᠢᠮᠳᠤᠯᠠᠭᠰᠠᠨ ᠪᠦᠭᠡᠳ ᠤᠴᠢᠷ ᠨᠢ ᠠᠯᠠᠬᠤᠰᠢ ᠲᠢᠭᠡᠳ ᠬᠤᠷᠢ ᠭᠡᠰᠡᠨ ᠬᠦᠮᠦᠨ ᠤ ᠨᠠᠷ᠎ᠠ ᠳᠤ ᠮᠥᠨ ᠬᠤᠷᠢ ︵ᠲᠠᠷᠤᠭ᠎ᠠ︶ ᠭᠡᠰᠡᠨ ᠦᠭᠡ ᠪᠠᠶᠢᠭ᠎ᠠ ᠶᠢ ᠪᠠᠷᠢᠮᠳᠤᠯᠠᠭᠰᠠᠨ ᠲᠡᠭᠡᠷ᠎ᠠ ᠬᠢᠳᠠᠨ ᠨᠠᠷ ᠮᠤᠩᠭᠤᠯ ᠠᠶᠢᠮᠠᠭ ᠪᠠᠶᠢᠭᠰᠠᠨ ᠲᠤᠯᠠ ︿ᠵᠠᠭᠤᠳ﹀ ᠭᠡᠳᠡᠭ ᠨᠢ ᠦᠨᠡᠭᠡᠷ ᠵᠠᠭᠤᠳᠤ ᠭᠡᠰᠡᠨ ᠦᠭᠡ ᠪᠠᠶᠢᠭᠰᠠᠨ ᠪᠤᠯᠤᠨ᠎ᠠ ᠭᠡᠵᠤ ᠦᠵᠡᠭᠰᠡᠨ ᠳᠤ ᠪᠤᠢ᠃ ᠬᠠᠷᠢᠨ ᠯᠤᠪᠰᠠᠩᠳᠠᠨᠽᠠᠨ ︿ᠴᠠᠭᠤᠨ ᠲᠦᠷᠦ﹀ ᠭᠡᠳᠡᠭ ᠨᠢ ᠠᠷᠠᠢ ᠡᠷᠭᠡᠯᠵᠡᠭᠡᠳᠠᠢ ᠭᠡᠵᠤ ᠪᠤᠳᠤᠪᠠ ᠭᠡᠵᠤ ᠱ᠊ ᠭᠠᠳᠠᠮᠪᠠ ᠦᠵᠡᠭᠰᠡᠨ ᠪᠠᠶᠢᠳᠠᠭ᠃ ᠮᠥᠨ ᠴᠦ招讨使,节度使,汉人队长,前锋司令 ᠭᠡᠵᠤ ᠲᠠᠶᠢᠯᠪᠤᠷᠢᠯᠠᠭᠰᠠᠨ ᠪᠠᠶᠢᠳᠠᠭ᠃            ᠴᠢᠩᠭᠢᠰ ᠬᠠᠭᠠᠨ ᠪᠤᠯᠤᠨ ᠲᠤᠭᠤᠷᠢᠯ ᠬᠠᠨ ᠬᠤᠶᠠᠷ ᠠᠯᠳᠠᠨ ᠤᠯᠤᠰ ᠲᠠᠲ᠋ᠠᠷ ᠢ ᠴᠤᠬᠢᠭᠰᠠᠨ ᠵᠠᠪᠰᠢᠶᠠᠨ ᠢᠶᠠᠷ ᠡᠷᠳᠡ ᠲᠡᠭᠡᠳᠦᠰ ᠢ ᠨᠢ ᠬᠤᠤᠷᠯᠠᠭᠰᠠᠨ ᠲᠠᠲ᠋ᠠᠷ ᠨᠠᠷ ᠠᠴᠠ ᠦᠰᠢᠯ ᠦᠰᠢᠨ᠂ ᠬᠢᠰᠠᠯ ᠬᠢᠰᠠᠨ ᠦᠰᠢᠶ᠎ᠠ ᠪᠠᠨ ᠠᠪᠤᠭᠰᠠᠨ ᠪᠠᠶᠢᠵᠠᠢ᠃ ᠪᠢᠳᠠ ᠡᠶᠢᠭᠡᠵᠦ ᠪᠤᠳᠤᠯᠬᠢᠯᠠᠵᠤ ᠪᠤᠯᠬᠤ ᠦᠨᠳᠦᠰᠦ ᠪᠠᠷᠢᠮᠳᠠ ᠲᠠᠢ ᠪᠠᠶᠢᠨ᠎ᠠ᠃ ᠴᠢᠩᠭᠢᠰ ᠬᠠᠭᠠᠨ ᠪᠤᠯᠤᠨ ᠲᠤᠭᠤᠷᠢᠯ ᠬᠠᠨ ᠬᠤᠶᠠᠷ ᠲᠤ ᠤᠩᠭᠢᠩ ᠴᠢᠩᠰᠠᠩ ᠶᠠᠭᠠᠬᠢᠨ ᠴᠤᠯᠠ ᠨᠠᠷ᠎ᠠ ᠤᠯᠭᠤᠬᠤ ᠡᠷᠭᠡ ᠪᠠᠶᠢᠬᠤ ᠪᠤᠢ᠂ ᠴᠤᠯᠠ ᠨᠠᠷ᠎ᠠ ᠶᠢ ᠠᠯᠳᠠᠨ ᠤᠯᠤᠰ ᠤᠨ ᠬᠠᠭᠠᠨ ᠠᠴᠠ ᠤᠯᠭᠤᠬᠤ ᠶᠤᠰᠤᠳᠠᠢ ᠪᠠᠶᠢᠳᠠᠯ᠎ᠠ ᠡᠨᠡᠬᠦ ᠲᠦᠰᠢᠮᠠᠯ ᠴᠢᠩᠭᠢᠰ ᠬᠠᠭᠠᠨ ᠪᠤᠯᠤᠨ ᠲᠤᠭᠤᠷᠢᠯ ᠬᠠᠭᠠᠨ ᠳᠤ ᠴᠤᠯᠠ ᠤᠯᠭᠤᠬᠤ ᠡᠷᠭᠡ ᠪᠠᠶᠢᠬᠤ ᠦᠭᠡᠢ᠂ ᠭᠡᠷᠪᠠ ᠴᠤᠯᠠ ᠤᠯᠭᠤᠯ᠎ᠠ ᠭᠡᠵᠤ ᠦᠵᠡᠬᠦ ᠳᠤ ᠬᠦᠷᠪᠠᠯ ᠲᠤᠰ ᠴᠤᠯᠠ ᠨᠢ ᠬᠤᠭᠤᠰᠤᠨ ᠮᠠᠭᠳᠠᠭᠠᠯ ᠪᠤᠯᠵᠤ ᠲᠠᠭᠠᠷᠠᠨ᠎ᠠ᠃ 招讨使,节度使 ᠭᠡᠭᠦ ᠮᠡᠳᠦ ᠵᠠᠷᠭᠡ ᠲᠤᠰᠢᠶᠠᠯ ᠪᠣᠯ ᠲᠡᠳᠡᠨ ᠤ ᠬᠢᠯᠢ ᠬᠢᠵᠠᠭᠠᠷ ᠳᠠᠬᠢ ᠴᠡᠷᠢᠭ ᠤᠨ ᠵᠠᠬᠢᠷᠭᠠᠨ ᠳᠤ ᠲᠤᠮᠢᠯᠠᠭᠳᠠᠭᠰᠠᠨ ᠬᠦᠮᠦᠨ ᠳᠤ ᠦᠭᠭᠦ ᠲᠤᠰᠢᠶᠠᠯ ᠪᠤᠯᠬᠤ ᠠᠴᠠ ᠪᠢᠰᠢ ᠠᠯᠳᠠᠨ ᠤᠯᠤᠰ ᠠᠴᠠ ᠬᠤᠯᠠ ᠪᠠᠶᠢᠬᠤ ᠮᠤᠩᠭᠤᠯ ᠠᠶᠢᠮᠠᠭ ᠤᠨ ᠬᠠᠭᠠᠨ ᠳᠤ ᠡᠶᠢᠮᠦ ᠲᠤᠰᠢᠶᠠᠯ ᠴᠤᠯᠠ‌ᠦᠭᠭᠦ ᠪᠤᠯᠤᠯᠴᠠᠭ᠎ᠠ ᠦᠭᠡᠢ᠃ ᠲᠤᠭᠤᠷᠢᠯ ᠤᠨ ᠬᠤᠪᠢ ᠳᠤ ᠠᠪᠴᠦ ᠬᠡᠯᠡᠪᠡᠯ ᠤᠩᠭᠢᠩ ᠴᠢᠩᠰᠠᠩ ᠲᠤᠰᠢᠶᠠᠯ ᠴᠤᠯᠠ ᠦᠭᠭᠦ ᠠᠴᠠ ᠡᠮᠦᠨ᠎ᠠ ᠨᠢᠭᠡᠨᠳᠠ ᠭᠡᠷᠡᠶᠢᠳ ᠤᠨ ᠬᠠᠨ ᠪᠤᠯᠤᠭᠰᠠᠨ ᠢ ᠪᠢᠳᠠ ᠮᠡᠳᠡᠳᠡᠭ᠃ ᠤᠤᠯ ᠤᠨ ᠬᠡᠶᠢᠷᠠᠳ ᠤᠨ ᠬᠠᠨ ᠳᠤ ᠲᠠᠬᠢᠨ ᠬᠠᠨ ᠴᠤᠯᠠ ᠤᠯᠭᠤᠬᠤ ᠶᠤᠰᠤ ᠦᠭᠡᠢ ᠨᠢ ᠮᠡᠳᠡᠭᠡᠵᠢ ᠶᠤᠮ᠃ ᠴᠢᠩᠭᠢᠰ ᠬᠠᠭᠠᠨ ᠳᠤ ᠤᠯᠭᠤᠭᠰᠠᠨ ᠵᠠᠭᠤᠳ ᠬᠤᠷᠢ ᠭᠡᠳᠡᠭ ᠴᠤᠯᠠ ᠶᠢ ᠲᠤᠷᠤᠨᠠᠲ᠋ᠢᠪ ᠪᠠᠷ ︿ᠠᠯᠳᠠᠨ ᠤᠯᠤᠰ ᠠᠴᠠ ᠮᠤᠩᠭᠤᠯ ᠢᠶᠠᠷ ᠴᠤᠯᠠ ᠦᠭᠭᠦ ᠨᠢ ᠰᠡᠳᠬᠢᠭᠳᠡᠰᠢ ᠦᠭᠡᠢ ᠬᠡᠷᠡᠭ᠂ ᠡᠨᠡ ᠪᠤᠯ ᠮᠤᠩᠭᠤᠯ ᠲᠠᠭᠤᠳᠠᠯᠭ᠎ᠠ ᠲᠠᠢ ᠪᠤᠯᠤᠭᠰᠠᠨ ᠬᠢᠳᠠᠳ ᠦᠭᠡ ᠪᠤᠯᠤᠨ᠎ᠠ﹀ ᠭᠡᠵᠤ ᠦᠵᠡᠭᠰᠡᠨ ᠪᠠᠶᠢᠳᠠᠭ᠃            ᠲᠤᠰ ᠦᠭᠡ ᠨᠢ ᠮᠡᠭᠦᠰ‌ᠮᠢᠨᠦ ᠦᠵᠡᠬᠦ ᠪᠠᠷ ︿ᠮᠤᠩᠭᠤᠯ ᠦᠭᠡ ᠪᠤᠰᠤ᠂ ᠨᠡᠩ ᠴᠤ ᠬᠢᠳᠠᠳ ᠦᠭᠡ ᠪᠤᠰᠤ᠂ ᠬᠠᠷᠢᠨ ᠲᠦᠷᠦᠭ ᠲᠦᠷᠦᠯ ᠬᠡᠯᠡᠨ ᠳᠤ ᠪᠠᠶᠢᠳᠠᠭ ᠴᠠᠪᠳᠬᠤᠷᠢ᠂ ᠲᠠᠷᠤᠢ ᠤᠳᠬ᠎ᠠ ᠨᠢ ᠴᠠᠪᠴᠢᠬᠤ᠂ ᠲᠤᠪᠳᠤᠯᠠᠬᠤ᠂ ᠲᠠᠭᠠᠷᠢᠬᠤ ᠭᠡᠰᠡᠨ察兀 ᠢᠵᠠᠭᠤᠷ ᠲᠠᠢ ᠦᠭᠡ ᠪᠤᠯᠤᠨ᠎ᠠ᠂ ᠬᠠᠷᠢᠨ ᠬᠤᠷᠢ ᠭᠡᠳᠡᠭ ᠨᠢ ᠲᠦᠷᠦᠭ ᠲᠦᠷᠦᠯ ᠬᠡᠯᠡᠨ ᠤ ᠺᠠᠽᠠᠭ ᠬᠡᠯᠡᠨ ᠳᠤ ᠪᠠᠶᠢᠳᠠᠭ ᠠᠷᠠᠰᠢ ︵ᠰᠠᠬᠢᠭᠤᠯᠰᠤᠨ︶ ᠭᠡᠳᠡᠭ ᠦᠭᠡ ᠪᠤᠯᠤᠭᠠᠳ ︿ᠲᠠᠶᠢᠯᠠᠭᠴᠢ ᠠᠷᠰᠢ ﹀ ᠭᠡᠰᠡᠨ ᠤᠳᠬ᠎ᠠ ᠲᠠᠢ ᠶᠤᠮ᠃ ᠴᠢᠩᠭᠢᠰ ᠪᠠ ᠲᠤᠭᠤᠷᠢᠯ ᠳᠤ ᠠᠳᠠᠯᠢ ᠨᠢᠭᠡ ᠬᠡᠷᠡᠭ ᠲᠤ ︵ᠲᠠᠭᠦᠨ ᠢ ᠲᠤᠰᠯᠠᠯᠴᠠᠨ ᠲᠠᠲ᠋ᠠᠷ ‍ᠣᠨ‌ᠮᠡᠭᠦᠵᠢᠨ ᠰᠡᠭᠦᠯᠳᠦ ᠶᠢ ᠠᠯᠠᠵᠤ ᠦᠭᠭᠦᠭᠰᠡᠨ︶᠂ ᠠᠳᠠᠯᠢ ᠨᠢᠭᠡ ᠴᠠᠭ ᠲᠤ ᠬᠤᠶᠠᠭᠤᠯᠠ ᠳᠤ ᠨᠢ ᠨᠢᠭᠡ ᠬᠡᠯᠡᠨ ᠤ ᠴᠤᠯᠠ ᠤᠯᠭᠤᠬᠤ ᠪᠤᠯᠤᠯᠴᠠᠭ᠎ᠠ ᠲᠠᠢ ᠪᠠᠶᠢᠨ᠎ᠠ᠃ ᠲᠤᠭᠤᠷᠢᠯ ᠳᠤ ᠤᠯᠭᠤᠭᠰᠠᠨ ᠤᠩ ᠭᠡᠭᠴᠢ ᠨᠢ ᠪᠠᠷᠠᠭᠤᠨ᠂ ᠤᠮᠠᠷᠳᠤ᠂ ᠬᠤᠶᠢᠳᠤ ᠭᠡᠳᠡᠭ ᠲᠦᠷᠦᠭ ᠲᠦᠷᠦᠯ ᠬᠡᠯᠡᠨ ᠤ ᠦᠭᠡ᠂ ᠲᠠᠷᠤᠢ ᠤᠮᠠᠷᠳᠤ ᠶᠢᠨ ᠬᠠᠨ ᠭᠡᠰᠡᠨ ᠮᠠᠭᠳᠠᠭᠠᠯ ᠦᠭᠡ ᠪᠠᠶᠢᠵᠦ᠂ ᠪᠦᠭᠦ ᠤᠮᠠᠷᠳᠤ ᠤᠷᠤᠨ ᠳᠤ ᠪᠠᠶᠢᠭᠰᠠᠨ᠂ ᠨᠠᠷᠢᠨ ᠶᠠᠷᠢᠪᠠᠯ ᠮᠤᠩᠭᠤᠯ ᠤᠨ ᠦᠨᠳᠦᠷᠯᠢᠭ  ᠲᠤ ᠪᠠᠶᠢᠭᠰᠠᠨ ᠠᠯᠢᠪᠠ ᠠᠶᠢᠮᠠᠭ ᠤᠨ ᠶᠡᠭᠡ ᠬᠠᠨ ᠭᠡᠰᠡᠨ ᠬᠡᠢ ᠬᠤᠭᠤᠰᠤᠨ ᠮᠠᠭᠳᠠᠭᠠᠯ ᠴᠤᠯᠠ ᠪᠠᠶᠢᠵᠦ ᠲᠠᠭᠠᠷᠠᠨ᠎ᠠ᠃ ᠡᠨᠡ ᠨᠢ ᠲᠤᠰ ᠴᠤᠯᠠ ᠶᠢ ᠬᠠᠷᠢ ᠶᠢ ᠬᠠᠷᠢ ᠪᠠᠷ ᠵᠠᠰᠠᠬᠤ ᠪᠤᠳᠤᠯᠭ᠎ᠠ ᠲᠠᠢ ᠠᠯᠳᠠᠨ ᠤᠯᠤᠰ ᠤᠨ ᠲᠦᠰᠢᠮᠠᠯ ᠤᠩᠭᠢᠩ ᠴᠢᠩᠰᠠᠩ ᠭᠡᠭᠴᠢ ᠪᠠᠷ ᠬᠡᠷᠢᠶᠠᠳ ᠪᠤᠯᠤᠨ ᠮᠤᠩᠭᠤᠯ ᠤᠨ ᠡᠪ ᠨᠠᠷᠠᠶᠢᠮᠳᠠᠯ ᠠᠴᠠ ᠡᠮᠢᠶᠠᠵᠦ ᠬᠤᠭᠤᠷᠤᠨᠳᠤ  ᠨᠢ ᠬᠤᠳᠬᠤᠨ ᠵᠠᠪᠰᠢᠭᠤᠷᠳᠠᠭᠤᠯᠬᠤ ᠰᠠᠨᠠᠭ᠎ᠠ ᠪᠠᠷ ᠴᠢᠩᠭᠢᠰ ᠠᠴᠠ ᠲᠡᠭᠡᠷ᠎ᠠ ᠴᠤᠯᠠ ᠤᠯᠭᠤᠭᠰᠠᠨ ᠪᠠᠶᠢᠨ᠎ᠠ᠃ ᠤᠩ ᠬᠠᠨ ᠭᠡᠭᠴᠢ ᠶᠡᠭᠡ ᠴᠤᠯᠠ ᠳᠠᠭᠠᠨ ᠡᠷᠳᠦᠵᠦ ᠲᠤᠭᠤᠷᠢᠯ ᠬᠠᠨ ᠬᠡᠳᠦᠢ ᠤᠳᠠᠭ᠎ᠠ ᠬᠦᠤ ᠰᠡᠩᠭᠦᠮ ᠲᠠᠢ ᠪᠠᠨ ᠬᠤᠶᠠᠭᠤᠯᠠ ᠴᠢᠩᠭᠢᠰ ᠬᠠᠭᠠᠨ ᠤᠷᠤᠭᠤ ᠬᠢᠳᠤᠭ᠎ᠠ ᠪᠠᠨ ᠪᠤᠷᠤᠭᠤ ᠡᠰᠢᠯᠡᠭᠰᠡᠨ ᠠᠵᠢᠯᠯᠠᠭ᠎ᠠ ᠨᠢ ᠴᠢᠩᠭᠢᠰ ᠬᠠᠭᠠᠨ  ᠲᠠᠢ ᠵᠢᠯᠤᠭᠤ ᠪᠤᠯᠢᠶᠠᠯᠳᠤᠭᠰᠠᠨ ᠶᠠᠪᠤᠳᠠᠯ ᠠᠴᠠ ᠰᠢᠯᠳᠠᠭᠠᠯᠠᠵᠤ ᠮᠡᠳᠠᠨ᠎ᠠ ᠭᠡᠵᠤ ᠦᠵᠡᠮᠦᠢ᠃            ᠠᠳᠠ ᠪᠢᠳᠠ‌ᠤᠩᠭᠢᠩ ᠴᠢᠩᠰᠠᠩ ᠶᠠᠮᠠᠷ ᠪᠠᠶᠢᠳᠠᠯ ᠶᠢᠨ ᠲᠤᠷ᠎ᠠ ᠲᠤᠭᠤᠷᠢᠯ ᠪᠤᠯᠤᠨ ᠴᠢᠩᠭᠢᠰ ᠳᠤ ᠴᠤᠯᠠ ᠥᠭᠭᠦᠭᠰᠡᠨ ᠪᠤᠢ︖ ᠠᠯᠳᠠᠨ ᠤᠯᠤᠰ ᠵᠢᠨ‌ᠤᠩᠭᠢᠩ ᠴᠢᠩᠰᠠᠩ ᠶᠠᠮᠠᠷ ᠨᠢᠭᠡ ᠮᠤᠩᠭᠤᠯ ᠤᠨ ᠠᠶᠢᠮᠠᠭ ᠪᠤᠶᠤ ᠪᠦᠭᠦ ᠮᠤᠩᠭᠤᠯ ᠤᠨ ᠡᠯ᠎ᠠ ᠠᠶᠢᠮᠠᠭ ᠶᠢ ᠬᠠᠷᠢᠶᠠᠨ ᠳᠠᠭᠠᠨ ᠤᠷᠤᠭᠤᠯᠤᠵᠦ ᠠᠪᠬᠤ ᠪᠠᠷ ᠮᠤᠩᠭᠤᠯ ᠤᠷᠤᠨ ᠳᠤ ᠤᠳᠤᠭᠰᠠᠨ ᠪᠢᠰᠢ ᠬᠠᠷᠢᠨ ᠬᠠᠭᠠᠨ ᠤ ᠵᠠᠷᠯᠢᠭ ᠢᠶᠠᠷ ᠲᠡᠳᠡᠨ ᠠᠴᠠ ᠤᠷᠪᠠᠭᠰᠠᠨ ᠲᠠᠲ᠋ᠠᠷ ᠤᠨ ᠮᠡᠭᠦᠵᠢᠨ ᠰᠠᠭᠦᠯᠲᠦ ᠶᠢ ᠨᠡᠭᠡᠨ ᠴᠤᠭᠢᠭᠰᠠᠨ ᠲᠠᠶᠢᠨ ᠤ ᠭᠡᠷᠡᠭᠴᠡᠭᠡ ᠠᠴᠠ ᠪᠤᠯᠤᠭᠰᠠᠨ ᠪᠤᠯᠬᠤᠷ ᠮᠤᠩᠭᠤᠯ ᠶᠢᠨ ᠥᠨᠳᠦᠷᠯᠢᠭ ᠳᠠᠬᠢ ᠠᠯᠢᠪᠠ ᠠᠶᠢᠮᠠᠭ  ᠶᠢᠨ ᠬᠠᠨ᠂ ᠲᠦᠮᠡᠲᠦ᠂ ᠮᠢᠩᠭᠠᠲᠦ᠂ ᠵᠠᠭᠤᠲᠦ᠂ ᠠᠷᠪᠠᠲᠦ ᠵᠢᠨ‌ᠨᠤᠶᠠᠨ᠂ ᠪᠠᠭᠢ ᠡᠷᠭᠦᠮᠵᠢᠯᠡᠭᠦ ᠳᠤ ᠤᠳᠤᠭᠰᠠᠨ ᠪᠢᠰᠢ ᠭᠡᠳᠡᠭ ᠢ ᠠᠩᠬᠠᠷᠠᠯ ᠳᠠᠭᠠᠨ ᠠᠪᠬᠤ ᠭᠡᠷᠡᠭᠲᠠᠢ᠃ ᠮᠥᠨ ᠴᠤ ᠮᠡᠭᠦᠵᠢᠨ ᠰᠡᠭᠦᠯᠲᠦ ᠢ ᠪᠠᠷᠢᠵᠦ ᠠᠯᠠᠵᠦ ᠥᠰᠢᠶ᠎ᠡ ᠠᠪᠴᠦ ᠴᠢᠳᠠᠯ ᠦᠭᠡᠢ ︵ᠮᠡᠭᠦᠵᠢᠨ ᠰᠡᠭᠦᠯᠲᠦ ᠤᠷᠪᠠᠭ᠋ᠤ ᠳᠠᠭᠠᠨ ᠯᠠᠪ ᠪᠠᠭ᠎ᠠ ᠪᠤᠰᠦ ᠠᠯᠳᠠᠨ ᠤᠯᠤᠰ ᠲᠤ ᠬᠤᠭᠢᠷᠠᠯ ᠤᠴᠢᠷᠠᠭᠤᠯᠤᠭᠰᠠᠨ ᠭᠡᠷᠡᠭ ᠪᠠᠶᠢᠬᠤ ᠤ ᠮᠡᠳᠡᠭᠡᠵᠢ ᠶᠢᠨ ᠭᠡᠷᠡᠭ︶ ᠪᠡᠷᠭᠡᠳᠤᠵᠦ ᠶᠠᠪᠤᠭᠰᠠᠨ ᠳᠤ ᠲᠠᠭᠦᠨ ᠳᠤ ᠲᠡᠮᠵᠢᠯ ᠪᠤᠯᠵᠦ ᠴᠢᠩᠭᠢᠰ ᠬᠠᠭᠠᠨ ᠪᠤᠯᠤᠨ ᠲᠤᠭᠤᠷᠢᠯ ᠬᠠᠨ ᠬᠤᠶᠠᠷ ᠠᠯᠳᠠᠨ ᠤᠯᠤᠰ ᠲᠠᠲ᠋ᠠᠷ ᠢ ᠴᠤᠬᠢᠭᠰᠠᠨ ᠵᠠᠪᠰᠢᠶᠠᠨ ᠢᠶᠠᠷ ᠡᠷᠳᠡ ᠲᠡᠭᠡᠳᠦᠰ ᠢ ᠨᠢ ᠬᠤᠤᠷᠯᠠᠭᠰᠠᠨ ᠲᠠᠲ᠋ᠠᠷ ᠨᠠᠷ ᠠᠴᠠ ᠦᠰᠢᠯ ᠦᠰᠢᠨ᠂ ᠬᠢᠰᠠᠯ ᠬᠢᠰᠠᠨ ᠦᠰᠢᠶ᠎ᠠ ᠪᠠᠨ ᠠᠪᠤᠭᠰᠠᠨ ᠭᠡᠷᠡᠭ ᠶᠤᠮ᠃ ᠨᠢᠭᠡ ᠠᠮᠠᠨ ᠦᠭᠡ ᠪᠠᠷ ᠭᠡᠯᠡᠪᠡᠯ ᠵᠠᠪᠰᠢᠶᠠᠨ ᠠᠰᠢᠭᠯᠠᠵᠦ ᠲᠠᠲ᠋ᠠᠷ ᠨᠠᠷ ᠠᠴᠠ ᠦᠰᠢᠶ᠎ᠠ  ᠪᠠᠨ ᠠᠪᠤᠭᠰᠠᠨ ᠠᠴᠠ ᠪᠢᠰᠢ ᠠᠯᠳᠠᠨ ᠤᠯᠤᠰ ᠳᠤ ᠵᠢᠭᠤᠳᠤᠵᠦ ᠲᠡᠮᠵᠢᠭᠰᠡᠨ ᠪᠤᠶᠤ ᠲᠠᠳᠡᠨ ᠤ ᠵᠠᠷᠯᠢᠭ ᠢᠶᠠᠷ ᠪᠤᠯᠤᠭᠰᠠᠨ ᠭᠡᠷᠡᠭ ᠪᠢᠰᠢ ᠶᠤᠮ᠃ ᠲᠡᠶᠢᠮᠦ ᠠᠴᠠ ᠠᠯᠳᠠᠨ ᠤᠯᠤᠰ ᠶᠢᠨ ᠲᠦᠰᠢᠮᠡᠯ ᠲᠠᠭᠠᠷᠠᠭᠰᠠᠨ ᠪᠢᠶ᠎ᠡ ᠳᠤ ᠨᠢ ᠲᠠᠬᠤ ᠭᠦᠷᠦᠭᠡᠭᠰᠠᠨ ᠲᠠᠳᠡᠨ ᠬᠤᠶᠠᠷ ᠲᠤ ᠲᠠᠯᠠᠷᠬᠠᠯ ᠮᠡᠳᠡᠭᠦᠯᠡᠵᠦ ᠪᠠᠭ᠎ᠠ ᠪᠤᠰᠤ ᠪᠡᠯᠡᠭ ᠥᠭᠭᠦᠭᠰᠠᠨ ᠪᠠ ᠭᠢᠢ ᠬᠤᠭᠤᠰᠤᠨ‌ᠮᠠᠭᠳᠠᠭᠠᠯ ᠡᠷᠭᠦᠮᠵᠢ ᠴᠤᠯᠠ ᠥᠭᠭᠦᠭᠰᠠᠨ ᠲᠠᠳᠤᠢ ᠶᠤᠮ᠃ ᠴᠢᠩᠭᠢᠰ ᠬᠠᠭᠠᠨ ᠳᠤ ︿ᠴᠠᠭᠤᠳ ᠬᠤᠷᠢ﹀ ᠴᠤᠯᠠ ᠤᠯᠭᠤᠭᠰᠠᠨ ᠤ ᠲᠠᠭᠦᠨ ᠤ ᠲᠠᠶᠢᠨ ᠪᠠᠶᠢᠯᠳᠠᠭᠠᠨ ᠳᠤ ᠬᠤᠷᠴᠠ ᠱᠠᠯᠠᠮᠭᠠᠢ᠂ ᠡᠷᠡᠯᠭᠡᠭ ᠪᠠᠭᠠᠲᠤᠷ᠂ ᠲᠤᠭᠳᠠᠭᠤᠨ ᠪᠤᠯᠭᠤᠮᠵᠢᠲᠠᠢ᠂ ᠰᠦᠷ ᠵᠢᠪᠬᠤᠯᠠᠩ ᠲᠠᠢ ᠲᠦᠷᠦᠭᠦ ᠪᠠᠶᠢᠳᠠᠯ ᠶᠢ ᠦᠵᠡᠵᠦ ᠥᠭᠭᠦᠭᠰᠠᠨ ᠮᠠᠭᠳᠠᠭᠠᠯ ᠴᠤᠯᠠ ᠭᠡᠵᠦ ᠦᠵᠡᠪᠡᠯ ᠲᠠᠭᠠᠷᠨ᠎ᠠ᠃          ᠲᠤᠰ ᠴᠢᠩᠭᠢᠰ ᠬᠠᠭᠠᠨ ᠳᠤ ᠤᠯᠭᠤᠭᠰᠠᠨ ᠴᠤᠯᠠ ᠳᠤ ᠬᠤᠷᠢ ᠭᠡᠰᠡᠨ ᠨᠢ ᠮᠥᠨ ᠴᠤᠯᠠ ᠪᠤᠯᠬᠤ ᠨᠢ ᠮᠡᠳᠡᠭᠳᠡᠵᠦ ᠪᠠᠶᠢᠨ᠎ᠠ᠃ ︽ᠲᠤᠪᠴᠢᠶᠠᠨ︾ ᠳᠤ ᠬᠤᠷᠢ ᠴᠤᠯᠠ ᠲᠠᠢ ᠬᠦᠮᠦᠨ ᠠᠷᠪᠢᠨ ᠲᠤᠬᠢᠶᠠᠯᠳᠤᠨ᠎ᠠ᠃ ᠵᠢᠱᠢᠶᠠᠯᠠᠪᠠᠯ ᠤᠩᠭᠤᠳ ᠤᠨ ᠠᠬᠠᠯᠠᠴᠢ ᠠᠯᠬᠤᠰᠢ ᠲᠢᠭᠢᠳ ᠬᠤᠷᠢ᠂ ᠬᠡᠷᠡᠶᠢᠳ ᠤᠨ ᠬᠤᠶᠢᠷᠠᠬᠤᠷᠢ ᠭᠡᠬᠦ ᠮᠡᠳᠦ᠃ ᠲᠤᠰ ᠬᠤᠷᠢ ᠭᠡᠳᠡᠭ ᠨᠢ ᠲᠦᠷᠦᠭ ᠲᠥᠷᠦᠯ ᠤᠨ ᠬᠡᠯᠡᠨ ᠤ ᠺᠠᠽᠠᠭ ᠬᠡᠯᠡᠨ ᠳᠤ ᠪᠠᠶᠢᠳᠠᠭ ᠠᠷᠠᠰᠢ ᠭᠡᠭᠦ ᠦᠭᠡ ᠪᠠᠶᠢᠵᠦ ᠤᠩᠭᠤᠳ ᠤᠨ ᠠᠬᠠᠯᠠᠴᠢ ᠠᠯᠬᠤᠰᠢ ᠲᠡᠭᠢᠳ ᠬᠤᠷᠢ ᠭᠡᠬᠦ ᠨᠢ ᠠᠯᠠᠭ ᠰᠢᠪᠠᠭᠤ ᠴᠤᠯᠠ ᠲᠠᠢ ᠲᠢᠭᠡᠳ ᠬᠤᠷᠢ ︵ᠺᠠᠽᠠᠭ ᠬᠡᠯᠡᠨ ᠳᠤ ᠴᠠᠭᠠᠨ ᠶᠠᠰᠤᠳᠠᠨ ᠠᠷᠠᠰᠢ︶᠂ ᠬᠡᠷᠡᠶ᠋ᠢᠳ ᠤᠨ ᠬᠤᠪᠠᠷᠢᠬᠤᠷᠢ ᠭᠡᠳᠡᠭ ᠨᠢ ᠤᠳᠬ᠎ᠠ ᠨᠢ ᠭᠦᠭᠡᠭᠡᠴᠢ ᠠᠷᠰᠢ᠂ ᠦᠯᠳᠡᠭᠴᠢ ᠠᠷᠰᠢ ᠭᠡᠰᠡᠨ ᠦᠭᠡ ᠪᠤᠯᠤᠨ᠎ᠠ᠃            ᠬᠤᠶᠠᠷ᠂ ︽ᠴᠠᠭᠤᠷᠬᠠᠨ︾᠂ ︽ᠴᠠᠭᠤᠷ ᠪᠠᠭᠢ︾ ᠭᠡᠭᠦ ᠨᠡᠷ᠎ᠠ ᠶᠢᠨ ᠲᠤᠬᠠᠢ          ︵ᠨᠢᠭᠡ︶᠂︽ᠴᠠᠭᠤᠷᠬᠠᠨ︾ ᠡᠨᠠ ᠪᠤᠯ ᠭᠦᠮᠦᠨ ᠤ ᠨᠡᠷ᠎ᠠ ᠮᠥᠨ᠃ ᠲᠡᠷᠠ ᠪᠤᠯ ᠤᠷᠢᠳᠠ ᠵᠠᠮᠤᠬ᠎ᠠ ᠶᠢᠨ ᠲᠡᠨᠳᠠ ᠪᠠᠶᠢᠭᠰᠠᠨ ᠪᠥᠭᠡᠳ ᠤᠷᠢᠶᠠᠩᠬᠠᠲᠠᠢ ᠵᠠᠷᠴᠢᠭᠤᠲᠠᠢ ᠡᠪᠦᠭᠡᠨ ᠤ ᠭᠦᠤ᠂ ᠵᠡᠯᠮ᠎ᠠ ᠶᠢᠨ ᠲᠠᠭᠦᠤ ᠪᠤᠯᠤᠨ᠎ᠠ᠃ ᠲᠦᠷᠦᠭᠴᠢᠳ ᠤ ᠨᠤᠶᠠᠷᠬᠠᠯ ᠲᠠᠭᠤᠰᠠᠵᠦ ᠮᠤᠩᠭᠤᠯ ᠭᠡᠯᠡᠳᠡᠨ ᠲᠡᠳᠡᠨ ᠤ ᠨᠤᠶᠠᠷᠬᠠᠯ ᠠᠴᠠ ᠰᠠᠯᠤᠭᠰᠠᠨ ᠪᠤᠯᠪᠠᠴᠤ ᠲᠤᠬᠠᠢ ᠶᠢᠨ ᠦᠶ᠎ᠡ ᠳᠤ ᠮᠤᠩᠭᠤᠯ ᠤᠨ ᠲᠠᠷᠬᠠᠢ ᠪᠤᠳᠠᠷᠬᠠᠢ ᠤᠯᠠᠨ ᠠᠶᠢᠮᠠᠭ ᠤᠳᠠᠭᠠᠨ ᠤᠨ ᠵᠤᠵᠠᠭᠠᠨ ᠬᠤᠨᠤᠭ ᠨᠢᠭᠡᠳᠦᠯᠲᠠᠢ ᠨᠢᠭᠡ ᠤᠯᠤᠰ ᠪᠤᠯᠤᠭᠠᠳ ᠦᠭᠡᠢ ᠠᠴᠠ ᠨᠢᠭᠡᠳᠦᠯᠲᠠᠢ ᠨᠢᠭᠡ ᠤᠯᠤᠰ ᠪᠤᠯᠬᠤ ᠶᠢ ᠭᠦᠰᠡᠵᠦ ᠪᠠᠶᠢᠭᠰᠠᠨ ᠮᠤᠩᠭᠤᠯ ᠤᠨ ᠡᠯ᠎ᠠ ᠠᠶᠢᠮᠠᠭ ᠲᠤᠬᠠᠢ ᠶᠢᠨ ᠦᠶ᠎ᠡ ᠳᠡᠭᠡᠨ ᠡᠨᠡᠭᠦ ᠭᠦᠰᠡᠯ ᠡᠷᠡᠮᠵᠡᠯᠡᠯ ᠢᠶᠠᠨ ᠨᠢᠭᠡ ᠭᠡᠰᠡᠭ ᠢ ᠵᠠᠮᠤᠬ᠎ᠠ ᠲᠡᠭᠡᠷ᠎ᠠ ᠲᠠᠯᠪᠢᠵᠦ ᠨᠢᠭᠡ ᠭᠡᠰᠡᠭ ᠠᠶᠢᠮᠠᠭ ᠤᠲᠤᠭ ᠴᠢᠩᠭᠢᠰ ᠲᠡᠭᠡᠷ᠎ᠠ ᠲᠠᠯᠪᠢᠵᠦ ᠬᠤᠶᠠᠷ ᠲᠡᠰᠢ ᠠᠩᠭᠢᠵᠢᠷᠠᠭᠰᠠᠨ  ᠠᠴᠠ ᠲᠡᠷᠠ ᠪᠠᠷ ᠵᠠᠮᠤᠬ᠎ᠠ ᠠᠴᠠ ᠭᠤᠷᠢ ᠲᠠᠰᠤᠷᠠᠵᠤ ᠠᠬ᠎ᠠ ᠵᠡᠯᠮ᠎ᠡ ᠪᠠᠨ ᠪᠠᠷᠠᠭᠠᠳᠠᠨ ︵ᠲᠦᠰᠢᠨ︶ ᠴᠢᠩᠭᠢᠰ ᠶᠢ ᠲᠠᠬᠠᠨ ᠢᠷᠡᠭᠰᠡᠨ ᠪᠥᠭᠡᠳ ᠲᠠᠭᠦᠨ ᠤ ᠲᠥᠯᠦᠭᠡ ᠤᠶᠢᠯᠡᠴᠢᠯᠠᠵᠦ ᠭᠠᠳᠠᠭᠠᠳᠤ ᠬᠠᠷᠢᠯᠴᠠᠭᠠᠨ ᠤ ᠡᠯᠴᠢ ᠪᠤᠯᠵᠦ᠂ ᠬᠤᠯᠠ ᠭᠠᠵᠠᠷ ᠪᠠᠭᠤᠳᠠᠯ ᠪᠠᠶᠢᠭᠤᠯᠬᠤ ︵ᠬᠤᠯᠠ ᠶᠢᠨ ᠬᠤᠭᠤᠴᠠᠭ᠂︶ ᠥᠢᠷ᠎ᠡ ᠶᠢᠨ ᠥᠷᠳᠡᠭᠡᠨ ︵ᠥᠢᠷ᠎ᠡ ᠶᠢᠨ ᠤᠳᠤᠷ᠎ᠠ︶ ᠪᠠᠶᠢᠭᠤᠯᠬᠤ ᠠᠵᠢᠯ ᠬᠠᠷᠢᠴᠠᠭᠤᠵᠦ ᠮᠢᠩᠭᠠᠳᠤ ᠶᠢᠨ ᠨᠤᠶᠠᠨ ᠡᠷᠭᠦᠮᠵᠢᠯᠡᠭᠳᠡᠵᠦ ᠶᠠᠪᠤᠭᠰᠠᠨ ᠬᠦᠮᠦᠨ ᠪᠤᠯᠤᠨ᠎ᠠ᠃ ᠲᠠᠭᠦᠨ ᠤ ᠨᠡᠷ᠎ᠠ ᠪᠤᠯᠬᠤ ︽ᠴᠠᠬᠤᠷᠬᠠᠨ︾ ᠭᠡᠭᠦ ᠦᠭᠡ ᠵᠢᠷᠭᠠᠯ ᠶᠢᠨ ᠶᠠᠷᠢᠭᠰᠠᠨ ᠮᠡᠲᠦ ︽ᠴᠠᠭᠤᠷ ᠬᠠᠨ︾ ᠭᠡᠰᠡᠨ ᠦᠭᠡ ᠪᠤᠶᠤ ︽ᠬᠠᠨ︾ ᠴᠤᠯᠠ ᠲᠠᠢ ᠭᠦᠮᠦᠨ ᠪᠢᠰᠢ᠂ ᠬᠠᠷᠢᠨ ᠦᠭᠡ ᠤ ᠢᠵᠡᠭᠤᠷ ︿ᠴᠠᠪ᠂qaw) ᠭᠡᠰᠡᠨ᠂ ᠤᠳᠬ᠎ᠠ ᠨᠢ ᠴᠠᠪᠴᠢᠬᠤ᠂ ᠲᠤᠪᠳᠤᠯᠠᠬᠤ᠂ ᠲᠠᠶᠢᠯᠠᠬᠤ ᠭᠡᠰᠡᠨ ᠤᠳᠬ᠎ᠠ ᠪᠦᠭᠦᠢ ᠦᠭᠡ ᠪᠤᠯᠤᠭᠠᠳ ᠪᠦᠭᠦᠯᠢ ᠤᠳᠬ᠎ᠠ ᠨᠢ ︽ᠲᠠᠶᠢᠯᠠᠭᠴᠢ᠂ ᠲᠠᠭᠠᠷᠢᠭᠴᠢ᠂ ᠲᠠᠶᠢᠴᠢᠨ︾ ᠭᠡᠭᠦ ᠦᠭᠡ ᠪᠤᠯᠤᠨ᠎ᠠ᠃ ᠵᠢᠷᠭᠠᠯ  ᠤᠨ ᠭᠢᠳᠠᠳ ᠭᠠᠯᠢᠭᠯᠠᠯ ︿察兀児罕﹀ ᠭᠡᠭᠦ ᠶᠢᠨ ︿罕﹀ ᠶᠢ ᠬᠠᠭᠠᠨ᠂ ᠬᠠᠨ ᠭᠡᠳᠡᠭ ᠤᠨ ︿ᠬᠠᠨ﹀ ᠭᠡᠵᠦ ᠦᠵᠡᠭᠦ ᠨᠢ ᠵᠤᠭᠢᠰ ᠦᠭᠡᠢ᠃ ︽ᠲᠤᠪᠴᠢᠶᠠᠨ︾ ᠳᠤ ᠪᠠᠰᠠ ᠦᠭᠡ ᠶᠢᠨ ᠡᠴᠦᠰ ᠲᠤ ︿ᠬᠠᠨ﹀ ᠭᠡᠵᠦ ᠤᠷᠤᠵᠦ ᠪᠠᠶᠢᠭᠰᠠᠨ ᠶᠡᠷᠦ ᠶᠢᠨ ᠦᠭᠡᠰ ᠪᠠ ᠭᠠᠵᠠᠷ ᠤᠰᠤ᠂ ᠭᠦᠮᠦᠨ ᠠᠮᠢᠳᠠᠨ ᠤ ᠨᠡᠷ᠎ᠠ ᠶᠡᠭᠡ ᠤᠯᠠᠨ ᠪᠠᠶᠢᠳᠠᠭ ᠪᠠ ᠡᠨᠠ ︿罕﹀ ᠭᠡᠭᠦ ᠦᠰᠦᠭ ᠦᠭᠡ ᠶᠢᠨ ᠡᠴᠦᠰ ᠳᠤ ︿‍ᠬᠠᠠ᠂ ‍ᠭᠠᠨ﹀ ᠭᠡᠭᠦ ᠬᠤᠶᠠᠷ ᠵᠦᠢᠯ ᠤᠨ ᠲᠠᠭᠤᠳᠠᠯᠭ᠎ᠠ  ᠲᠠᠢ ᠪᠠᠶᠢᠬᠤ ᠢ ᠠᠩᠬᠠᠷᠬᠤ ᠭᠡᠷᠡᠭᠲᠠᠢ᠃᠂ ᠵᠢᠰᠢᠶᠠᠯᠪᠠᠯ᠄ ᠬᠤᠷᠤᠬᠠᠨ ︵豁羅罕 ︿‍ᠬᠠᠠ﹀︶᠂ ︿ᠪᠤᠯᠤᠭᠠᠨ﹀ ︵不盧罕 ︿‍ᠭᠠᠨ︶ ︵不而罕︶)᠂ ︿ᠬᠠᠨᠢᠳᠬᠠᠨ﹀ ︵合泥惕罕︿‍ᠬᠠᠠ﹀︶᠂ ︿ᠴᠠᠬᠠᠠᠨ﹀ ︵察合安 ︿‍ᠭᠠᠨ﹀) ︿ᠶᠠᠪᠤᠬᠠᠨ﹀ ︵牙步罕 ︿‍ᠭᠠᠨ﹀︶᠂ ︿ᠬᠤᠷᠢᠬᠠᠨ﹀ ︵忽里罕 ︿‍ᠭᠠᠨ )︿ᠢᠳᠬᠠᠨ﹀亦惕 罕︿‍ᠬᠠᠠ﹀︶᠂ ︿ᠰᠤᠷᠬᠠᠨ ᠰᠢᠷ᠎ᠠ﹀ ︵锁児罕 ︿‍ᠬᠠᠠ﹀失剌︶᠂ ︿ᠶᠢᠰᠦᠭᠡᠢ ᠬᠠᠨ﹀ ︵也速该罕︿‍ᠬᠠᠠ﹀︶᠂ ︿ᠲᠠᠬᠤᠰᠠᠬᠠᠨ﹀ ︵荅兀思罕︿‍ᠬᠠᠠ﹀︶᠂ ︿ᠪᠤᠳᠤᠬᠠᠨ﹀ ︵孛脱罕︿‍ᠬᠠᠠ﹀︶᠂ ︿ᠭᠠᠭᠴᠠᠬᠠᠨ﹀ ︵合黒察罕︿‍ᠬᠠᠠ﹀︶᠂ ︿ᠰᠢᠬᠠᠨ﹀ ︵失罕︿‍ᠬᠠᠠ﹀︶᠂ ︿ᠲᠠᠯᠳᠤᠷᠬᠠᠨ﹀ ︵荅勒都児罕︿‍ᠬᠠᠠ﹀︶ ᠭᠡᠭᠦ ᠮᠡᠲᠦ ᠤᠯᠠᠨ ᠦᠭᠡ ︿ᠬᠠᠨ﹀ ᠲᠠᠭᠠᠪᠤᠷᠢ ᠪᠠᠶᠢᠳᠠᠭ᠃ ᠬᠠᠷᠢᠨ ᠠᠳᠠ ᠪᠤᠰᠤᠳ ᠭᠠᠵᠠᠷ ᠤᠰᠤ᠂ ᠠᠮᠢᠳᠠᠨ ᠪᠠ ᠶᠢᠷᠦ ᠶᠢᠨ ᠦᠭᠡᠰ  ᠢ ᠶᠠᠷᠢᠬᠤ ᠪᠠᠨ ᠪᠠᠶᠢᠶ᠎ᠠ᠂ ᠵᠥᠪᠭᠡᠨ ᠭᠦᠮᠦᠨ ᠤ ᠨᠡᠷ᠎ᠠ ᠳᠤ ︿罕﹀ ᠲᠠᠭᠠᠪᠦᠷᠢ ᠪᠠᠶᠢᠭᠰᠠᠨ ᠠᠴᠠ ᠲᠤᠬᠠᠢ ᠶᠢᠨ ᠦᠶ᠎ᠡ ᠳᠤ ᠭᠦᠮᠦᠰ ᠤᠨ ᠨᠡᠷ᠎ᠠ ᠳᠤ ︿ᠬᠠᠨ﹀ ᠲᠠᠭᠠᠪᠦᠷᠢ ᠲᠠᠢ ᠨᠡᠷ᠎ᠠ ᠤᠯᠠᠨ ᠪᠠᠶᠢᠭᠰᠠᠨ ᠪᠠ ᠡᠨᠠ ︿ᠬᠠᠨ﹀ ᠲᠠᠭᠠᠪᠦᠷᠢ ᠲᠠᠢ ᠨᠡᠷᠡᠰ ᠤᠳᠤ ᠥᠢᠷᠠᠳᠴᠤᠳ ᠲᠤ ᠴᠤ ᠪᠠᠭ᠎ᠠ ᠰᠠᠭ᠎ᠠ ᠪᠠᠶᠢᠳᠠᠭ ᠪᠠ ᠢᠯᠡᠩᠭᠤᠶ᠎ᠠ ᠲᠦᠷᠦᠭ ᠭᠠᠷᠤᠯ  ᠲᠠᠢ ᠦᠢᠭᠤᠷ᠂ ᠭᠢᠷᠭᠢᠰ᠂ ᠬᠠᠰᠠᠭ ᠨᠡᠷᠡᠰ ᠲᠤ ᠮᠠᠰᠢ ᠤᠯᠠᠨ ᠪᠠᠶᠢᠳᠠᠭ᠃ ᠵᠢᠰᠢᠶᠠᠯᠪᠠᠯ᠄ ︿ᠪᠤᠯᠤᠳᠬᠠᠨ᠂ ᠲᠤᠷᠰᠤᠨᠬᠠᠨ᠂ ᠬᠠᠵᠢᠮᠬᠠᠨ᠂ ᠲᠡᠮᠦᠷᠬᠠᠨ ᠁﹀ ᠭᠡᠭᠦ ᠮᠡᠲᠦ᠃ ᠠᠳᠠ ᠭᠦᠮᠦᠨ ᠤ ᠨᠡᠷ᠎ᠠ ᠳᠤ ︿ᠬᠠᠨ﹀ ᠴᠤᠯᠠ ᠲᠠᠭᠠᠯᠳᠠᠭᠤᠯᠤᠯ ᠪᠤᠯᠭᠠᠵᠤ ᠨᠡᠷ᠎ᠠ ᠲᠠᠪᠢᠭᠰᠠᠨ ᠠᠴᠠ ᠪᠢᠰᠢ ᠶᠠᠮᠠᠷ ᠨᠢᠭᠡ ︿ᠬᠠᠨ﹀ ᠴᠤᠯᠠ ᠲᠠᠢ ᠭᠡᠰᠡᠨ ᠤᠳᠬ᠎ᠠ ᠲᠠᠢ ᠪᠢᠰᠢ᠃          ᠲᠡᠶᠢᠮᠦ ᠠᠴᠠ ︽ᠴᠠᠭᠤᠷᠬᠠᠨ︾ ᠭᠡᠳᠡᠭ ᠨᠡᠷ᠎ᠠ ︽ᠴᠠᠭᠤᠷ︾ ᠨᠡᠷ᠎ᠠ ᠲᠠᠢ ︿ᠬᠠᠨ﹀ ᠭᠡᠭᠦ ᠵᠥᠪ ᠪᠢᠰᠢ᠃ ᠤᠴᠢᠷ ᠨᠢ 1᠂ ︿ᠴᠠᠭᠤᠷᠬᠠᠨ﹀ ᠮᠡᠲᠦ ᠦᠭᠡ ᠶᠢᠨ ᠡᠴᠦᠰ ᠳᠤ ︿‍ᠠᠠᠨ﹀ ᠲᠠᠭᠠᠪᠦᠷᠢ ᠲᠠᠢ ᠨᠡᠷᠡᠰ ︽ᠲᠤᠪᠴᠢᠶᠠᠨ︾ ᠳᠤ ᠤᠯᠠᠨ ᠪᠠᠶᠢᠳᠠᠭ ᠪᠢᠯᠠ᠃ ᠵᠢᠰᠢᠶᠠᠯᠪᠠᠯ᠄ ︿ᠰᠤᠷᠬᠠᠨ ︵ᠵᠤᠷᠬᠠᠨ︶ ᠰᠢᠷ᠎ᠠ᠂ ᠲᠠᠯᠳᠤᠷᠬᠠᠨ᠂ ᠪᠤᠷᠬᠠᠨ﹀ ᠭᠡᠭᠦ ᠮᠡᠲᠦ᠂ ᠡᠳᠡᠭᠡᠷ ᠨᠡᠷᠡᠰ ᠶᠢᠨ ︿‍ᠠᠠᠨ﹀ ᠶᠢ ᠪᠠᠰᠠ ︿ᠬᠠᠨ﹀ ᠭᠡᠵᠦ ᠦᠵᠡᠵᠦ ᠪᠤᠯᠬᠤ ᠤᠤ︖2᠂ ᠴᠠᠭᠤᠷᠬᠠᠨ ᠡᠷᠳᠠ ᠤᠷᠢᠳᠠ ᠲᠡᠮᠦᠵᠢᠨ ᠢ ᠲᠠᠭᠠᠵᠤ ᠢᠷᠡᠭᠦ ᠠᠴᠠ ᠡᠮᠦᠨ᠎ᠠ ᠲᠤᠰ ᠨᠡᠷ᠎ᠠ ᠲᠠᠢ ᠪᠠᠶᠢᠭᠰᠠᠨ ᠪᠠ ᠮᠥᠨ ᠤᠷᠢᠶᠠᠩᠬᠠᠲᠠᠢ ᠠᠶᠢᠮᠠᠭ ᠲᠠᠭᠠᠨ ︿ᠬᠠᠨ﹀ ᠪᠤᠯᠤᠭᠰᠠᠨ ᠪᠢᠴᠢᠭ ᠰᠤᠷᠪᠤᠯᠵᠢ ᠪᠢᠳᠡᠨ ᠳᠤ ᠦᠭᠡᠢ᠂ ᠭᠡᠷᠪᠠ ᠨᠢᠭᠡ ᠵᠢᠵᠢᠭ ᠠᠶᠢᠮᠠᠭ ᠲᠠᠭᠠᠨ ︿ᠬᠠᠨ﹀ ᠪᠤᠯᠬᠤ ᠪᠤᠯᠤᠯᠴᠠᠭ᠎ᠠ ᠲᠠᠢ ᠪᠠᠶᠢᠭᠰᠠᠨ ᠪᠤᠯ ᠲᠠᠭᠦᠨ ᠤ ᠡᠴᠡᠭᠡ ᠵᠠᠷᠴᠢᠬᠤᠲᠠᠢ ᠡᠪᠦᠭᠡᠨ ᠲᠡᠮᠦᠵᠢᠨ ᠲᠥᠷᠦᠭᠦ ᠳᠤ ᠪᠤᠯᠭᠠᠨ ᠨᠡᠯᠡᠭᠡᠢ ᠪᠠ ᠲᠠᠭᠦᠨ ᠤ ᠠᠬ᠎ᠠ ᠵᠡᠯᠡᠮ᠎ᠠ ᠶᠢ ᠶᠢᠰᠦᠭᠡᠢ ᠪᠠᠭᠠᠲᠤᠷ ᠲᠤ ᠦᠭᠭᠦ ᠶᠤᠰᠤ ᠦᠭᠡᠢ ᠪᠠ ᠬᠤᠶᠢᠨ᠎ᠠ ᠤ ᠥᠨᠦᠴᠢᠨ᠂ ᠪᠡᠯᠪᠡᠰᠦᠨ ᠬᠤᠴᠤᠷᠠᠭᠰᠠᠨ ᠲᠠᠭᠦᠨ ᠤ ᠡᠭᠡᠨᠡᠷ ᠭᠡᠤᠭᠡᠳ ᠲᠤ ᠲᠠᠭᠢᠨ‌ᠵᠡᠯᠡᠮ᠎ᠠ ᠶᠢ ᠠᠪᠴᠢᠷᠠᠵᠦ ︽ᠡᠮᠡᠭᠡᠯ ᠢᠶᠠᠨ ᠲᠤᠬᠤᠬᠤᠯ᠂ ᠡᠭᠦᠳᠠ ᠪᠠᠨ ᠨᠡᠭᠡᠭᠦᠯ︾ ᠭᠡᠭᠦ ᠦᠭᠡᠢ ᠪᠠᠶᠢᠬᠤ᠃ 3 ᠂ ᠴᠠᠭᠤᠷᠬᠠᠨ ᠴᠢᠩᠭᠢᠰ ᠬᠠᠭᠠᠨ ᠳᠤ ᠤᠶᠢᠯᠡᠴᠢᠯᠠᠵᠦ ᠪᠠᠶᠢᠬᠤ ᠦᠶ᠎ᠠ ᠳᠤ ︽ᠮᠢᠩᠭᠠᠳ ᠤᠨ ᠨᠤᠶᠠᠨ ᠤ ᠨᠢᠭᠡ︾ ᠨᠢ ᠪᠤᠯᠤᠭᠰᠠᠨ ᠪᠤᠯᠪᠠᠴᠤ ᠴᠢᠩᠭᠡᠰ ᠬᠠᠭᠠᠨ ᠨᠢᠭᠡᠳᠭᠡᠨ ᠬᠤᠷᠢᠶᠠᠭᠰᠠᠨ ᠡᠯ᠎ᠠ ᠠᠶᠢᠮᠠᠭ᠂ ᠤᠲᠤᠭ ᠶᠢ ᠠᠷᠪᠠᠲᠦ᠂ ᠵᠠᠭᠤᠳᠤ ᠂ ᠮᠢᠩᠭᠠᠳᠤ᠃ ᠲᠦᠮᠡᠳᠤ ᠶᠢᠨ ᠲᠤᠷᠢᠮ ᠲᠢᠭᠢᠯᠡᠮ ᠶᠠᠪᠤᠭᠤᠯᠵᠦ ᠲᠠᠭᠦᠨ ᠤ ᠢᠲᠡᠭᠡᠯᠳᠡᠨ ᠨᠥᠭᠦᠳ᠂ ᠲᠠᠭᠦᠨᠡᠷ ᠲᠤ  ᠪᠠᠨ ᠲᠦᠮᠡᠨ ᠤ ᠨᠤᠶᠠᠨ᠂ ᠮᠢᠩᠭ᠎ᠠ ᠨᠢ ᠨᠤᠶᠠᠨ᠂ ᠵᠠᠭᠤᠳᠤ᠂ ᠠᠷᠪᠠᠳᠤ ᠤᠨ ᠨᠤᠶᠠᠨ ᠭᠡᠵᠦ ᠡᠷᠭᠡ ᠵᠡᠷᠭᠡ ᠥᠭᠭᠦᠭᠰᠠᠨ  ᠠᠴᠠ ᠪᠢᠰᠢ ᠶᠠᠮᠠᠷ ᠨᠢᠭᠡ ᠵᠢᠵᠢᠭ ᠰᠠᠯᠪᠤᠷᠢ ︽ᠬᠠᠨ︾ ᠵᠡᠷᠭᠡ᠂ ᠴᠤᠯᠠ ᠥᠭᠭᠦᠭᠰᠠᠨ ᠦᠭᠡᠢ ᠶᠢ ᠪᠢᠳᠠ ︽ᠲᠤᠪᠴᠢᠶᠠᠨ︾ ᠪᠤᠶᠤ ᠪᠤᠰᠤᠳ ᠲᠠᠤᠭᠡ ᠤᠨ ᠪᠢᠴᠢᠭ ᠪᠠᠷᠢᠮᠳᠠ ᠠᠴᠠ ᠮᠡᠳᠡᠵᠦ ᠪᠤᠯᠬᠤ ᠶᠤᠮ᠃ ᠵᠥᠪᠭᠡᠨ ᠶᠡᠭᠡ ᠮᠤᠩᠭᠤᠯ ᠬᠠᠭᠠᠨᠳᠤ ᠤᠯᠤᠰ ᠪᠠᠶᠢᠭᠤᠯᠬᠤ ᠳᠠᠭᠠᠨ ᠮᠤᠬᠤᠯᠠᠢ ᠳᠤ ︿ᠭᠥ᠋ ᠤᠩ﹀ ᠴᠤᠯᠠ ᠥᠭᠭᠦᠭᠰᠠᠨ ᠪᠢᠯᠠ᠃ ᠲᠡᠶᠢᠮᠦ ᠠᠴᠠ ︽ᠴᠠᠭᠤᠷᠬᠠᠨ︾ ᠭᠡᠭᠦ ᠤ ᠭᠦᠮᠦᠨ ᠤ ᠨᠡᠷ᠎ᠠ ᠠᠴᠠ ᠪᠢᠰᠢ ᠶᠠᠮᠠᠷ ᠨᠢᠭᠡ ︽ᠴᠠᠭᠤᠷ︾ ᠨᠡᠷ᠎ᠠ ᠲᠠᠢ ︿ᠬᠠᠨ﹀ ᠪᠢᠰᠢ ᠨᠢ ᠢᠯᠡᠷᠭᠡᠢ ᠪᠢᠯᠠ᠃          ︵ᠬᠤᠶᠠᠷ︶ ︽ᠴᠠᠭᠤᠷ ᠪᠠᠭᠢ︾ ᠭᠡᠭᠦ ᠨᠡᠷ᠎ᠠ ᠶᠢᠨ ᠬᠤᠪᠢ ᠳᠤ ᠠᠪᠴᠦ ᠭᠡᠯᠡᠪᠡᠯ ᠮᠥᠨ ᠴᠤ ︽ᠴᠠᠭᠤ᠋︾ ᠢᠵᠠᠭᠤᠷ ᠲᠠᠢ᠂ ᠡᠮᠦᠨ᠎ᠠ ᠭᠡᠯᠡᠭᠰᠡᠨ ᠲᠠᠢ ᠠᠳᠠᠯᠢ ᠤᠳᠬ᠎ᠠ ᠲᠠᠢ᠂ ︿ᠲᠠᠶᠢᠴᠢᠨ ᠪᠠᠭᠢ᠂ ᠲᠠᠶᠢᠯᠠᠭᠴᠢ ᠪᠠᠭᠢ᠂ ᠲᠠᠭᠠᠷᠢᠭᠴᠢ ᠪᠠᠭᠢ﹀ ᠭᠡᠰᠡᠨ ᠦᠭᠡ᠃ ᠭᠦᠮᠦᠨ ᠤ ᠬᠤᠪᠢ ᠳᠤ ᠠᠪᠴᠦ ᠭᠡᠯᠡᠪᠡᠯ ᠲᠡᠷᠠ ᠭᠡᠷᠢᠶᠠᠳ ᠶᠢᠨ ᠲᠤᠭᠤᠷᠢᠯ ᠬᠠᠨ ᠤ ᠥᠭᠢᠨ᠂ ᠨᠢᠯᠬ᠎ᠠ ᠰᠠᠩᠭᠦᠮ ᠶᠢᠨ ᠲᠠᠭᠦᠦ ᠪᠤᠯᠤᠨ᠎ᠠ᠃          ᠭᠤᠷᠪᠠ᠂ ︽ᠴᠠᠭᠤᠷ᠂ ᠴᠠᠭᠤᠷᠠᠨ᠂ ᠴᠠᠭᠤᠷᠴᠤ᠂ ᠴᠠᠭᠤᠷᠡᠭᠤᠯᠪᠠ︾ ᠭᠡᠳᠡᠭ ᠶᠢᠨ ᠲᠤᠬᠠᠢ          ᠡᠳᠡᠭᠡᠷ ᠲᠥᠷᠪᠡᠨ ᠦᠭᠡᠰ ᠪᠤᠯ ᠮᠥᠨ ᠴᠤ ᠢᠵᠠᠭᠤᠷ ᠨᠢ ︿qaw᠂qap᠂ ᠴᠠᠪ᠂ ᠴᠠᠫ﹀ ᠭᠡᠰᠡᠨ ᠤᠳᠬ᠎ᠠ ᠲᠠᠢ᠂ ︿ᠴᠠᠪᠴᠢᠬᠤ᠂ ᠲᠤᠪᠳᠤᠯᠠᠬᠤ᠂ ᠲᠠᠶᠢᠯᠠᠬᠤ﹀ ᠭᠡᠰᠡᠨ ᠦᠭᠡᠰ ᠶᠤᠮ᠃ ᠤᠳᠤ ᠦᠢᠭᠤᠷ ᠭᠡᠯᠡᠨ ᠳᠤ ︿ᠴᠠᠫ﹀ ᠭᠡᠵᠦ ᠭᠡᠯᠡᠨ᠎ᠠ᠃ ︵ᠭᠢᠳᠠᠳ — ᠦᠢᠭᠤᠷ ᠲᠤᠯᠢ 451 ᠳ᠋ᠤᠭᠠᠷ ᠨᠢᠭᠤᠷ砍 ᠢ ᠦᠵᠡ᠃︶ ᠬᠠᠰᠠᠭ᠂ ᠭᠢᠷᠭᠢᠰ ᠭᠡᠯᠡᠨ ᠳᠤ ︿qaw᠂ qap﹀ ᠭᠡᠵᠦ ᠭᠡᠯᠡᠨ᠎ᠠ᠃ ︵ᠬᠠᠰᠠᠭ— ᠬᠢᠳᠠᠳ ᠲᠤᠯᠢ ᠳᠤ1027 — ᠨᠢᠭᠤᠷ ᠱᠠᠪᠱᠢ ᠢ᠂ 1039 — ᠨᠢᠭᠤᠷ ᠱᠠᠫ ᠢ ᠦᠵᠡ︶ ᠠᠳᠠ ᠯᠠᠪᠯᠠᠨ ᠲᠤᠳᠤᠷᠬᠠᠶᠢᠯᠠᠬᠤ ᠨᠢ ᠬᠠᠰᠠᠭ ᠬᠠᠭᠤᠴᠢᠨ ᠦᠰᠦᠭ ᠲᠤ ︿ᠴ᠊﹀ ᠭᠡᠶᠢᠭᠦᠯᠢᠭᠴᠢ ᠪᠠᠶᠢᠭᠰᠠᠨ ᠴᠤ ᠲᠠᠭᠦᠨ ᠶᠢ ᠵᠡᠭᠡᠯᠡᠯᠬᠡ ᠦᠭᠡ ᠳᠤ ᠭᠡᠷᠭᠯᠡᠳᠡᠭ ᠪᠥᠭᠡᠳ ︿ᠴ᠊﹀ ᠭᠡᠶᠢᠭᠦᠯᠢᠭᠴᠢ ᠶᠢ ᠠᠮᠠᠨ ᠶᠠᠷᠢᠶᠠᠨ ᠳᠤ ᠭᠡᠯᠡᠳᠡᠭ ᠪᠤᠯᠪᠠᠴᠤ ᠪᠢᠴᠢᠭ ᠶᠢᠨ ᠭᠡᠯᠡᠨ ᠳᠤ ︵ᠱ᠊︶ ᠪᠠᠷ ᠪᠢᠴᠢᠳᠡᠭ ︵● ᠬᠠᠰᠠᠭ ᠬᠠᠭᠤᠴᠢᠨ ᠦᠰᠦᠭ ᠲᠤ ᠤᠳᠤ ᠦᠢᠭᠤᠷ ᠠᠴᠠ ᠠᠪᠤᠭᠰᠠᠨ ︿ᠴ᠊﹀ ᠦᠰᠦᠭ ᠪᠠᠶᠢᠳᠠᠭ ᠪᠤᠯᠤᠭᠠᠳ ᠡᠭᠦᠨ  ᠢ ᠵᠡᠭᠡᠯᠡᠯᠭᠡ ᠦᠭᠡ ᠳᠤ ᠭᠡᠷᠭᠡᠯᠡᠳᠡᠭ︶᠂ ᠡᠨᠡ ᠦᠭᠡ ᠳ᠋ᠠᠩ ᠢᠵᠠᠭᠤᠷ ᠢᠶᠠᠷ ᠢᠶᠠᠨ ᠪᠤᠯ ︿xap﹀ ᠦᠭᠡ ᠶᠢᠨ ᠦᠨᠳᠦᠰᠦ ᠲᠠᠭᠠᠪᠤᠷᠢ ᠤᠷᠤᠪᠠᠯ ︿xabew﹀ ᠭᠡᠵᠦ ᠪᠢᠴᠢᠳᠡᠭ᠂᠂ ᠠᠮᠠᠨ ᠶᠠᠷᠢᠶᠠᠨ ᠤ ᠭᠡᠯᠡᠨ ᠳᠤ᠂ ︿be﹀ ᠤ ᠭᠡᠭᠡᠭᠳᠠᠵᠦ ︿xaw᠂ xap﹀ ᠭᠡᠵᠦ ᠭᠡᠯᠡᠭᠳᠡᠳᠡᠭ᠂ ︿ᠴᠠᠪ᠂xaw᠂ ︿ᠴᠠᠭᠤ᠋﹀ ᠭᠡᠪᠡᠯ ᠮᠤᠩᠭᠤᠯ ᠢᠶᠠᠷ ︿ᠳ᠋ᠠᠢ﹀ ᠭᠡᠳᠡᠭ ᠦᠭᠡ ᠪᠤᠯᠤᠭᠠᠳ ︵ᠥᠢᠷᠷᠳᠴᠤᠳ ᠲᠠᠶᠢᠨ ᠭᠡᠳᠡᠭ ᠶᠢ ︿ᠳ᠋ᠠᠢ﹀ ᠭᠡᠵᠦ ᠭᠡᠯᠡᠨ᠎ᠠ᠂ ᠲᠠᠶᠢᠨ‌‍ᠭᠡᠭᠦ ︵ᠡᠭᠦᠰᠭᠦᠭᠦ ︶ ᠶᠢ ︿ᠳ᠋ᠠᠢ ᠭᠡᠨ᠎ᠡ﹀ ᠭᠡᠳᠡᠭ᠃︶ ︿ᠴᠠᠭᠤ᠋﹀ ᠤ ᠲᠠᠷᠤᠢ ︿‍ᠷ﹀ ᠭᠡᠳᠡᠭ ᠲᠠᠭᠠᠪᠤᠷᠢ ᠲᠠᠢ ︿ᠲᠠᠶᠢᠨ﹀ ᠭᠡᠰᠡᠨ ᠤᠳᠬ᠎ᠠ ᠲᠠᠢ᠂ ᠵᠢᠰᠢᠶ᠎ᠠ᠄ ︿︿ᠤᠷᠲᠤ ᠴᠠᠭᠤᠷ ᠴᠠᠭᠤᠷᠠᠨ ︿ᠠᠶᠠᠨ ᠲᠠᠶᠢᠨ ᠭᠡᠵᠦ﹀﹀﹀ 254— ᠵᠦᠢᠯ ⒃᠂ ᠡᠨᠡ ᠮᠡᠲᠦ ︿ᠴᠠᠭᠤᠷᠠᠨ᠂ ᠴᠠᠭᠤᠷᠠᠭᠤᠯᠪᠠ﹀ ᠭᠡᠳᠡᠭ ᠤ ᠲᠡᠭᠡᠷᠡᠭᠢ ᠦᠭᠡ ᠲᠠᠢ ᠢᠵᠠᠭᠤᠷ ᠨᠢᠭᠡ᠂ ᠤᠳᠬ᠎ᠠ ᠤᠶᠢᠷᠠᠯᠴᠠᠭ᠎ᠠ ︿ᠲᠠᠶᠢᠯᠠᠨ᠂ ᠲᠠᠶᠢᠯᠠᠭᠤᠭᠤᠯᠠᠨ ︵ᠲᠠᠭᠠᠷᠢᠨ‌‍ᠲ᠋ᠤᠪᠳᠤᠯᠠᠭᠤᠯᠪᠠ﹀ ᠭᠡᠭᠦ ᠦᠭᠡᠰ ᠪᠤᠯᠤᠨ᠎ᠠ ᠵᠢᠰᠢᠶ᠎ᠠ᠄ 1᠂ 235 — ᠵᠦᠢᠯ ᠳᠤ᠄ ︽ᠬᠤᠪᠢᠯᠠᠢ ᠨᠤᠶᠠᠨ ᠢ ᠬᠠᠷᠯᠤᠭ ᠤᠳ ᠲᠤᠷ ᠴᠠᠭᠤᠷᠤᠭᠤᠯᠪᠠ ︵ᠬᠤᠪᠢᠯᠠᠢ ᠨᠤᠶᠠᠨ ᠢ ᠬᠠᠷᠯᠤᠭ ᠤᠳ ᠲᠤ ᠲᠤᠪᠳᠤᠯᠠᠭᠤᠯᠪᠠ︶᠃⒄ 2᠂202 — ᠵᠦᠢᠯ᠄ ︽ᠵᠡᠪᠠ ᠶᠢ ᠨᠠᠶᠢᠮᠠᠨ ᠤ ᠭᠦᠴᠦᠯᠦᠭ ᠬᠠ  ᠢ ᠨᠡᠭᠡᠭᠦᠯᠤᠨ ᠲᠡᠨᠳᠠ ᠭᠥ᠋ ᠴᠠᠭᠤᠷᠤᠭᠤᠯᠪᠠ︾ ⒅ 236 — ᠵᠦᠢᠯ᠄ ︽ᠬᠤᠳᠤ᠂ ᠴᠢᠯᠠᠭᠤᠨ ᠲᠡᠷᠢᠭᠦᠳᠠᠨ ᠭᠦᠪᠡᠭᠦᠳ ᠢ ᠨᠡᠭᠡᠨ ᠴᠠᠭᠤᠷᠡᠴᠦ ︵ᠬᠤᠳᠤ᠂ ᠴᠢᠯᠠᠭᠤᠨ ᠲᠡᠷᠢᠭᠦᠳᠠᠨ ᠭᠦᠪᠡᠭᠦᠳ ᠢ ᠨᠡᠭᠡᠨ‌‍ᠲ᠋ᠤᠪᠳᠤᠯᠠᠭᠤᠯᠪᠠ︶ ⒆᠃ ︽ᠲᠤᠪᠴᠢᠶᠠᠨ︾ ᠳᠤ ᠬᠠᠵᠠᠭᠤ ᠶᠢᠨ ᠤᠷᠴᠢᠭᠤᠯᠤᠭ᠎ᠠ ︽征᠂征进᠂ 出征着,教出征了︾ ᠭᠡᠭᠦ ᠨᠢ ᠲᠤᠰ ᠦᠭᠡᠰ ︽ᠲᠤᠪᠴᠢᠶᠠᠨ︾ ᠳᠤ ᠶᠠᠷᠢᠵᠦ ᠪᠠᠶᠢᠬᠤ ᠣᠳᠬ᠎ᠠ ᠲᠠᠢ ᠨᠡᠶᠢᠴᠡᠭᠰᠡᠨ ᠤᠤᠯ ᠡᠷᠳᠡᠨ ᠤ ᠭᠡᠯᠡᠯᠭᠡ ᠪᠠᠷ ᠭᠡᠯᠡᠭᠳᠡᠵᠦ ᠪᠠᠶᠢᠬᠤ ᠲᠦᠷᠦᠭ ᠭᠠᠷᠤᠯᠲᠠᠢ ᠦᠭᠡ ᠭᠡᠳᠡᠭ ᠶᠢ ᠭᠡᠷᠴᠢᠯᠡᠭᠦ ᠵᠥᠪ ᠤᠷᠴᠢᠭᠤᠯᠠᠭ᠎ᠠ ᠮᠥᠨ᠃          ᠵᠠᠭᠦᠯᠳᠠ          ①②③④⑤⑥⒃⒄⒅⒆ ᠪᠠᠶᠠᠷ ᠤᠨ ᠪᠠᠭᠤᠯᠭᠠᠵᠦ ᠭᠠᠯᠢᠭᠯᠠᠭᠰᠠᠨ ︽ᠮᠤᠩᠭᠤᠯ ᠤᠨ ᠨᠢᠭᠤᠴᠠ ᠲᠤᠪᠴᠢᠶᠠᠨ︾᠂ ᠥᠪᠤᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ᠃1980 ᠤᠨ᠂ 424᠂351᠂589᠂1252᠂᠂ 898᠂1131᠂ 933᠂1133 ᠨᠢᠭᠤᠷ᠃          ⑦ ᠮᠠᠨᠰᠠᠩ᠂ ᠰᠢᠨ᠎ᠠ ᠪᠠᠷ ᠤᠷᠴᠢᠭᠤᠯᠵᠦ ᠲᠠᠶᠢᠯᠪᠦᠷᠢᠯᠠᠭᠰᠠᠨ︽ᠮᠤᠩᠭᠤᠯ ᠤᠨ ᠨᠢᠭᠤᠴᠠ ᠲᠤᠪᠴᠢᠶᠠᠨ︾᠂ ᠥᠪᠤᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ᠃1985 ᠤᠨ᠂131 — ᠨᠢᠭᠤᠷ᠂ ᠲᠠᠶᠢᠯᠪᠦᠷᠢ8          ⑧ ᠶᠡᠭᠡᠮᠢᠩᠭᠠᠲᠠᠢ ᠢᠷᠢᠨᠴᠢᠨ ᠤ ᠰᠡᠷᠭᠦᠭᠡᠯᠳᠠ ︽︽ᠮᠤᠩᠭᠤᠯ ᠤᠨ ᠨᠢᠭᠤᠴᠠ ᠲᠤᠪᠴᠢᠶᠠᠨ︾᠂ ᠥᠪᠤᠷ ᠮᠤᠩᠭᠤᠯ ᠤᠨ ᠶᠡᠭᠡ ᠰᠤᠷᠭᠠᠭᠤᠯᠢ ᠶᠢᠨ ᠭᠡᠪᠯᠡᠯ ᠤᠨ ᠬᠤᠷᠢᠶ᠎ᠠ1987 ᠤᠨ᠂101 — ᠨᠢᠭᠤᠷ          ⑨ ᠲᠡᠯᠡᠩᠲᠠᠢ ᠶᠢᠨ ᠴᠡᠷᠢᠩᠰᠤᠳᠨᠠᠮ ︐︽ᠮᠤᠩᠭᠤᠯ ᠤᠨ ᠨᠢᠭᠤᠴᠠ ᠲᠤᠪᠴᠢᠶᠠᠨ︾᠂ ᠤ ᠤᠷᠴᠢᠭᠤᠯᠠᠭ᠎ᠠ ᠲᠠᠶᠢᠯᠪᠦᠷᠢ᠂ ᠦᠨᠳᠦᠰᠦᠳᠠᠨ ᠤ ᠭᠡᠪᠯᠡᠯ ᠤᠨ ᠬᠤᠷᠢᠶ᠎ᠠ1993 ᠤᠨ ᠤ ᠭᠡᠪᠯᠡᠯ ᠲᠠᠶᠢᠯᠪᠦᠷᠢ211          ⑩ ᠰᠠᠶᠢᠰᠢᠶᠠᠯ᠂ ︽ᠴᠢᠩᠭᠢᠰ ᠬᠠᠭᠠᠨ ᠤ ᠲᠤᠪᠴᠢᠶᠠᠨ︾ᠥᠪᠤᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ᠃1987 ᠤᠨ ᠤ ᠭᠡᠪᠯᠡᠯ 322 — ᠨᠢᠭᠤᠷ᠂ ᠲᠠᠶᠢᠯᠪᠦᠷᠢ26    ⑾⒁⒂ ︽ᠯᠤ᠂ ᠠᠯᠳᠠᠨ ᠲᠤᠪᠴᠢ︾ ᠥᠪᠤᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ᠃1983 ᠤᠨ ᠤ ᠭᠡᠪᠯᠡᠯ181 — ᠨᠢᠭᠤᠷ᠃    ⑿⒀ ᠵᠢᠷᠭᠠᠯ᠂ ︽ᠮᠤᠩᠭᠤᠯ ᠤᠨ ᠨᠢᠭᠤᠴᠠ ᠲᠤᠪᠴᠢᠶᠠᠨ︾ ᠳᠠᠬᠢ ︽ᠴᠠᠭᠤᠷ︾ ᠢᠵᠢᠭᠤᠷᠲᠤ ᠦᠭᠡ ᠶᠢᠨ ᠲᠤᠬᠠᠢ ᠰᠢᠨᠵᠢᠯᠡᠯ᠃ ᠥᠪᠤᠷ ᠮᠤᠩᠭᠤᠯ ᠤᠨ ᠨᠡᠶᠢᠭᠢᠮ ᠤᠨ ᠰᠢᠨᠵᠢᠯᠡᠭᠦ ᠤᠬᠠᠭᠠᠨ ᠰᠡᠳᠭᠦᠯ  2011 ᠤᠨ ᠤ 6 ᠳ᠋ᠤᠭᠠᠷ ᠬᠤᠭᠤᠴᠠᠭ᠎ᠠ᠂ 32 — ᠨᠢᠭᠤᠷ    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号