︽ᠮᠤᠩᠭᠤᠯ ᠤᠨ ᠨᠢᠭᠤᠴᠠ ᠲᠤᠪᠴᠢᠶᠠᠨ︾ ᠳᠠᠬᠢ ︽ᠳᠦᠩᠭᠡᠯᠢᠭ ᠭᠤᠷᠤᠬᠠᠨ︾ ᠭᠡᠳᠡᠭ ᠦᠭᠡ ᠶᠢᠨ ᠲᠤᠬᠠᠢ
ᠨᠡᠶᠢᠲᠡᠯᠡᠭᠰᠡᠨ ᠴᠠᠭ᠄
2020-04-27
               ︽ᠮᠤᠩᠭᠤᠯ ᠤᠨ ᠨᠢᠭᠤᠴᠠ ᠲᠤᠪᠴᠢᠶᠠᠨ︾ ᠳᠠᠬᠢ ︽ᠳᠦᠩᠭᠡᠯᠢᠭ ᠭᠤᠷᠤᠬᠠᠨ︾                ᠭᠡᠳᠡᠭ ᠦᠭᠡ ᠶᠢᠨ ᠲᠤᠬᠠᠢ                                                     ᠦᠭᠡᠯᠠᠳ ᠪᠡᠯᠡᠭ ᠤᠨ ᠴᠠᠪᠡᠭ                                                                                                                  ︽ᠮᠤᠩᠭᠤᠯ ᠤᠨ ᠨᠢᠭᠤᠴᠠ ᠲᠤᠪᠴᠢᠶᠠᠨ︾ ︵ᠬᠤᠵᠢᠮ ︿ᠲᠤᠪᠴᠢᠶᠠᠨ﹀ ᠭᠡᠶ᠎ᠠ︶ ᠭᠡᠭᠦ ᠠᠯᠳᠠᠷᠳᠠᠢ ᠪᠦᠲᠦᠭᠡᠯ ᠤᠨ ᠲᠤᠲᠤᠷ᠎ᠠ ᠤᠯᠠᠨ ᠵᠦᠢᠯ ᠤᠨ ᠨᠢᠭᠤᠴᠠ ᠵᠦᠢᠯ ᠬᠠᠳᠠᠭᠠᠯᠠᠭᠳᠠᠵᠦ ᠪᠠᠶᠢᠳᠠᠭ ᠠᠴᠠ ᠰᠤᠳᠤᠯᠤᠭᠴᠢᠳ  ᠤᠨ ᠬᠤᠷᠤᠬᠠᠢ ᠶᠢ ᠭᠥᠳᠡᠯᠭᠡᠵᠦ ᠯᠠ ᠪᠠᠶᠢᠳᠠᠭ᠃ ᠡᠨᠡᠭᠦ ᠤᠯᠠᠨ ᠲᠠᠪᠤᠨ( ᠶᠡᠭᠡ ᠤᠯᠠᠨ ᠭᠡᠰᠡᠨ ᠤᠳᠬ᠎ᠠ ᠲᠠᠢ᠂ ᠮᠠᠨ ᠤ ᠨᠤᠲᠤᠭ ᠲᠤ ᠡᠷᠳᠡᠨ ᠤ ᠭᠡᠯᠡᠯᠭᠡ ᠢᠶᠠᠷ ᠭᠡᠯᠡᠳᠡᠭ ᠦᠭᠡ) ᠨᠢᠭᠤᠴᠠ ᠶᠢᠨ ᠨᠢᠭᠡ ᠨᠢ ᠪᠤᠯᠬᠤ ᠭᠡᠯᠡᠨ ᠤ ᠨᠢᠭᠤᠴᠠ ᠴᠤ ᠭᠦᠮᠦᠰ ᠤᠨ ᠬᠤᠷᠤᠬᠠᠢ ᠶᠢ ᠶᠡᠭᠡ ᠪᠠᠷ ᠭᠥᠲᠠᠯᠭᠡᠳᠡᠭ ᠠᠴᠠ ᠡᠷᠳᠡᠮᠳᠠᠨ ᠮᠠᠷᠭᠡᠳ ᠲᠠᠷᠢᠭᠢ ᠲᠤᠯᠤᠭᠠᠢ  ᠪᠠᠨ ᠰᠢᠪᠬᠠᠨ ᠨᠠᠷᠢᠨ ᠨᠢᠮᠪᠡᠢ ᠰᠤᠳᠤᠯᠵᠦ ᠢᠷᠡᠭᠰᠠᠨ ᠪᠠᠶᠢᠨ᠎ᠠ᠃            ᠡᠷᠳᠡᠮᠳᠡᠨ ᠪᠠᠶᠠᠷ ᠠᠴᠠ᠄ ︽ᠭᠡᠯᠡᠨ ᠤ ᠰᠢᠨᠵᠢᠯᠡᠯ ᠤᠨ ᠡᠭᠦᠳᠠᠨ ᠠᠴᠠ ᠦᠵᠡᠪᠡᠯ᠂ ᠨᠢᠭᠤᠴᠠ ᠲᠤᠪᠴᠢᠶᠠᠨ  ᠳᠤ ᠬᠠᠳᠠᠭᠠᠯᠠᠭᠳᠠᠵᠦ ᠪᠠᠶᠢᠭ᠎ᠠ ᠭᠡᠯᠡᠨ ᠤ ᠥᠪ ᠭᠥᠷᠦᠩᠭᠡ ᠶᠢᠨ ᠠᠭᠤᠷᠬᠠᠢ ᠶᠢᠨ ᠪᠠᠶᠠᠯᠢᠭ ᠨᠢ ᠡᠷᠳᠡᠨ ᠤ ᠮᠤᠩᠭᠤᠯ ᠭᠡᠯᠡ ᠶᠢ ᠰᠤᠳᠤᠯᠬᠤ ᠳᠤ ᠵᠠᠷᠤᠭᠠᠳ ᠪᠠᠷᠠᠭᠳᠠᠰᠢ ᠦᠭᠡᠢ ᠮᠠᠲ᠋ᠧᠷᠢᠶᠠᠯ ᠢ ᠤᠯᠭᠤᠵᠦ ᠥᠭᠭᠦᠨ᠎ᠠ︾ ①ᠭᠡᠵᠦ ᠭᠡᠯᠡᠭᠰᠡᠨ ᠪᠢᠯᠠ᠃ ᠲᠤᠮᠳᠠᠳᠤ ᠡᠷᠳᠡᠨ ᠤ ᠮᠤᠩᠭᠤᠯ ᠭᠡᠯᠠ ᠰᠤᠳᠤᠯᠠᠬᠤ ᠳᠤ ᠡᠨᠡᠭᠦ ᠮᠤᠩᠭᠤᠯ ᠤᠨ ᠡᠷᠳᠡᠨ ᠤ ᠲᠠᠤᠭᠡ  ᠶᠢᠨ ᠭᠤᠷᠪᠠᠨ ᠶᠡᠭᠡ ᠲᠤᠯᠭᠤᠷ ᠪᠢᠴᠢᠭ ᠲᠤᠲᠤᠷᠠᠭᠢ ᠲᠤᠮᠳᠠᠳᠤ ᠡᠷᠳᠡᠨ ᠤ ᠮᠤᠩᠭᠤᠯ ᠭᠡᠯᠠ ᠪᠠᠷ ᠬᠠᠮᠤᠭ ᠤᠨ ᠪᠠᠶᠠᠯᠢᠭ ︽ᠲᠤᠪᠴᠶᠠᠨ︾ ᠤ ᠠᠯᠳᠠᠨ ᠠᠪᠳᠠᠷ᠎ᠠ ᠠᠴᠠ ᠭᠠᠷᠴᠤ ᠮᠠᠨ ᠤ ᠦᠶ᠎ᠠ ᠳᠤ ᠭᠦᠷᠴᠤ ᠢᠷᠡᠭᠰᠡᠨ ᠨᠢ ᠮᠢᠩ ᠤᠯᠤᠰ ᠤᠨ ᠦᠶ᠎ᠡ ᠠᠴᠠ ᠡᠭᠢᠯᠡᠭᠰᠡᠨ ᠭᠡᠵᠦ ᠭᠡᠯᠡᠵᠦ ᠪᠤᠯᠬᠤ ᠪᠤᠯᠪᠠᠴᠤ ᠥᠪᠡᠷ ᠶᠢᠨ ᠤ ᠡᠵᠡᠨ — ᠥᠷᠭᠡᠨ ᠤᠯᠠᠨ ᠮᠤᠩᠭᠤᠯ ᠲᠦᠮᠠᠨ ᠲᠠᠢ ᠪᠠᠨ ᠨᠢᠭᠤᠷ ᠤᠴᠢᠷᠠᠭᠰᠠᠨ ᠨᠢ ᠵᠠᠭᠤᠨ ᠵᠢᠯ ᠴᠤ ᠪᠤᠯᠤᠭᠠᠳ ᠦᠭᠡᠢ ᠪᠢᠯᠠ᠃ ᠡᠭᠦᠨ ᠤ ᠲᠡᠭᠡᠷ᠎ᠠ ᠮᠤᠩᠭᠤᠯ ᠭᠡᠯᠠ ᠪᠠᠷ ᠪᠢᠴᠢᠭᠳᠡᠭ᠌ᠰᠠᠨ ᠤᠭ ᠡᠭᠡ ᠮᠠᠨ ᠤ ᠦᠶ᠎ᠡ ᠳᠤ ᠤᠯᠠᠮᠵᠢᠯᠠᠨ ᠢᠷᠡᠭᠰᠡᠨ ᠦᠭᠡᠢ᠂ ᠵᠥᠪᠭᠡᠨ ᠮᠤᠩᠭᠤᠯ ᠦᠭᠡ ᠶᠢ ᠭᠢᠳᠠᠳ ᠦᠰᠦᠭ ᠢᠶᠠᠷ ᠭᠠᠯᠢᠭᠯᠠᠨ ᠪᠠᠭᠤᠯᠭᠠᠭᠰᠠᠨ ᠪᠦᠭᠡᠳ ᠭᠠᠷ ᠲᠠᠮᠵᠢᠨ ᠬᠠᠭᠤᠯᠠᠭᠳᠠᠭᠰᠠᠷ ᠢᠷᠡᠭᠰᠠᠨ ᠭᠡᠳᠦᠨ ᠵᠦᠢᠯ ᠤᠨ ᠡᠭᠡ ᠲᠡᠪᠲᠡᠷ ᠢ ᠮᠤᠩᠭᠤᠯᠴᠢ ᠡᠷᠳᠡᠮᠳᠡᠳ ᠠᠴᠠ ᠬᠠᠭᠰᠠᠭᠠᠯ ᠦᠭᠡᠢ ᠭᠥᠯᠤᠰᠦ ᠭᠤᠤᠵᠢᠭᠤᠯᠵᠦ᠂ ᠬᠠᠷᠠᠮᠡᠯᠬᠤ ᠦᠭᠡᠢ ᠪᠠᠷ ᠭᠦᠴᠦ ᠭᠠᠷᠭᠠᠵᠦ ᠪᠠᠶᠢᠭᠠᠳ ᠭᠡᠳᠦ ᠭᠡᠳᠦᠨ ᠵᠦᠢᠯ ᠤᠨ ︽ᠲᠤᠪᠴᠢᠶᠠᠨ︾ ᠤ ᠤᠷᠴᠢᠨ ᠴᠠᠭ ᠤᠨ ᠭᠡᠯᠡᠨ ᠳᠤ ᠤᠷᠴᠢᠭᠤᠯᠦᠨ ᠲᠠᠶᠢᠯᠪᠦᠷᠢ ᠭᠢᠭᠰᠡᠨ ᠲᠡᠪᠲᠡᠷ ᠢ ᠡᠷᠭᠦᠨ ᠪᠠᠷᠢᠵᠦ ᠥᠷᠭᠡᠨ ᠤᠯᠠᠨ ᠠᠷᠠᠳ ᠲᠦᠮᠡᠨ ᠳᠡᠭᠡᠨ ᠦᠨᠳᠦᠰᠦᠳᠠᠨ ᠤ ᠪᠠᠨ ᠡᠷᠳᠡᠨ ᠦᠶ᠎ᠡ ᠶᠢᠨ ᠲᠠᠤᠭᠡ ᠰᠤᠶᠤᠯ ᠲᠠᠢ ᠲᠠᠨᠢᠯᠴᠠᠬᠤ᠂ ᠮᠡᠳᠡᠵᠦ ᠤᠯᠠᠮᠵᠢᠯᠠᠬᠤ᠂ ᠥᠢᠯᠭᠠᠵᠦ ᠰᠤᠳᠤᠯᠬᠤ ᠳᠤ ᠲᠥᠳᠠ ᠵᠠᠮ᠂ ᠲᠥᠭᠦᠮ ᠨᠥᠭᠦᠴᠡᠯ ᠪᠦᠷᠢᠯᠳᠤᠭᠦᠯᠵᠦ ᠥᠭᠭᠦᠭᠰᠠᠨ ᠢ ᠨᠢ ᠬᠤᠶᠢᠴᠢ ᠦᠶ᠎ᠡ ᠶᠢᠨ ᠬᠢᠨ ᠮᠡᠳᠡᠭᠦ ᠯᠠ ᠪᠢᠵᠠ᠃ ᠢᠯᠠᠩᠭᠤᠶ᠎ᠠ 20 ᠳ᠋ᠤᠭᠠᠷ ᠵᠠᠭᠤᠨ ᠤ 40 ‍ᠭᠠᠳ ᠤᠨ ᠠᠴᠠ ᠬᠤᠶᠢᠰᠢ ᠮᠤᠩᠭᠤᠯ ᠤᠯᠤᠰ ᠤᠨ ᠡᠷᠳᠡᠮᠳᠡᠨ ᠴ᠊᠂ ᠲᠠᠮᠳᠢᠨᠰᠦᠷᠦᠩ ᠤᠨ ᠤᠷᠴᠢᠨ ᠴᠠᠭ ᠤᠨ ᠮᠤᠩᠭᠤᠯ ᠭᠡᠯᠠᠨ ᠲᠡᠭᠡᠷ᠎ᠠ ᠤᠷᠴᠢᠭᠤᠯᠤᠨ ᠭᠡᠪᠯᠠᠭᠦᠯᠤᠭ᠍ᠰᠠᠨ ︿︿ᠲᠤᠪᠴᠢᠶᠠᠨ﹀﹀ ᠠᠴᠠ ᠡᠭᠢᠯᠠᠨ ᠮᠤᠩᠭᠤᠯᠴᠤᠳ ︿︿ᠲᠤᠪᠴᠢᠶᠠᠨ﹀﹀ ᠲᠠᠢ ᠲᠠᠨᠢᠯᠴᠠᠵᠦ ᠰᠡᠭᠡᠭᠡᠳᠠᠳ ᠨᠢ ᠰᠤᠨᠢᠷᠬᠠᠨ ᠰᠤᠳᠤᠯᠤᠯ ᠭᠢᠵᠦ ᠡᠭᠢᠯᠡᠭᠰᠠᠨ ᠪᠥᠭᠡᠳ ᠢᠯᠠᠩᠭᠤᠶ᠎ᠠ ᠲᠦᠷᠦ ᠲᠦᠪᠰᠢᠷᠠᠨ ᠴᠢᠯᠦᠭᠡᠲᠠᠢ ᠶᠠᠪᠤᠯᠴᠠᠭᠰᠠᠨ ᠠᠴᠠ ᠬᠤᠶᠢᠰᠢ 20 ᠳ᠋ᠤᠭᠠᠷ ᠵᠠᠭᠤᠨ ᠤ 80 ‍ᠭᠠᠳ ᠤᠨ ᠤ ᠡᠬᠢ ᠪᠠᠷ ᠥᠪᠦᠷ ᠮᠤᠩᠭᠤᠯ ᠳᠤ ᠮᠤᠩᠭᠤᠯ ᠰᠤᠳᠤᠯᠤᠯ ᠢᠶᠠᠷ ᠭᠤᠤᠯ ᠪᠤᠯᠭᠠᠭᠰᠠᠨ ᠡᠷᠳᠡᠮ ᠰᠢᠨᠵᠢᠯᠭᠡᠨ  ᠤ ᠠᠵᠢᠯ ᠤᠷᠢᠳᠠ ᠭᠠᠷᠤᠭᠠᠳ ᠦᠭᠡᠢ ᠥᠷᠨᠢᠨ ᠭᠥᠭᠵᠢᠵᠦ ᠤᠯᠠᠨ ᠲᠠᠯᠠᠷ ᠶᠡᠭᠡ ᠠᠮᠵᠢᠯᠳᠠ ᠤᠯᠤᠭᠰᠠᠨ ᠶᠤᠮ᠃ ᠡᠭᠦᠨ ᠤ ᠲᠤᠳᠤᠷ᠎ᠠ ︽ᠲᠤᠪᠴᠢᠶᠠᠨ︾ ᠤ ᠡᠷᠳᠡᠨ ᠤ ᠭᠡᠯᠡᠠ ᠤ ᠦᠭᠡᠰ ᠴᠤ ᠶᠡᠭᠡ ᠰᠠᠶᠢᠨ ᠰᠤᠳᠤᠯᠭᠠᠨ ᠪᠤᠯᠵᠦ ᠶᠡᠭᠡ ᠠᠮᠵᠢᠯᠳᠠ ᠤᠯᠤᠭᠰᠠᠨ ᠶᠤᠮ᠃ ᠭᠡᠳᠠᠯ᠎ᠠ ︽ᠲᠤᠪᠴᠢᠶᠠᠨ︾ ᠳᠠᠬᠢ ᠡᠷᠳᠡᠨ ᠨᠢ ᠦᠭᠡᠰ ᠤᠨ ᠨᠢᠭᠤᠴᠠ ᠲᠠᠶᠢᠯᠡᠷᠴᠤ ᠤᠩᠰᠢᠭᠴᠢ ᠤᠯᠠᠨ ᠲᠠᠢ ᠨᠢᠭᠡᠨᠳᠠ ᠨᠢᠭᠤᠷ ᠤᠴᠢᠷᠡᠭ᠌ᠰᠠᠨ ᠭᠡᠷᠡᠭ ᠪᠤᠯᠤᠭᠠᠳ ᠦᠭᠡᠢ ᠪᠠ ᠵᠠᠷᠢᠮ ᠦᠭᠡᠰ  ᠤᠨ ᠲᠠᠶᠢᠯᠪᠦᠷᠢ ᠶᠡᠷᠦᠩᠭᠡᠢ ᠳᠠᠭᠠᠨ ᠵᠦᠪ ᠰᠢᠭ ᠪᠤᠯᠪᠠᠴᠤ ᠨᠢᠭᠡᠨᠳᠠ ᠪᠦᠷᠢᠨ ᠭᠦᠢᠴᠡᠰ ᠪᠤᠯᠤᠭᠰᠠᠨ ᠪᠢᠰᠢ ᠪᠠ ︽ᠲᠤᠪᠴᠢᠶᠠᠨ︾ ᠢ ᠲᠦᠷᠦᠭ ᠭᠠᠷᠤᠯᠲᠠᠢ ᠦᠢᠭᠤᠷ᠂ ᠬᠠᠰᠠᠭ ᠭᠡᠯᠡᠨ ᠳᠤ ᠴᠤ ᠤᠷᠴᠢᠭᠤᠯᠦᠨ ᠭᠡᠪᠯᠡᠭᠦᠯᠤᠭ᠍ᠳᠠᠭᠰᠠᠨ ᠨᠢ ᠲᠤᠮᠳᠠᠳᠤ ᠡᠷᠳᠡᠨ ᠤ ᠮᠤᠩᠭᠤᠯ ᠭᠡᠯᠠ ᠪᠤᠯᠤᠨ ᠡᠳᠡᠭᠡᠷ ᠦᠨᠳᠦᠰᠦᠳᠠᠨ ᠤ ᠵᠠᠷᠢᠮ ᠦᠭᠡᠰ ᠭᠡᠯᠡᠯᠭᠡ ᠠᠳᠠᠯᠢ ᠪᠤᠶᠤ ᠥᠢᠷᠠᠯᠴᠠᠭ᠎ᠠ ᠠᠴᠠ ᠤᠯᠠᠩᠭᠢ ᠦᠭᠡᠰ ᠢ ᠲᠡᠳᠡᠨ ᠤ ᠭᠡᠯᠡᠨ ᠤ ᠦᠭᠡᠰ ᠢᠶᠠᠷ ᠦᠵᠡᠵᠤ ᠪᠤᠷᠤᠭᠤ ᠵᠥᠪ ᠢ ᠢᠯᠭᠠᠷᠬᠠᠦ ᠦᠭᠡᠢ ᠪᠠᠶᠢᠳᠠᠭ ᠪᠤᠯᠬᠤᠷ ᠪᠢᠳᠠᠨ ᠲᠠᠬᠢᠨ ᠨᠠᠷᠢᠪᠴᠢᠯᠠᠨ ᠲᠠᠶᠢᠯᠪᠦᠷᠢᠯᠠᠬᠤ ᠭᠡᠷᠡᠭᠲᠠᠢ ᠪᠤᠯᠤᠭᠠᠳ ᠯᠠ ᠪᠠᠶᠢᠨ᠎ᠠ᠃ ᠲᠤᠤᠷ᠎ᠠ ᠡᠳᠡᠭᠡᠷ ᠦᠭᠡᠰ ᠲᠤᠳᠤᠷᠠᠬᠢ ︽ᠲᠦᠩᠭᠡᠯᠢᠭ ᠭᠤᠷᠤᠬᠠᠨ︾ ᠤ ︽ᠲᠦᠩᠭᠡᠯᠢᠭ︾ ᠤᠨ ᠲᠤᠬᠠᠢ ᠵᠤᠪᠯᠠᠮᠵᠢ ᠬᠢᠶ᠎ᠠ᠃          ︽ᠲᠤᠪᠴᠢᠶᠠᠨ︾ ᠤ ᠲᠠᠪᠤᠳᠤᠭᠠᠷ ᠵᠦᠢᠯ ᠠᠴᠠ ᠡᠭᠢᠯᠡᠨ ᠭᠠᠷᠬᠤ ︽ᠲᠦᠩᠭᠡᠯᠢᠭ ᠭᠤᠷᠤᠬᠠᠨ︾ ᠭᠡᠳᠡᠭ ᠨᠢᠭᠡ ᠭᠠᠵᠡᠷ ᠤᠰᠦᠨ ᠤ ᠨᠡᠷ᠎ᠠ ᠪᠠᠶᠢᠳᠠᠭ ᠶᠤᠮ᠃ ᠡᠨᠡᠭᠦ ᠨᠡᠷ᠎ᠠ ᠶᠢᠨ ᠲᠤᠬᠠᠢ ᠡᠷᠳᠡᠮᠲᠡᠳ ᠡᠯᠳᠡᠪ ᠵᠦᠢᠯ ᠢᠶᠠᠷ ᠬᠤᠩᠭᠢᠨ ᠬᠤᠴᠢᠯᠠᠵᠦ ᠲᠠᠶᠢᠯᠪᠦᠷᠢ ᠭᠢᠭᠰᠡᠨ ᠪᠥᠭᠡᠳ ᠭᠤᠤᠯ ᠨᠢ ︽ᠲᠦᠩᠭᠡᠯᠢᠭ︾ ᠭᠡᠳᠡᠭ ᠤᠨ ᠤᠳᠬ᠎ᠠ ᠨᠢ ︽︿ᠲᠦᠩ﹀ ᠭᠡᠮᠡᠭᠴᠢ ᠰᠢᠭᠤᠢ ᠪᠤᠶᠤ ︿ᠲᠦᠩᠭᠡᠯᠢᠭ﹀ ᠭᠡᠮᠡᠭᠴᠢ ᠰᠢᠭᠤᠢ ᠪᠤᠭᠦᠢ ᠭᠠᠵᠡᠷ ᠢ ᠭᠡᠯᠡᠵᠠᠢ᠃ ︿ᠲᠦᠩᠭᠡᠯᠢᠭ ᠭᠤᠷᠤᠬ᠎ᠠ﹀ ᠭᠡᠪᠡᠯ ᠰᠢᠭᠤᠢ ᠶᠢᠨ ᠲᠤᠮᠳᠠᠭᠤᠷ ᠤᠷᠤᠰᠴᠤ ᠪᠤᠭᠦᠢ ᠪᠢᠴᠢᠬᠠᠨ ᠭᠤᠤᠯ ᠢ ᠭᠡᠯᠡᠵᠦ ᠪᠤᠢ︾ ② ᠭᠡᠵᠦ᠃ ᠵᠠᠷᠢᠮ ᠨᠢ᠄ ︽᠁ ᠁ ︿ᠲᠦᠩᠭᠡᠯᠢᠭ﹀ ᠭᠡᠭᠴᠢ ︿ᠲᠦᠩ﹀ ᠭᠡᠭᠦ ᠦᠭᠡ ᠳᠤ ︿ᠯᠢᠭ﹀ ᠲᠠᠭᠠᠪᠤᠷᠢ ᠵᠠᠯᠭᠠᠵᠦ ︿ᠲᠦᠩᠭᠡᠯᠢᠭ﹀ ᠭᠡᠭᠦ ᠨᠡᠷ᠎ᠠ ᠡᠭᠦᠰᠭᠡᠭᠰᠡᠨ ᠪᠠᠶᠢᠨ᠎ᠠ᠃ ᠲᠠᠩ ︿ᠲᠥᠩ﹀ ᠭᠡᠭᠦ ᠦᠭᠡ ᠨᠢ ︿ᠤᠢ﹀ ︿ᠰᠢᠭᠤᠢ﹀ ᠮᠡᠲᠦ ᠤᠳᠬ᠎ᠠ ᠲᠠᠢ᠃ ︽ᠬᠠᠳ ᠤᠨ ᠦᠨᠳᠦᠰᠦᠨ ᠬᠤᠷᠢᠶᠠᠩᠭᠤᠢ ᠠᠯᠳᠠᠨ ᠲᠤᠪᠴᠢ︾ ᠳᠤ᠄ ︽ᠲᠡᠮᠦᠵᠢᠨ ᠲᠡᠷᠠ ᠦᠭᠡ ᠶᠢ ᠰᠤᠨᠤᠰᠤᠮᠠᠭᠴᠠ ᠤᠨᠤᠨ ᠤ ᠲᠥᠩ ᠳᠤᠷ ᠰᠠᠮ ᠢᠶᠠᠷ ᠤᠷᠤᠵᠦ ᠨᠢᠭᠤᠪᠠᠢ ᠁ ᠲᠥᠩ ᠳᠤᠷ ᠭᠤᠷᠪᠠ ᠬᠤᠨᠤᠵᠦ ᠭᠠᠷᠴᠤ ᠢᠷᠡᠪᠠ ᠁︾ ᠭᠡᠵᠠᠢ ︵ᠥᠪᠤᠷ ᠮᠤᠩᠭᠤᠯ ᠤᠨ ᠠᠷᠠᠳ ᠤᠨ ᠭᠡᠪᠯᠡᠯ  ᠤᠨ ᠬᠤᠷᠢᠶ᠎ᠠ᠂1980︶᠃ ᠲᠦᠩᠭᠡᠯᠢᠭ ᠭᠤᠷᠤᠬ᠎ᠠ ᠭᠡᠪᠡᠯ ᠰᠢᠭᠤᠢ ᠶᠢᠨ ᠲᠤᠮᠳᠠᠭᠤᠷ ᠤᠷᠤᠰᠤᠵᠦ ᠪᠦᠭᠦᠢ ᠭᠤᠷᠤᠬᠠᠨ ᠤ ᠨᠡᠷ᠎ᠠ ᠪᠠᠷ ᠨᠡᠷᠡᠯᠡᠭᠰᠠᠨ ᠭᠠᠵᠠᠷ ᠤᠨ ᠨᠡᠷ᠎ᠠ ᠪᠤᠯᠤᠨ᠎ᠠ᠃ ᠲᠤᠷᠤᠭᠰᠢ ᠭᠠᠷᠬᠤ ︿ᠤᠨᠤᠨ ᠤᠨ ᠲᠦᠨ﹀ ︿ᠬᠠᠷ᠎ᠠ ᠲᠦᠨ﹀ ᠪᠤᠯ ᠴᠥᠮ ︿ᠲᠦᠩ﹀ ᠠᠪᠢᠶᠠᠨ ᠤᠨ ᠬᠤᠪᠢᠯᠪᠤᠷᠢ᠂ ︿ᠩ᠊﹀ ᠭᠡᠶᠢᠭᠦᠯᠦᠭᠴᠢ ᠠᠪᠢᠶ᠎ᠠ ︿ᠨ᠊﹀ ᠪᠠᠷ ᠰᠤᠯᠢᠭᠳᠠᠭᠰᠠᠨ ᠪᠠᠶᠢᠨ᠎ᠠ᠃ ᠡᠶᠢᠮᠦ ᠦᠵᠡᠭᠳᠡᠯ ᠤᠷᠴᠢᠨ ᠴᠠᠭ ᠤᠨ ᠮᠤᠩᠭᠤᠯ ᠭᠡᠯᠡᠨ ᠳᠤ ᠪᠠᠰᠠ ᠵᠦᠩᠳᠡᠭᠡᠨ ᠬᠠᠷᠠᠭᠳᠠᠨ᠎ᠠ︾ ③ ᠭᠡᠵᠦ ᠲᠠᠶᠢᠯᠪᠦᠷᠢᠯᠠᠵᠦ ᠪᠠᠶᠢᠬᠤ ᠳᠤ ᠵᠠᠷᠢᠮ ᠨᠢ ︽ᠲᠦᠩᠭᠡᠯᠢᠭ ᠭᠡᠮᠡᠭᠦ ᠢᠨᠦ ᠡᠷᠭᠢᠨ ᠲᠤᠭᠤᠷᠢᠬᠤ᠂ ᠪᠦᠰᠡᠯᠡᠭᠦ᠂ ᠬᠠᠰᠢᠵᠦ ᠬᠠᠭᠠᠬᠤ ᠭᠡᠰᠡᠨ ᠤᠳᠬ᠎ᠠ ᠲᠠᠢ᠂ ᠲᠦᠩᠭᠡᠯᠢᠭ ᠭᠤᠤᠯ ᠤᠨ ᠨᠡᠷ᠎ᠠ ᠶᠢ ᠲᠤᠭᠤᠷᠢᠨ ᠤᠷᠤᠰᠠᠬᠤ ᠭᠤᠷᠤᠬ᠎ᠠ ᠭᠡᠮᠡᠵᠦ ᠪᠤᠯᠤᠮᠤᠢ︾④ ᠭᠡᠵᠠᠢ᠃ ︽ᠮᠣᠩᠭᠤᠯ ᠤᠨ ᠨᠢᠭᠤᠴᠠ ᠲᠤᠪᠴᠢᠶᠠᠨ︾  ᠢ ᠤᠶᠢᠭᠤᠷ ᠭᠡᠯᠡᠨ ᠳᠤ ᠤᠷᠴᠢᠭᠤᠯᠦᠭ᠌ᠴᠢ ᠡᠷᠭᠢᠨ᠂ ᠱᠢᠷᠢᠹ ︵艾尔肯᠂希力甫︶ ᠠᠴᠠ᠄ ︽ᠲᠦᠩᠭᠡᠯᠢᠭ ᠭᠤᠷᠤᠬᠠᠨ︾ ᠭᠡᠳᠡᠭ ᠦᠭᠡ ᠤᠨ ︿ᠲᠦᠩᠭᠡᠯᠢᠭ﹀ ᠭᠡᠳᠡᠭ ᠤᠨ ᠤᠳᠬ᠎ᠠ ᠨᠢ ︿ᠲᠥᠭᠦᠷᠢᠭ᠂ ᠲᠤᠭᠤᠷᠢᠭ﹀ ᠭᠡᠰᠡᠨ ᠦᠭᠡ᠂ ︿ᠭᠤᠷᠤᠬᠠᠨ﹀ ᠭᠡᠳᠡᠭ ᠨᠢ ︿ᠲᠠᠯᠠᠢ﹀ ᠭᠡᠰᠡᠨ ᠤᠳᠬᠠᠲᠠᠢ ᠭᠡᠵᠦ ︽ᠲᠤᠭᠤᠷᠢᠨ ᠤᠷᠤᠰᠠᠬᠤ ᠭᠤᠤᠯ ︵ᠲᠤᠭᠤᠷᠢᠭ ᠭᠤᠤᠯ︶︾ ᠭᠡᠵᠦ ᠲᠠᠶᠢᠯᠪᠦᠷᠢᠯᠡᠭᠰᠠᠨ⑤ᠪᠠᠶᠢᠨ᠎ᠠ᠃ ᠦᠢᠭᠤᠷ ᠭᠡᠯᠡᠨ‌‍ᠳᠤ düglek⑥ ᠬᠠᠰᠠᠭ ᠭᠡᠯᠡᠨ ᠳᠤ dönggelek⑦ ᠭᠡᠳᠡᠭ ᠤ ᠦᠨᠡᠭᠡᠷᠲᠠᠨ ᠴᠤ ᠲᠥᠭᠦᠷᠢᠭ᠂ ᠲᠤᠭᠤᠷᠢᠭ ᠭᠡᠰᠡᠨ ᠦᠭᠡ ᠶᠤᠮ᠃ ᠬᠠᠷᠢᠨ ᠥᠪᠤᠷ ᠮᠤᠩᠭᠤᠯ ᠤᠨ ᠶᠡᠭᠡ ᠰᠤᠷᠭᠠᠭᠤᠯᠢ ᠶᠢᠨ ᠡᠷᠳᠡᠮᠳᠡᠨ ᠪᠦᠷᠢᠨᠪᠠᠲᠤ ᠠᠴᠠ ︽︿ᠲᠦᠩᠭᠡᠯᠢᠭ ᠭᠤᠷᠤᠬᠠᠨ﹀ ᠪᠠ ︿ᠪᠤᠷᠬᠠᠨ ᠬᠠᠯᠳᠤᠨ﹀ ᠤ ᠲᠤᠬᠠᠢ ᠲᠠᠭᠠᠮᠠᠭ︾ ᠭᠡᠭᠦ ᠦᠭᠦᠯᠡᠯ ᠳᠡᠭᠡᠨ ︽ᠲᠦᠩᠭᠡᠯᠢᠭ︾ ᠭᠡᠳᠡᠭ ᠪᠤᠯ ︽ᠲᠡᠷᠡᠰᠤᠲᠦ︾ ᠭᠡᠰᠡᠨ ᠦᠭᠡ ᠶᠤᠮ᠃ ︽ᠲᠦᠩᠭᠡᠯᠢᠭ ᠭᠤᠷᠤᠬ᠎ᠠ︾ ᠪᠤᠯ ︽ᠲᠡᠷᠡᠰᠤᠳᠤ ᠭᠤᠷᠤᠬ᠎ᠠ︾- ︽ᠲᠡᠷᠡᠰᠤᠳᠤ ᠭᠠᠵᠠᠷ ᠤᠨ ᠭᠤᠷᠤᠬ᠎ᠠ︾ ᠪᠤᠯᠤᠨ᠎ᠠ᠃ ᠲᠡᠷᠡᠰᠤ ᠲᠠᠢ ᠭᠠᠵᠠᠷ ᠠᠴᠠ ᠤᠨᠳᠤᠷᠤᠭᠰᠠᠨ ᠪᠤᠶᠤ ᠲᠡᠷᠡᠰᠤ ᠲᠠᠢ ᠭᠠᠵᠠᠷ ᠢᠶᠠᠷ ᠤᠷᠤᠰᠤᠵᠦ ᠪᠦᠭᠦᠢ ᠭᠤᠷᠤᠬ᠎ᠠ ᠪᠠᠶᠢᠵᠦ ᠲᠠᠭᠠᠷᠠᠨ᠎ᠠ ⑧ ᠭᠡᠵᠦ ᠲᠠᠶᠢᠯᠪᠦᠷᠢ ᠭᠢᠭᠰᠡᠨ ᠨᠢ ᠤᠷᠤ ᠮᠥᠷᠦ ᠲᠠᠢ᠂ ᠵᠢᠱᠢᠶ᠎ᠡ ᠲᠠᠲᠠᠵᠦ ᠭᠡᠯᠡᠭᠰᠡᠨ ᠵᠦᠢᠯᠡᠰ ᠨᠢ ᠴᠤ ᠭᠦᠮᠦᠰ ᠢ ᠦᠨᠡᠮᠰᠢᠯᠡᠭᠦ ᠭᠦᠴᠦ ᠲᠠᠢ ᠪᠤᠯᠬᠤ ᠪᠤᠯᠪᠠᠴᠤ ᠨᠡᠩ ᠨᠠᠷᠢᠨ ᠭᠦᠨᠵᠡᠭᠡᠢ ᠲᠠᠶᠢᠯᠪᠦᠷᠢᠯᠠᠯᠳᠠ ᠪᠤᠯᠤᠭᠰᠠᠨ ᠦᠭᠡᠢ ᠪᠠ ︽ᠯᠢᠭ︾ ᠭᠡᠭᠦ ᠲᠡᠮᠳᠡᠭ ᠨᠡᠷ᠎ᠠ ᠡᠭᠦᠰᠭᠡᠭᠦ ᠲᠠᠭᠠᠪᠤᠷᠢ ᠶᠢ ︽ᠲᠦᠷᠦᠭ︾ ᠭᠠᠷᠤᠯᠲᠠᠢ ᠲᠠᠭᠠᠪᠤᠷᠢ ᠭᠡᠵᠦ ᠦᠵᠡᠭᠦ ᠨᠢ ᠴᠤ ᠵᠥᠪ ᠪᠢᠰᠢ  ᠪᠥᠭᠡᠳ ᠤᠩᠰᠢᠭᠴᠢᠳ ᠲᠤ ᠢᠯᠡᠩᠭᠤᠶ᠎ᠠ ᠵᠠᠯᠠᠭᠤ ᠨᠢᠭᠡ ᠦᠶ᠎ᠡ ᠶᠢᠨ ᠭᠦᠮᠦᠰ ᠲᠤ ᠵᠥᠪ᠂ ᠪᠦᠷᠢᠨ ᠭᠦᠢᠴᠡᠰ ᠥᠢᠯᠠᠭᠤᠯᠬᠤ ᠲᠠᠯᠠᠷ ᠲᠤᠳᠠᠮᠠᠭ ᠪᠤᠯᠤᠭᠰᠠᠨ ᠭᠡᠵᠦ ᠦᠵᠡᠭᠰᠡᠨ ᠠᠴᠠ ᠲᠤᠰ ᠦᠭᠡ ᠶᠢ ᠮᠡᠭᠦᠰ ᠪᠢ ᠪᠠᠷ ᠲᠠᠶᠢᠯᠪᠤᠷᠢᠯᠠᠯᠳᠠ ᠬᠢᠬᠦ ᠰᠠᠨᠠᠭ᠎ᠠ ᠲᠠᠢ ᠪᠠᠶᠢᠨ᠎ᠠ᠃          ︽ᠲᠦᠩᠭᠡᠯᠢᠭ ᠭᠤᠷᠤᠬᠠᠨ︾ ᠭᠡᠳᠡᠭ ᠤᠨ ︽ᠲᠦᠩᠭᠡᠯᠢᠭ︾ ᠭᠡᠭᠦ ᠦᠭᠡ ᠤᠨ ᠢᠵᠢᠭᠤᠷ ᠨᠢ ︽ᠲᠦᠩ tüng︾ ᠪᠤᠶᠤ ︽ᠲᠦᠩᠭᠡ tüngge︾ ᠪᠤᠯᠤᠨ᠎ᠠ᠃ ᠵᠠᠷᠢᠮ ᠨᠤᠲᠤᠭ ᠤᠨ ᠠᠶᠠᠯᠭᠤᠨ ᠳᠤ ︿ᠲᠦᠩ tüng﹀ ᠭᠡᠳᠡᠭ ᠪᠤᠯᠪᠠᠴᠤ ᠤᠯᠠᠩᠭᠢ ᠨᠤᠲᠤᠭ ᠤᠨ ᠠᠶᠠᠯᠭᠤᠨ ᠳᠤ ︿ᠲᠦᠩᠭᠡ tüngge﹀ ᠭᠡᠨ᠎ᠠ᠃ ︽ᠲᠤᠪᠴᠢᠶᠠᠨ︾ ᠳᠤ ᠴᠤ ︽ᠲᠦᠩᠭᠡ︾ ᠭᠡᠳᠡᠭ ᠦᠭᠡ ᠪᠤᠢ᠃ ᠡᠨᠠ ᠨᠢ ᠪᠠᠭ᠂ ᠰᠠᠬᠤᠯᠤᠭ ᠤᠷᠭᠤᠳᠠᠭ ᠤᠷᠭᠤᠮᠡᠯ ᠪᠥᠭᠡᠳ ᠭᠤᠤᠯ ᠨᠢ ᠤᠯᠠᠨ ᠦᠶᠡᠳᠦ ᠤᠷᠭᠤᠮᠠᠯ ᠡᠪᠡᠰᠤ ᠪᠤᠯᠤᠭᠠᠳ ᠲᠤᠩ ᠪᠠᠭ᠎ᠠ ᠳᠠᠭᠠᠨ ᠭᠤᠷᠪᠡᠨ ᠦᠶ᠎ᠡ ᠦᠶᠡᠯᠠᠳᠠᠭ ᠪᠤᠳᠤᠯᠠᠨ ᠤᠷᠭᠤᠳᠠᠭ ᠤᠷᠭᠤᠮᠠᠯ ᠶᠤᠮ( ᠯᠤ᠂ ᠠᠯᠳᠠᠨ ᠲᠤᠪᠴᠢ ᠳᠤ ᠭᠡᠯᠡᠵᠦ ᠪᠠᠶᠢᠬᠤ ᠁ ᠲᠥᠩ ᠳᠤᠷ ᠭᠤᠷᠪᠠ ᠬᠤᠨᠤᠵᠦ ᠭᠠᠷᠴᠤ ᠢᠷᠡᠪᠠ ᠁ ᠭᠡᠵᠦ ᠪᠠᠶᠢᠬᠤ ᠨᠢ ᠲᠦᠩᠭᠡ ᠲᠤᠳᠤᠷ᠎ᠠ ᠬᠤᠨᠤᠭᠰᠠᠨ ᠶᠢ ᠭᠡᠯᠡᠵᠦ ᠪᠤᠢ )᠃ ᠬᠠᠪᠤᠷ ᠤᠨ ᠴᠠᠭ ᠲᠤ ᠰᠢᠨ᠎ᠠ ᠰᠢᠨ᠎ᠠ ᠤᠷᠭᠤᠵᠦ ᠭᠠᠷᠬᠤ ᠳᠠᠭᠠᠨ ᠭᠥᠭᠡ ᠥᠩᠭᠡᠲᠠᠢ ︵ᠨᠤᠭᠤᠭᠠᠨ︶ ᠤᠷᠭᠤᠵᠦ ᠭᠤᠤᠯ ᠨᠢ ᠵᠥᠭᠡᠯᠡᠨ ᠲᠡᠭᠡᠷ᠎ᠠ ᠪᠠᠨ ᠢᠳᠡᠭᠦ ᠳᠤ ᠠᠮᠢᠳᠠᠶᠢᠬᠠᠨ ᠠᠮᠲᠡᠲᠠᠢ ᠰᠢᠭᠦᠰᠦᠯᠢᠭ ᠪᠠᠶᠢᠳᠠᠭ᠃ ᠬᠠᠪᠤᠷ ᠤᠨ ᠠᠳᠠᠭ ᠰᠠᠷ᠎ᠠ ᠠᠴᠠ ᠵᠤᠨ ᠤᠨ ᠤᠯᠠᠷᠡᠯ ᠳᠤ ᠭᠦᠮᠦᠰ ᠡᠭᠦᠨ ᠢ ᠶᠠᠭ ᠰᠠᠷᠢᠮᠰᠠᠭ ᠤᠨ ᠭᠤᠤᠯ ᠰᠤᠭᠤᠯᠠᠬᠤ ᠮᠡᠲᠦ ᠲᠠᠲᠠᠵᠦ ᠰᠤᠭᠤᠯᠳ ᠪᠤᠯᠭᠠᠯᠡᠵᠤ ᠤᠮᠳᠠ ᠪᠤᠯᠭᠠᠭᠠᠤᠨ ᠵᠠᠵᠢᠯᠠᠵᠦ ᠢᠳᠡᠳᠠᠭ᠃ ᠡᠭᠦᠨ ᠢ ᠰᠢᠭᠡᠮᠡᠭ ﹇shi:meg﹈ ᠭᠡᠳᠡᠭ᠃ ᠨᠠᠮᠤᠷ ᠪᠤᠯᠵᠦ ᠡᠪᠡᠰᠦᠨ ᠤ ᠰᠢᠭᠦᠰᠦᠨ ᠬᠠᠳᠠᠬᠤ ᠦᠶ᠎ᠡ ᠳᠤ ᠭᠤᠤᠯ ᠨᠢ ᠤᠷᠲᠤ ᠤᠷᠭᠤᠵᠦ ᠴᠠᠭᠠᠨ ᠥᠩᠭᠡᠲᠠᠢ ᠪᠤᠯᠵᠦ ᠬᠠᠲᠠᠭᠤᠷᠴᠦ ᠪᠤᠯᠪᠡᠰᠤᠷᠳᠠᠭ ᠪᠥᠭᠡᠳ ᠲᠡᠷᠠ ᠦᠶ᠎ᠡ ᠳᠤ ᠲᠠᠲᠠᠵᠦ ᠰᠤᠭᠤᠯᠠᠪᠠᠯ ᠦᠨᠳᠦᠰᠦ ᠪᠠᠷ ᠢᠶᠠᠨ ᠰᠤᠭᠤᠷᠴᠦ ᠭᠠᠷᠳᠠᠭ᠃ ᠡᠭᠦᠨ ᠢ ᠨᠢ ︽ᠳᠡᠷᠠᠰᠦ ~ ᠳᠡᠷᠠᠰᠦᠨ dersen︾ ᠭᠡᠳᠡᠭ᠃ ᠲᠠᠭᠦᠨ ᠢ ᠲᠠᠲᠠᠵᠦ ᠰᠤᠭᠤᠯᠠᠬᠤ ᠳᠤ ᠡᠩ ᠤᠨ ᠦᠶ᠎ᠡ( ᠨᠠᠮᠤᠷ ᠤᠨ ᠤᠯᠢᠷᠠᠯ) ᠳᠤ ᠡᠨᠡᠭᠦ ᠲᠦᠩᠭᠡ  ᠤᠨ ᠢᠷᠠᠭᠤᠷ ︵ᠶᠤᠷᠤᠯ︶ ᠨᠢ ᠬᠠᠳᠠᠭᠤ ᠪᠤᠯᠬᠤᠷ ᠲᠠᠲᠠᠵᠦ ᠰᠤᠭᠤᠯᠬᠤ ᠳᠤ ᠭᠦᠴᠢᠷᠲᠠᠢ ᠠᠴᠠ ᠬᠤᠷ᠎ᠠ ᠪᠤᠷᠤᠭᠠᠨ ᠤᠰᠤ ᠲᠠᠢ ᠴᠢᠭᠡᠯᠢᠭ ᠦᠶ᠎ᠡ ᠳᠤ ᠲᠠᠲᠠᠵᠦ ᠰᠤᠭᠤᠯᠠᠬᠤ ᠤ ᠠᠮᠤᠷ ᠪᠠᠶᠢᠳᠠᠭ ᠠᠴᠠ ᠪᠤᠷᠤᠭᠠᠨ ᠲᠠᠢ ᠡᠲᠦᠷ ᠴᠢᠯᠭᠡᠷᠮᠡᠭᠴᠠ ᠪᠤᠶᠤ ᠴᠠᠰᠤ ᠮᠥᠰᠦ ᠬᠠᠶᠢᠯᠠᠵᠦ ᠬᠠᠪᠤᠷ  ᠪᠤᠯᠵᠦ ᠲᠦᠩᠭᠡ ᠶᠢᠨ ᠰᠠᠭᠤᠷᠢ ᠤ ᠴᠢᠭᠡᠯᠢᠭ ᠴᠠᠭ ᠲᠤ ᠲᠡᠷᠡᠰᠦ ᠢ ᠨᠢ ᠲᠠᠳᠠᠵᠦ ᠰᠤᠭᠤᠯᠳ ᠬᠤᠷᠢᠶᠠᠵᠦ ᠠᠪᠤᠭᠠᠳ ᠲᠠᠭᠢᠨ ᠬᠠᠯᠢᠰᠤ ᠶᠢ ᠨᠢ ᠠᠷᠴᠢᠵᠦ ᠪᠤᠯᠤᠭᠠᠳ ᠨᠠᠷᠢᠨ ᠨᠤᠤᠰᠤᠨ ᠤᠳᠤᠰᠤ ᠪᠠᠷ ᠨᠡᠭᠡᠵᠦ ᠭᠡᠳᠡᠭ ᠡᠳ᠋ ᠶᠤᠮ᠃ ᠡᠭᠦᠨ ᠢ ᠪᠠᠰᠠ ︿ᠲᠡᠷᠡᠰᠦᠨ﹀ ᠭᠢᠳᠡᠭ᠃ ᠡᠭᠦᠨ ᠢ ᠬᠢᠬᠦ  ᠳᠤ ᠬᠠᠯᠢᠰᠦᠯᠠᠵᠤ ᠠᠷᠴᠢᠭᠰᠠᠨ ᠲᠡᠷᠡᠰᠤᠨ᠂ ᠲᠡᠷᠡᠰᠦᠨ ᠤ ᠴᠠᠬ᠎ᠠ᠂ ᠲᠡᠷᠠᠰᠤᠨ ᠤ ᠭᠤᠤᠯ᠂ ᠲᠡᠷᠠᠰᠤᠨ ᠤ ᠴᠢᠯᠠᠭᠤᠨ ᠂ ᠲᠡᠷᠠᠰᠤᠨ ᠮᠥᠷ ᠵᠡᠷᠭᠡ ᠶᠢ ᠪᠡᠯᠠᠳᠬᠡᠬᠦ ᠭᠡᠷᠡᠭᠳᠠᠢ ᠪᠠᠶᠢᠳᠠᠭ᠃ ᠲᠡᠷᠠᠰᠤᠨ ᠤ ᠴᠠᠬ᠎ᠠ ᠭᠡᠳᠡᠭ ᠨᠢ ᠠᠴᠠᠲᠠᠢ ᠲᠤᠯᠠᠭᠠᠭᠤᠷᠢ ᠬᠤᠶᠠᠷ ᠮᠤᠳᠤ ᠶᠤᠮ᠃ ᠲᠡᠷᠡᠰᠤᠨ ᠤ ᠭᠤᠤᠯ ᠭᠡᠳᠡᠭ ᠨᠢ ᠬᠤᠶᠠᠷ ᠴᠠᠬ᠎ᠠ ᠶᠢᠨ ᠲᠤᠮᠳᠠ ᠡᠯᠭᠦᠭᠦ( ᠵᠤᠭᠢᠬᠤ ᠭᠡᠮᠵᠢᠶᠠᠨ ᠤ ᠵᠠᠶᠢᠲᠠᠢ ᠭᠡᠷᠴᠢᠮᠯᠡᠭᠰᠡᠨ ᠭᠡᠷᠴᠢᠮ ᠲᠠᠢ)ᠭᠥᠨᠳᠡᠯᠡᠩ ᠮᠤᠳᠤ ᠶᠤᠮ᠃ ᠲᠡᠷᠠᠰᠤᠨ ᠤ ᠴᠢᠯᠠᠭᠤ ᠭᠡᠳᠡᠭ ᠨᠢ ᠲᠡᠷᠠᠰᠤᠨ ᠤ ᠮᠥᠷ ᠪᠠᠷ ᠭᠡᠯᠭᠡᠵᠦ ᠨᠡᠭᠡᠭᠦ ᠤᠳᠠᠰᠤ ᠶᠢ ᠤᠷᠢᠶᠠᠬᠤ ᠤᠷᠳᠤᠯᠵᠢᠨ ᠭᠡᠯᠪᠡᠷᠢ ( ᠨᠤᠤᠰᠤᠨ ᠤᠳᠠᠰᠤ ᠶᠢ ᠤᠷᠢᠶᠠᠵᠦ ᠬᠤᠶᠠᠷ ᠲᠠᠯ᠎ᠠ ᠳᠤ ᠰᠤᠯᠪᠡᠯᠳᠠᠭᠤᠯᠠᠨ ᠲᠠᠭᠦᠵᠢᠯᠡᠭᠦ ᠳᠤ ᠭᠡᠷᠭᠡᠯᠡᠳᠡᠭ) ᠲᠠᠢ ᠲᠠᠭᠢᠶ᠎ᠠ᠂ ᠭᠠᠯᠠᠭᠤᠨ ᠤ ᠥᠨᠳᠡᠭᠡ ᠤ ᠴᠢᠨᠡᠭᠡᠨ ᠴᠢᠯᠠᠭᠤ ᠶᠤᠮ᠃(● ᠡᠷᠳᠡᠨ ᠤ ᠦᠶ᠎ᠡ ᠳᠤ ᠨᠤᠤᠰᠤᠨ ᠤᠳᠤᠰᠤ ᠤᠷᠢᠶᠠᠵᠦ ᠲᠠᠭᠦᠵᠢᠯᠡᠭᠦ ᠳᠤ ᠵᠤᠭᠢᠬᠤ ᠭᠡᠮᠵᠢᠶᠠᠨ ᠤ ᠭᠦᠨᠳᠦᠴᠠ ᠲᠠᠢ᠂ ᠤᠷᠳᠤᠯᠵᠢᠨ ᠪᠠᠭᠠᠵᠢ ᠭᠡᠷᠡᠭᠰᠢᠯ ᠬᠤᠪᠤᠷ ᠠᠴᠠ ᠴᠢᠯᠠᠭᠤ ᠭᠡᠷᠭᠡᠯᠡᠨ᠎ᠠ )᠃ ᠡᠷᠳᠡᠨ ᠤ ᠦᠶ᠎ᠡ ᠳᠤ ᠨᠤᠤᠰᠤᠨ ᠤᠳᠡᠰᠤ᠂ ᠲᠡᠷᠰᠦᠨ ᠤ ᠮᠥᠷ ᠵᠡᠷᠭᠡ ᠪᠠᠷ ᠰᠤᠯᠪᠢᠵᠦ ᠭᠡᠯᠭᠢᠵᠦ ᠨᠡᠭᠡᠭᠡᠳ ᠴᠠᠭᠠᠨ ᠢᠳᠡᠭᠡᠨ ᠤ ᠬᠤᠷᠤᠳ᠂ ᠡᠭᠡᠵᠢᠭᠡᠢ ᠪᠤᠶᠤ ᠪᠤᠰᠤᠳ ᠵᠦᠢᠯ ᠢ ᠲᠡᠭᠡᠷ᠎ᠠ ᠨᠢ ᠲᠡᠯᠭᠡᠨ ᠬᠠᠭᠰᠠᠭᠠᠵᠦ ᠬᠠᠳᠠᠭᠠᠬᠤ ᠡᠳ᠋ ᠭᠡᠳᠡᠭ ᠪᠥᠭᠡᠳ ᠡᠪᠭᠡᠵᠦ ᠬᠤᠷᠢᠶᠠᠨ ᠪᠠᠭᠯᠠᠵᠦ ᠶᠠᠪᠤᠬᠤ ᠳᠤ ᠴᠤ ᠲᠥᠭᠦᠮ ᠪᠠᠶᠢᠳᠠᠭ᠃ ᠪᠠᠰᠠ ᠢᠰᠡᠭᠡᠢ ᠭᠡᠷ ᠤᠨ ᠲᠡᠷᠡᠮ᠎ᠠ ᠶᠢ ᠤᠷᠢᠶᠠᠵᠦ ᠪᠦᠰᠡᠯᠡᠭᠦ ᠡᠳ᠋ ᠭᠢᠨ᠎ᠠ᠃ ᠮᠥᠨ ᠴᠤ ᠮᠤᠩᠭᠤᠯ ᠭᠡᠷ ᠤᠨ ᠡᠭᠦᠳ᠋ᠨ ᠶᠢ ᠲᠤᠰ ᠲᠡᠷᠡᠰᠤ ᠪᠠᠷ ᠨᠡᠭᠡᠵᠦ ᠭᠠᠳᠠᠷ ᠲᠠᠯ᠎ᠠ ᠶᠢ ᠨᠢ ᠢᠰᠠᠭᠡᠢ ᠪᠤᠶᠤ ᠬᠠᠳᠠᠭᠤ ᠪᠥᠰ ᠪᠠᠷ ᠪᠦᠷᠢᠵᠦ ᠡᠭᠦᠳᠠ ᠭᠡᠳᠡᠭ᠃ ᠡᠭᠦᠨ ᠢ ︽ᠲᠡᠷᠰᠤᠨ ᠡᠭᠦᠳᠠ︾ ᠭᠡᠳᠡᠭ᠃ ᠡᠨᠡᠭᠦ ᠲᠡᠷᠰᠤ ᠤᠷᠭᠤᠵᠦ ᠭᠠᠷᠬᠤ ᠦᠶ᠎ᠡ ᠳᠤ ᠡᠭᠦᠨ ᠤ ᠤᠩᠭᠢ ᠶᠢ ᠡᠷᠭᠡᠵᠦ ᠰᠠᠭᠤᠷᠢ ᠨᠢ ᠨᠢᠭᠡ ᠤᠷᠭᠤᠭᠰᠠᠨ ᠡᠪᠡᠰᠤ ᠶᠢ ᠨᠢ ᠲᠦᠩᠭᠡ ᠤᠨ ᠰᠠᠭᠠᠭ ᠭᠡᠳᠡᠭ᠃ ᠰᠠᠭᠠᠭ᠂ ᠰᠢᠭᠡᠮᠢᠭ᠂(ᠡᠨᠠ ᠨᠢ ᠲᠡᠷᠡᠰᠤᠨ ᠤ ᠤᠭ ᠦᠶᠡᠯᠡᠨ ᠭᠠᠷᠬᠤ ᠡᠭᠢᠨ ᠤ ᠤᠷᠭᠤᠮᠡᠯ᠂ ᠬᠤᠶᠢᠨ᠎ᠠ ᠨᠢ ᠬᠠᠳᠠᠵᠦ ᠪᠤᠯᠪᠡᠰᠤᠷᠬᠤ ᠳᠤ ᠰᠠᠶ᠋ᠢ ᠳᠡᠷᠠᠰᠦᠨ ᠭᠡᠨ᠎ᠠ᠃)ᠲᠡᠷᠠᠰᠤ ᠴᠥᠮ ᠶᠢ ᠨᠢ ᠨᠢᠭᠡᠳᠭᠡᠵᠦ ︽ᠲᠦᠩᠭᠡ︾ ᠭᠡᠳᠡᠭ᠃ ᠭᠢᠳᠠᠳ ᠢᠶᠠᠷ芨芨草 ᠭᠡᠳᠡᠭ ᠶᠤᠮ᠃ ᠡᠨᠡᠭᠦ ︿ᠲᠦᠩᠭᠡ﹀ ᠭᠡᠭᠦ ᠡᠪᠡᠰᠦᠨ ᠤ ᠲᠦᠷᠤᠯ ᠤᠨ ᠤᠷᠭᠤᠮᠠᠯ ᠬᠤᠷ᠎ᠠ ᠪᠤᠷᠤᠭᠠᠨ ᠤ ᠤᠰᠤ ᠶᠡᠭᠡ ᠪᠤᠶᠤ ᠭᠦᠮᠦᠨ ᠤ ᠭᠦᠴᠦ ᠪᠠᠷ ᠤᠰᠤᠯᠠᠪᠠᠯ ᠱᠠᠷ ᠪᠤᠶᠤ ᠦᠷᠢᠶ᠎ᠡ ᠲᠠᠭ᠎ᠠ ᠤᠨᠤᠭᠰᠠᠨ ᠭᠦᠮᠦᠨ ᠲᠤᠲᠤᠷ᠎ᠠ ᠨᠢ ᠤᠷᠤᠪᠠᠯ ᠠᠷᠡᠢ ᠦᠵᠡᠭᠳᠡᠮ᠎ᠠ ᠥᠨᠳᠦᠷ ᠤᠷᠭᠤᠳᠠᠭ᠃ ᠤᠷᠭᠤᠴᠠ ᠨᠢ ᠪᠠᠷᠤᠭ 2 ᠮᠧᠲᠷ ᠤᠷᠴᠢᠮ ᠪᠠᠶᠢᠳᠠᠭ᠃ ︽ᠲᠤᠪᠴᠢᠶᠠᠨ︾ ᠳᠤ ︽ᠲᠦᠩᠭᠡᠯᠢᠭ︾ ᠤᠨ ︽ᠯᠢᠭ︾ ᠨᠢ ᠮᠤᠩᠭᠤᠯ ᠭᠡᠯᠡᠨ ᠤ ᠲᠡᠮᠳᠡᠭ ᠨᠡᠷ᠎ᠠ ᠡᠭᠦᠰᠭᠡᠭᠦ ᠲᠠᠭᠠᠪᠤᠷᠢ ᠪᠤᠯᠤᠨ᠎ᠠ᠃ ᠥᠢᠷᠠᠳᠴᠤᠳ ᠪᠤᠷᠠᠭ᠎ᠠ ᠮᠤᠳᠤ ᠲᠠᠢ ᠭᠠᠵᠠᠷ ᠶᠢ ︽ᠪᠤᠷᠠᠭᠠᠯᠢᠭ ᠭᠠᠵᠠᠷ᠂ ᠮᠤᠳᠤᠯᠢᠭ ᠭᠠᠵᠠᠷ ︾ ᠭᠡᠳᠡᠭ᠃ ᠡᠨᠠ ᠨᠢ ᠪᠤᠷᠠᠭ᠎ᠠ ᠮᠤᠳᠤ ᠶᠡᠭᠡ ᠭᠠᠵᠠᠷ ᠭᠡᠰᠡᠨ ᠤᠳᠬ᠎ᠠ ᠲᠠᠢ ᠶᠤᠮ᠃ ᠤᠰᠤ ᠶᠡᠭᠡ ᠲᠠᠢ ᠭᠠᠵᠠᠷ ᠶᠢ ᠤᠰᠤᠯᠢᠭ ᠭᠠᠵᠠᠷ᠂ ᠤᠰᠤ ᠬᠤᠷᠡᠵᠦ ᠪᠤᠶᠤ ᠬᠤᠷ᠎ᠠ ᠤᠷᠤᠵᠦ ᠨᠤᠷᠭᠤᠭᠰᠠᠨ ᠭᠠᠵᠡᠷ ᠢ ᠴᠢᠭᠡᠯᠢᠭ ᠭᠠᠵᠠᠷ ᠭᠡᠳᠡᠭ ᠴᠤ ᠪᠢᠯᠠ᠃ ᠲᠠᠭᠦᠨᠴᠢᠯᠠᠨ ᠲᠦᠩᠭᠡᠯᠢᠭ ᠭᠡᠵᠦ ᠲᠦᠩᠭᠡ ᠡᠪᠡᠰᠤ ᠶᠡᠭᠡ ᠭᠠᠵᠠᠷ ᠢ ᠭᠡᠯᠡᠳᠡᠭ ᠪᠢᠯᠠ᠃ ᠤᠳᠤ ᠴᠤ ᠡᠷᠳᠡᠨ  ᠤ ᠭᠡᠯᠡᠯᠭᠡ ᠨᠢ ᠠᠮᠢᠳᠦ ᠪᠠᠶᠢᠭᠰᠠᠭᠠᠷ ᠶᠤᠮ᠃ ᠡᠨᠠ ᠨᠢ ᠵᠠᠷᠢᠮ ᠡᠷᠳᠡᠮᠳᠡᠨ ᠤ ᠲᠠᠶᠢᠯᠪᠦᠷᠢᠯᠡᠭᠰᠠᠨ ᠮᠡᠲᠦ ︽ᠤᠢ᠂ ᠰᠢᠭᠤᠢ︾ ᠪᠢᠰᠢ ᠮᠥᠨ ᠴᠤ ︿ᠤᠨᠤᠨ ᠤ ᠲᠦᠨ﹀᠂ ︿ᠬᠠᠷ᠎ᠠ ᠲᠦᠨ᠎ᠠ﹀ ᠲᠠᠢ ᠠᠪᠢᠶᠠᠨ ᠤ ᠬᠤᠪᠢᠯᠪᠦᠷᠢ᠂ ︿ᠩ᠊﹀ ᠭᠡᠶᠢᠭᠦᠯᠦᠭᠴᠢ ᠠᠪᠢᠶ᠎ᠠ ︿ᠨ᠊﹀ ᠪᠠᠷ ᠰᠤᠯᠢᠭᠳᠠᠭᠰᠠᠨ ᠭᠡᠷᠡᠭ ᠴᠤ ᠪᠢᠰᠢ᠂ ︽ᠲᠦᠩ︾ ᠭᠡᠳᠡᠭ ᠲᠦᠩᠭᠡ ᠭᠡᠰᠡᠨ ᠡᠪᠡᠰᠤ ᠤᠷᠭᠤᠮᠡᠯ ᠤᠨ ᠠᠶᠢᠮᠠᠭ ᠲᠤ ᠬᠠᠷᠢᠶᠠᠳᠠᠬᠤ ᠤᠷᠭᠤᠮᠠᠯ ᠪᠤᠯᠤᠨ᠎ᠠ᠃ ᠶᠠᠭ ᠡᠷᠳᠡᠮᠳᠡᠨ ᠪᠦᠷᠢᠨᠪᠠᠲᠤ ᠤᠨ ᠭᠡᠯᠡᠭᠰᠡᠨ ᠮᠡᠲᠦ ︽ᠲᠦᠨ︾ ᠭᠡᠳᠡᠭ ᠶᠢ ︽ᠲᠦᠩᠭᠡ︾ ᠲᠠᠢ ᠬᠤᠯᠪᠤᠨ ᠦᠵᠡᠭᠦ ᠨᠢ ᠵᠤᠭᠢᠰ ᠦᠭᠡᠢ ᠭᠡᠷᠡᠭ᠃ ︽ᠤᠨᠤᠨ ᠤ ᠲᠦᠨ᠂ ᠬᠠᠷ᠎ᠠ ᠲᠦᠨ᠎ᠠ︾ ᠭᠡᠵᠦ ᠪᠠᠶᠢᠬᠤ ᠤ ᠨᠠᠷᠠᠨ ᠤ ᠭᠡᠷᠡᠯ ᠰᠠᠶᠢᠨ ᠲᠤᠰᠠᠬᠤ ᠦᠭᠡᠢ ᠪᠤᠶᠤ ᠪᠠᠭ᠎ᠠ ᠲᠤᠰᠬᠤ ᠬᠠᠷᠠᠩᠭᠤᠢ ᠰᠡᠭᠦᠳᠡᠷᠢ ᠲᠠᠢ᠂ ᠴᠠᠭᠠᠰᠢ ᠨᠢ ᠲᠠᠪᠡᠵᠦ ᠭᠠᠷᠬᠤ ᠭᠦᠴᠢᠷᠲᠠᠢ ᠲᠠᠢ ᠤᠢ ᠰᠢᠭᠤᠢ ᠲᠠᠢ ᠪᠤᠶᠤ ᠡᠭᠴᠡ ᠬᠠᠳᠠ ᠴᠢᠯᠠᠭᠤ ᠲᠠᠢ ᠪᠢᠲᠠᠭᠦᠤ ᠭᠠᠵᠠᠷ ᠶᠢ ︽ᠲᠦᠨ tün ᠪᠤᠶᠤ ᠲᠤᠮ tum︾ ᠭᠡᠵᠦ ᠮᠠᠨ ᠤ ᠦᠢᠷᠡᠳᠴᠤᠳ ᠭᠡᠯᠡᠳᠡᠭ ᠶᠤᠮ᠃ ᠤᠳᠤ ᠴᠤ ᠮᠠᠨ ᠤ ᠨᠤᠲᠤᠭ ᠲᠤ〔ᠬᠤᠨᠴᠠ [honqa] ᠤᠨ ᠲᠤᠮ( ᠭᠦᠮᠦᠨ ᠤ ᠨᠡᠷ᠎ᠠ)᠂ ᠬᠠᠷᠠᠩᠭᠤᠢ ᠲᠤᠮ᠂ ᠰᠠᠶᠢᠬᠠᠨ ᠤ ᠲᠤᠮ ﹇ᠭᠠᠵᠠᠷ ᠤᠨ ᠨᠡᠷ᠎ᠠ﹈ ᠭᠡᠭᠦ ᠮᠡᠲᠦ ᠨᠡᠷ᠎ᠠ ᠲᠠᠢ‌ᠨᠠᠷᠠᠨ  ᠤ ᠭᠡᠷᠡᠯ ᠰᠠᠶᠢᠨ ᠲᠤᠰᠠᠬᠤ ᠦᠭᠡᠢ ᠪᠤᠶᠤ ᠪᠠᠭ᠎ᠠ ᠲᠤᠰᠬᠤ ᠬᠠᠷᠠᠩᠭᠤᠢ ᠰᠡᠭᠦᠳᠡᠷᠢ ᠲᠠᠢ ᠴᠠᠭᠠᠰᠢ ᠲᠠᠪᠠᠵᠦ ᠭᠠᠷᠬᠤ ᠪᠡᠷᠭᠡᠲᠠᠢ ᠭᠠᠵᠠᠷ ᠪᠠᠶᠢᠳᠠᠭ ᠠᠴᠠ ᠲᠡᠭᠡᠷᠡᠭᠢ ᠭᠡᠯᠡᠭᠰᠡᠨ ᠮᠡᠲᠦ ﹇ᠲᠤᠮ﹈ ᠭᠡᠳᠡᠭ ᠪᠢᠯᠠ᠃        ᠵᠠᠭᠦᠯᠳᠠ᠄          ① ᠪᠠᠶᠠᠷ ᠤᠨ ︽ᠮᠤᠩᠭᠤᠯ ᠤᠨ ᠨᠢᠭᠤᠴᠠ ᠲᠤᠪᠴᠢᠶᠠᠨ︾ ᠤ ᠡᠮᠦᠨᠡᠭᠢ ᠦᠭᠡ 15- ᠨᠢᠭᠤᠷ᠃ ᠲᠤᠪᠴᠢᠶᠠᠨ ᠤ 50 - ᠵᠦᠢᠯ᠂ 73 — ᠨᠢᠭᠤᠷ ᠲᠤ ᠦᠵᠡ᠃ ᠥ᠂ ᠮᠤ᠂ ᠠ᠊᠂ ᠭᠡ᠊᠂ ᠬᠤ᠂ 1980ᠤᠨ ᠤ ᠭᠡᠪᠯᠡᠯ᠃        ② ᠲᠤᠷᠤᠨᠠᠲᠢᠪ ᠤᠨ ᠰᠤᠩᠭᠤᠨ ᠲᠠᠶᠢᠯᠪᠦᠷᠢᠯᠠᠭᠰᠠᠨ ︽ᠮᠤᠩᠭᠤᠯ ᠦᠨᠳᠦᠰᠦᠳᠠᠨ ᠤ ᠰᠤᠩᠭᠤᠳᠠᠭ ᠵᠤᠭᠢᠶᠠᠯ  ᠤᠨ ᠰᠤᠩᠭᠤᠮᠠᠯ(1)︾ ᠤᠨ 2 — ᠨᠢᠭᠤᠷ ᠲᠠᠶᠢᠯᠪᠦᠷᠢ⑥ ᠶᠢ ᠦᠵᠡ᠃ ᠥ᠂ ᠮᠤ᠂ ᠰᠤ᠂ ᠭᠦ᠋᠂ ᠭᠡ᠊ ᠬᠤ᠃ 1980 ᠤᠨ ᠤ ᠭᠡᠪᠯᠡᠯ᠃          ③ ᠮᠠᠨᠰᠠᠩ ‍ᠣᠨ‌‍ᠰᠢᠨ᠎ᠠ ᠪᠠᠷ ᠤᠷᠴᠢᠭᠤᠯᠵᠦ ᠲᠠᠶᠢᠯᠪᠦᠷᠢᠯᠠᠭᠰᠠᠨ ︽ᠲᠤᠪᠴᠢᠶᠠᠨ︾ 26 —27 — ᠨᠢᠭᠤᠷ᠂ ᠲᠠᠶᠢᠯᠪᠦᠷᠢ 6 ᠶᠢ ᠦᠵᠡ᠃ ᠥ᠂ ᠮᠤ᠂ ᠠ᠊᠂ ᠭᠡ᠊᠂ ᠬᠤ᠂ 1985 — ᠤᠨ ᠤ ᠭᠡᠪᠯᠡᠯ᠃          ④ ᠡᠯᠳᠡᠭᠲᠠᠢ᠂ ᠠᠷᠳᠠᠵᠠᠪ ᠤᠨ ︽ᠮᠤᠩᠭᠤᠯ ᠤᠨ ᠨᠢᠭᠤᠴᠠ ᠲᠤᠪᠴᠢᠶᠠᠨ — ᠰᠠᠶᠢᠷᠡᠭᠦᠯᠦᠯ ᠲᠠᠶᠢᠯᠪᠦᠷᠢ︾  ᠠᠴᠠ ᠪᠦᠷᠢᠨᠪᠠᠲᠤ ᠵᠢᠱᠢᠶ᠎ᠡ ᠲᠠᠳᠠᠭᠰᠠᠨ ᠢ ᠲᠠᠮ ᠠᠰᠢᠭᠯᠠᠪᠠ᠃ ︽ᠥᠪᠦᠷ ᠮᠤᠩᠭᠤᠯ ᠤᠨ ᠨᠡᠶᠢᠭᠡᠮ ᠤᠨ ᠰᠢᠨᠵᠢᠯᠡᠭᠦ ᠤᠬᠠᠭᠠᠨ︾ ᠰᠡᠳᠭᠦᠯ᠂ 1990 ᠤᠨ ᠤ ᠲᠥᠷᠪᠡᠳᠦᠭᠡᠷ ᠬᠤᠭᠤᠴᠠᠭ᠎ᠠ᠂ 92 —93 — ᠨᠢᠭᠤᠷ᠃          ⑤ ᠡᠷᠭᠢᠨ᠂ ᠱᠡᠷᠢᠹ ︵艾尔肯,希力甫︶ ᠤᠨ ᠦᠢᠭᠤᠷ ᠭᠡᠯᠡᠨ ᠳᠤ ᠤᠷᠴᠢᠭᠤᠯᠤᠭᠰᠠᠨ ︽ᠮᠤᠩᠭᠤᠯ ᠤᠨ ᠨᠢᠭᠤᠴᠠ ᠲᠤᠪᠴᠢᠶᠠᠨ︾ 3 — ᠨᠢᠭᠤᠷ ᠤᠨ ᠲᠠᠶᠢᠯᠪᠦᠷᠢ① ᠶᠢ ᠦᠵᠡ᠃ ᠰᠢᠨᠵᠢᠶᠠᠩ ᠤᠨ ᠠᠷᠠᠳ ᠤᠨ ᠭᠡᠪᠯᠡᠯ ᠤᠨ ᠬᠤᠷᠢᠶ᠎ᠡ᠂ 1999 ᠤᠨ ᠤ ᠭᠡᠪᠯᠡᠯ᠃          ⑥ ᠭᠢᠳᠠᠳ — ᠦᠢᠭᠤᠷ ᠲᠤᠯᠢ᠂ 1048 — ᠨᠢᠭᠤᠷ ᠲᠤ圆 ᠢ ᠦᠵᠡ᠃ ᠰᠢᠨᠵᠢᠶᠠᠩ ᠤᠨ ᠠᠷᠠᠳ  ᠤᠨ ᠭᠡᠪᠯᠡᠯ ᠤᠨ ᠬᠤᠷᠢᠶ᠎ᠡ᠂ 1974 ᠤᠨ ᠤ ᠭᠡᠪᠯᠡᠯ᠃          ⑦ ᠭᠢᠳᠠᠳ — ᠬᠠᠰᠠᠭ ᠲᠤᠯᠢ᠂ 1382 — ᠨᠢᠭᠤᠷ ᠲᠤ圆 ᠢ ᠦᠵᠡ᠃ ᠰᠢᠨᠵᠢᠶᠠᠩ ᠤᠨ ᠠᠷᠠᠳ  ᠤᠨ ᠭᠡᠪᠯᠡᠯ ‍ᠤᠨ‌ᠬᠤᠷᠢᠶ᠎ᠡ᠂ 1979 ᠤᠨ ᠤ ᠭᠡᠪᠯᠡᠯ᠃          ⑧ ᠪᠦᠷᠢᠨᠪᠠᠳᠤ᠄ ︽︿ᠲᠦᠩᠭᠡᠯᠢᠭ ᠭᠤᠷᠤᠬᠠᠨ﹀ ᠪᠠ ︿ᠪᠤᠷᠬᠠᠨ ᠬᠠᠯᠳᠤᠨ﹀ ᠤ ᠲᠤᠬᠠᠢ ᠳᠠᠭᠠᠮᠠᠭ﹀﹀ ᠭᠡᠭᠦ ᠦᠭᠦᠯᠡᠯ᠃ ︽ᠥᠪᠦᠷ ᠮᠤᠩᠭᠤᠯ ᠤᠨ ᠨᠡᠶᠢᠭᠡᠮ ᠤᠨ ᠰᠢᠨᠵᠢᠯᠡᠭᠦ ᠤᠬᠠᠭᠠᠨ︾ ᠰᠡᠳᠭᠦᠯ 1990 ᠤᠨ ᠤ ᠲᠥᠷᠪᠡᠳᠦᠭᠡᠷ ᠬᠤᠭᠤᠴᠠᠭ᠎ᠠ᠂ 92 —93 — ᠨᠢᠭᠤᠷ    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号