ᠡᠷᠡᠭᠦᠯ ᠤᠨ ᠡᠯᠴᠢ ᠡᠩᠭᠡ ᠶᠢᠨ ᠵᠠᠮᠴᠢ
ᠨᠡᠶᠢᠲᠡᠯᠡᠭᠰᠡᠨ ᠴᠠᠭ᠄
2020/5/18
ᠨᠤᠳᠤᠭ ᠤᠨ ᠴᠡᠩᠭᠡᠷ ᠠᠭᠤᠯᠠᠰ                ᠦᠪᠦᠷ ᠮᠤᠩᠭᠤᠯ ᠤᠨ ᠠᠷᠠᠳ ᠤᠨ ᠬᠡᠪᠯᠠᠯ ᠤᠨ ᠬᠤᠷᠢᠶ᠎ᠠ                                            ᠠ᠊ · ᠴᠤᠭᠵᠢᠯ ᠵᠤᠬᠢᠶᠠᠪᠠ      ᠤᠲᠤᠭ ᠤᠨ ᠲᠠᠯ᠎ᠠ ᠨᠤᠲᠤᠭ ᠲᠤ ᠤᠳᠤᠨᠴᠢᠮᠢᠭ᠌ ᠡᠮᠴᠢ ᠶᠢ ᠲᠠᠨᠢᠬᠤ ᠦᠭᠡᠢ ᠬᠦᠮᠦᠨ ᠭᠡᠪᠡᠯ ᠴᠦᠭᠡᠭᠡᠨ ᠪᠠᠶᠢᠬ᠎ᠠ᠃ ᠤᠲᠤᠭ ᠬᠤᠰᠢᠭᠤᠨ ᠤ ᠮᠤᠩᠭᠤᠯ ᠡᠮᠨᠡᠯᠭᠡ ᠶᠢᠨ ᠬᠤᠷᠢᠶ᠎ᠠ ᠳᠤ ᠤᠳᠠᠭᠠᠨ ᠵᠢᠯ ᠴᠠᠭᠠᠨ ᠬᠠᠯᠠᠲ᠋ᠤ᠋ ᠡᠮᠦᠰᠴᠦ ᠴᠢᠩᠨᠠᠭᠤᠷ ᠵᠡᠭᠦᠨ ᠡᠶᠡᠯᠳᠡᠭ ᠳᠠᠷᠤᠤᠬᠠᠨ ᠵᠠᠩ ᠢᠶᠠᠷ ᠢᠶᠠᠨ ᠢᠷᠡᠭᠰᠡᠨ ᠤᠯᠠᠨ ᠡᠪᠡᠳᠴᠢᠲᠡᠨ‌ᠢ ᠡᠮᠴᠢᠯᠡᠨ ᠲᠡᠩᠭᠡᠷᠡᠭᠦᠯᠵᠦ ᠡᠩᠭᠡᠵᠢᠭᠦᠯᠦᠨ ᠠᠮᠤᠷᠵᠢᠭᠤᠯᠵᠤ ᠶᠠᠪᠤᠭᠰᠠᠨ ᠡᠨᠡ ᠬᠦ ᠪᠦᠰᠡᠬᠦᠢ ᠡᠮᠴᠢ ᠤᠳᠤ ᠬᠡᠳᠦᠶᠢᠪᠡᠷ ᠲᠠᠪᠢ ᠶᠢᠨ ᠳᠠᠪᠠᠭ᠎ᠠ ᠶᠢ ᠠᠷᠤ ᠳᠠᠭᠠᠨ ᠬᠠᠶᠠᠵᠤ ᠠᠵᠢᠯ ᠤᠨ ᠠᠮᠠᠷᠠᠯᠲᠠ ᠪᠠᠨ ᠠᠪᠤᠭᠰᠠᠨ ᠴᠤ ᠲᠡᠭᠦᠨ ᠢ  ᠡᠷᠢᠵᠦ ᠡᠮᠴᠢᠯᠡᠭᠦᠯᠬᠦ ᠬᠦᠮᠦᠨ ᠵᠢᠭᠠᠬᠠᠨ ᠴᠤ ᠴᠦᠭᠡᠷᠡᠭᠡ ᠦᠭᠡᠢ᠃ ᠲᠡᠷᠡ ᠮᠦᠨ ᠯᠠ ᠮᠤᠩᠭᠤᠯ ᠡᠮᠨᠡᠯᠭᠡ ᠶᠢᠨ ᠬᠤᠷᠢᠶᠠᠨ ᠤ ᠳᠤᠰᠬᠠᠢ ᠰᠠᠯᠠᠭᠠᠨ ᠳᠠᠭᠠᠨ ᠭᠠᠷᠠᠭ ᠲᠤ ᠭᠤᠷᠪᠠᠨ ᠡᠳᠦᠷ ᠤᠨ ᠲᠤᠭᠳᠠᠮᠠᠯ ᠡᠮᠴᠢᠯᠡᠭᠡ ᠪᠠᠨ ᠦᠷᠭᠦᠯᠵᠢᠯᠡᠭᠦᠯᠦᠨ ᠬᠢᠭᠰᠡᠭᠡᠷ᠃ ᠲᠡᠷᠡ ᠤᠲᠤᠭ ᠬᠤᠰᠢᠭᠤ ᠴᠢᠨᠠᠭᠰᠢᠯᠠᠪᠠᠯ ᠤᠷᠳᠤᠰ ᠤᠨ ᠪᠠᠷᠠᠭᠤᠨ ᠬᠤᠰᠢᠭᠤᠨ ᠳᠤ ᠴᠤ ᠮᠠᠰᠢ ᠤᠯᠠᠨ ᠱᠠᠪᠢ ᠬᠦᠮᠦᠵᠢᠭᠦᠯᠵᠦ ᠲᠠᠯᠪᠢᠵᠠᠢ᠃ ᠲᠡᠭᠦᠨ ᠤ ᠱᠠᠪᠢ ᠨᠠᠷ ᠨᠢ ᠡᠳᠦᠭᠡ ᠤᠷᠳᠤᠰ ᠤᠨ ᠮᠤᠩᠭᠤᠯ ᠡᠮ ᠡᠮᠨᠡᠯᠭᠡ ᠶᠢᠨ ᠹᠷᠤᠨᠲ ᠳᠡᠭᠡᠷ᠎ᠡ ᠭᠤᠤᠯ ᠲᠤᠯᠭᠠᠭᠤᠷᠢ ᠪᠠᠭᠠᠨ᠎ᠠ ᠪᠤᠯᠤᠨ ᠵᠤᠭᠰᠤᠵᠤ ᠮᠤᠩᠭᠤᠯ ᠡᠮ ᠡᠮᠨᠡᠯᠭᠡ ᠶᠢᠨ ᠦᠢᠯᠡᠰ ᠲᠤ ᠠᠤᠭ᠎ᠠ ᠨᠡᠮᠡᠷᠢ ᠦᠯᠡᠮᠵᠢ ᠶᠢᠨ ᠬᠠᠨᠳᠢᠪ ᠢᠶᠠᠨ ᠡᠷᠭᠦᠭᠰᠡᠭᠡᠷ ᠶᠠᠪᠤᠵᠠᠭᠠᠨ᠎ᠠ᠃ ᠤᠳᠤᠨᠴᠢᠮᠡᠭ ᠡᠮᠴᠢ ᠦᠪᠡᠷ ᠤᠨ ᠢᠶᠠᠨ ᠳᠤᠬᠠᠢ ᠭᠡᠪᠡᠯ ᠶᠡᠷᠦ ᠠᠴᠠ ᠲᠡᠮᠡᠢ ᠶᠠᠭᠤᠮ᠎ᠠ ᠶᠠᠷᠢᠬᠤ ᠦᠭᠡᠢ᠃ ᠵᠢᠪ ᠵᠢᠷ ᠤᠨ ᠠᠵᠢᠯ ᠤᠨ ᠪᠠᠶᠢᠷᠢ ᠳᠡᠭᠡᠷ᠎ᠡ ᠵᠢᠷ ᠤᠨ ᠪᠤᠰᠤ ᠵᠢᠳᠬᠦᠯ ᠢᠶᠠᠨ ᠳᠤᠪ ᠳᠤᠭᠤᠶᠢᠬᠠᠨ ᠡᠷᠭᠦᠭᠰᠡᠭᠡᠷ ᠦᠢᠯᠡᠴᠢᠯᠡᠭᠰᠡᠭᠡᠷ᠃      ᠤᠳᠤᠨᠴᠢᠮᠡᠩ 1954 ᠤᠨ ᠤ 6 ᠰᠠᠷ᠎ᠠ ᠶᠢᠨ 16 ᠤ ᠡᠳᠦᠷ ᠤᠲᠤᠭ ᠬᠤᠰᠢᠭᠤᠨ ᠤ ᠤᠤᠯ ᠤᠨ ᠪᠤᠷᠤᠬᠤᠰᠢᠭᠤ ᠭᠦᠩᠱᠧ ᠤᠨ ᠤᠯᠠᠭᠠᠨᠨᠠᠭᠤᠷ ᠪᠠᠷᠢᠭᠠᠳᠠ ᠶᠢᠨ ᠡᠩ ᠤᠨ ᠨᠢᠭᠡᠨ ᠮᠠᠯᠴᠢᠨ ᠤ ᠭᠡᠷ ᠲᠤ ᠲᠦᠷᠦᠵᠦ ᠦᠰᠴᠡᠢ᠃ ᠪᠤᠷᠤᠬᠤᠰᠢᠭᠤ ︵ᠤᠷᠤᠢ ᠶᠢᠨ ᠨᠡᠷ᠎ᠡ︶ ᠶᠢᠨ ᠬᠠᠮᠠᠷ ᠲᠤᠰᠤᠳᠤ ᠶᠢᠨ ᠭᠤᠤᠯ ᠤᠨ ᠳᠡᠨᠵᠢ ᠪᠤᠯ ᠲᠡᠭᠦᠨ ᠤ ᠪᠠᠯᠴᠢᠷ ᠪᠠᠭ᠎ᠠ ᠶᠢᠨ ᠨᠠᠰᠤ ᠪᠠᠨ ᠲᠤᠭᠤᠯ ᠬᠤᠷᠠᠭ᠎ᠠ ᠲᠠᠢ ᠲᠤᠭᠯᠠᠵᠤ ᠦᠩᠭᠡᠷᠡᠭᠦᠯᠦᠭᠰᠡᠨ ᠳᠤᠷᠠᠰᠬᠠᠯᠲᠤ ᠰᠠᠶᠢᠬᠠᠨ ᠦᠯᠦᠭᠡᠢ ᠨᠤᠲᠤᠭ ᠨᠢ ᠶᠤᠮᠰᠠᠨ᠃ 1962 ᠤᠨ ᠤ ᠨᠠᠮᠤᠷ ᠤᠳᠤᠨᠴᠢᠮᠡᠭ ᠤᠲᠤᠭ ᠬᠤᠰᠢᠭᠤᠨ ᠤ ᠨᠢᠭᠡᠳᠦᠭᠡᠷ ᠪᠦᠷᠢᠨ ᠪᠠᠭ᠎ᠠ ᠰᠤᠷᠭᠠᠭᠤᠯᠢ ᠳᠤ ᠪᠢᠴᠢᠭ ᠦᠵᠡᠵᠦ 1967 ᠤᠨ ᠳᠤ ᠪᠠᠭ᠎ᠠ ᠰᠤᠷᠭᠠᠭᠤᠯᠢ ᠪᠠᠨ ᠲᠡᠭᠦᠰᠦᠭᠡᠳ 1968 ᠤᠨ ᠠᠴᠠ ᠤᠲᠤᠭ ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠮᠤᠩᠭᠤᠯ ᠠᠩᠭᠢ ︵ᠠᠩᠬ᠎ᠠ 30 ᠳ᠋ᠤᠭᠠᠷ ᠪᠦᠯᠦᠭ︶ ᠳᠤ ᠤᠷᠤᠵᠤ ᠰᠤᠷᠤᠯᠴᠠᠭᠠᠳ1937 ᠤᠨ ᠳᠤ ᠲᠤᠰ ᠰᠤᠷᠭᠠᠭᠤᠯᠢ ᠠᠴᠠ ᠦᠨᠳᠦᠷ ᠵᠡᠷᠭᠡ ᠶᠢᠨ ᠠᠩᠭᠢ ᠲᠡᠭᠦᠰᠦᠭᠰᠡᠨ ᠦᠨᠡᠮᠯᠡᠯ ᠲᠠᠢ ᠰᠤᠷᠤᠯᠭ᠎ᠠ ᠲᠡᠭᠦᠰᠴᠡᠢ᠃      ᠳᠤᠬᠠᠢ ᠶᠢᠨ ᠴᠠᠭ ᠦᠶ᠎ᠡ ᠪᠤᠯ ᠳᠤᠮᠳᠠᠳᠤ ᠭᠦᠷᠦᠨ ᠤ ︽ᠦᠭᠡᠶᠢᠭᠦᠦ ᠠᠩᠭᠢ ᠶᠢᠨ ᠰᠤᠶᠤᠯ ᠤᠨ ᠶᠡᠭᠡ ᠬᠤᠪᠢᠰᠬᠠᠯ︾ ᠬᠠᠷᠠᠬᠠᠨ ᠳᠠᠭᠤᠰᠤᠭᠠᠳᠤᠢ ᠪᠠᠶᠢᠭᠰᠠᠨ ᠲᠤᠯᠠ ᠦᠨᠳᠦᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠬᠡᠮᠵᠢᠶᠡᠨ ᠤ ᠰᠤᠶᠤᠯ ᠰᠤᠷᠤᠯᠭ᠎ᠠ ᠬᠦᠷᠲᠡᠭᠰᠡᠨ ᠬᠦᠮᠦᠰ ᠢ ᠦᠯᠡᠳᠡᠭᠡᠯ ᠦᠭᠡᠢ ᠴᠦᠮ ︽ᠰᠡᠭᠡᠭᠡᠲᠡᠨ ᠵᠠᠯᠠᠭᠤ︾ ᠪᠤᠯᠭᠠᠵᠤ᠂ ᠬᠦᠳᠡᠭᠡ ᠲᠤᠰᠬᠤᠨ ᠮᠠᠯᠵᠢᠬᠤ ᠤᠷᠤᠨ ᠳᠤ ᠭᠦᠨᠵᠡᠭᠡᠶᠢᠷᠡᠭᠦᠯᠦᠨ ᠪᠠᠭᠤᠯᠭᠠᠵᠤ᠂ ︽ᠳᠠᠪᠲᠠᠨ ᠪᠤᠯᠪᠠᠰᠤᠷᠠᠭᠤᠯᠬᠤ︾ ᠪᠤᠶᠤ ︽ᠳᠠᠬᠢᠨ ᠰᠤᠷᠭᠠᠨ ᠬᠦᠮᠦᠵᠢᠯ ᠢ ᠬᠦᠷᠲᠡᠬᠦ︾ ᠭᠡᠰᠡᠨ ᠨᠡᠷ᠎ᠡ ᠪᠠᠷ ᠪᠦᠯᠦᠭ ᠪᠦᠯᠦᠭ ᠢᠶᠠᠷ ᠳᠤᠷᠤᠭᠰᠢ ᠶᠠᠪᠤᠭᠤᠯᠵᠤ ᠪᠠᠶᠢᠪᠠ᠃ 1974 ᠤᠨ ᠤ 3 ᠰᠠᠷ᠎ᠠ ᠳᠤ ᠤᠳᠤᠨᠴᠢᠮᠡᠭ ᠴᠤ ᠡᠨᠡ ᠬᠦ ︽ᠰᠠᠯᠬᠢ︾ ᠳᠤᠨᠢ ᠳᠠᠭᠤᠭᠳᠠᠵᠤ ᠬᠦᠨᠵᠢᠯᠡ ᠳᠡᠪᠢᠰᠬᠡᠷ ᠢᠶᠠᠨ ︽ᠤᠯᠠᠭᠠᠨ ᠴᠡᠷᠢᠭ︾ ᠰᠢᠭ ᠳᠦᠷᠪᠡᠯᠵᠢᠭᠦᠯᠦᠨ ᠪᠠᠭᠯᠠᠵᠤ ᠡᠭᠦᠷᠦᠭᠡᠳ ᠴᠡᠷᠢᠭ ᠤᠨ ᠨᠤᠭᠤᠭᠠᠨ ᠪᠤᠭᠴᠤ ᠪᠠᠨ ᠮᠦᠷᠦᠯᠡᠵᠦ ᠬᠠᠮᠳᠤ ᠨᠦᠭᠦᠳ ᠲᠠᠢ ᠪᠠᠨ ᠴᠤᠭ ᠤᠲᠤᠭ ᠬᠤᠰᠢᠭᠤᠨ ᠤ ᠬᠠᠮᠤᠭ ᠤᠨ ᠪᠤᠶᠢᠳᠠ ᠪᠦᠭᠯᠡᠭᠦᠦ ᠠᠭᠤᠯᠠᠷᠬᠠᠭ ᠤᠷᠤᠨ ᠪᠤᠯᠬᠤ ᠠᠷᠪᠠᠰ ᠭᠦᠩᠱᠧ ᠶᠢᠨ ᠤᠷᠠᠨᠳᠦ᠋ᠰᠢ ᠪᠠᠷᠢᠭᠠᠳᠠ ᠳᠤ ︽ᠬᠦᠮᠦᠵᠢᠯ ᠬᠦᠷᠲᠡᠵᠦ᠂ ᠬᠦᠳᠡᠯᠮᠦᠷᠢ ᠳᠤ ᠳᠠᠪᠳᠠᠭᠳᠠᠬᠤ︾ ᠪᠠᠷ ᠬᠦᠷᠴᠦ ᠤᠴᠢᠵᠠᠢ᠃ ᠲᠡᠷᠡ ᠡᠷᠦᠭᠡ ᠶᠢᠨ ᠴᠡᠷᠢᠭ ᠤᠨ ︽ᠪᠠᠶᠢᠯᠳᠤᠭᠴᠢᠳ︾ ᠲᠠᠢ ᠬᠠᠮᠳᠤ ᠦᠶᠡᠷ ᠤᠨ ᠭᠤᠤ ᠬᠠᠰᠢᠵᠤ ᠤᠰᠤᠨ ᠴᠦᠬᠦᠷᠦᠮ ᠭᠠᠷᠭᠠᠨ ᠰᠢᠭᠡᠭ ᠪᠤᠷᠳᠤᠭᠤᠷ ᠵᠦᠭᠡᠭᠡᠪᠦᠷᠢᠯᠡᠵᠦ ᠤᠰᠤᠨ ᠲᠠᠷᠢᠶ᠎ᠠ ᠲᠠᠷᠢᠪᠠ᠃ ︽ᠲᠠᠷᠢᠶᠠᠯᠠᠩ ᠳ᠋ᠠᠵᠠᠢ ᠠᠴᠠ ᠰᠤᠷᠤᠯᠴᠠᠬᠤ︾ ᠬᠦᠳᠡᠯᠭᠡᠭᠡᠨ ᠳᠤᠨᠢ ᠢᠳᠡᠪᠬᠢᠲᠡᠢ ᠤᠷᠤᠯᠴᠠᠵᠤ ᠬᠠᠳᠠ ᠬᠠᠭᠠᠯᠤᠨ ᠭᠠᠵᠠᠷ ᠲᠡᠭᠰᠢᠯᠡᠪᠡ᠃ ︽ᠲᠦᠷᠪᠡᠨ ᠬᠦᠮᠦᠨ ᠤ ᠪᠦᠯᠦᠭ︾ ᠢ ᠤᠨᠠᠨ ᠤᠨᠠᠲᠠᠯ᠎ᠠ ︽ᠬᠤᠪᠢᠰᠬᠠᠯ ᠤᠨ ᠡᠩᠨᠡᠭᠡᠨ ᠤ ᠲᠦᠷᠦᠭᠦᠨ︾ ᠳᠤ ᠬᠤᠰᠢᠭᠤᠴᠢᠯᠠᠵᠤ ︽ᠠᠯᠬᠤᠮ ᠳᠠᠪᠰᠢᠪᠠ︾᠃ ᠡᠨᠡ ᠪᠤᠯ ᠲᠡᠷᠡ ᠦᠶ᠎ᠡ ᠶᠢᠨ ᠡᠳᠡᠨ ᠤ ᠨᠠᠰᠤᠨ ᠤ ᠵᠠᠯᠠᠭᠤᠰ ᠤᠨ ᠬᠠᠮᠲᠤ ᠶᠢᠨ ᠦᠩᠭᠡᠷᠡᠯᠲᠡ ᠮᠦᠨ᠃       1977 ᠤᠨ ᠤ ᠡᠪᠦᠯ᠃ ᠪᠦᠬᠦ ᠤᠯᠤᠰ ᠲᠤ ︽ᠰᠢᠯᠭᠠᠯᠲᠠ ᠶᠢᠨ ᠲᠦᠷᠢᠮ︾ ᠳᠠᠬᠢᠨ ᠰᠡᠷᠭᠦᠭᠡᠭᠳᠡᠵᠦ ᠶᠡᠭᠡ ᠰᠤᠷᠭᠠᠭᠤᠯᠢ᠂ ᠳᠤᠮᠳᠠ ᠵᠡᠷᠭᠡ ᠶᠢᠨ ᠳᠤᠰᠬᠠᠢ ᠮᠡᠷᠭᠡᠵᠢᠯ ᠤᠨ ᠰᠤᠷᠭᠠᠭᠤᠯᠢ ᠴᠦᠮ ᠰᠢᠯᠭᠠᠯᠲᠠ ᠪᠠᠷ ᠳᠠᠮᠵᠢᠨ ᠰᠤᠷᠤᠭᠴᠢ ᠡᠯᠰᠡᠬᠦ ᠪᠤᠯᠪᠠ᠃ ᠤᠳᠤᠨᠴᠢᠮᠡᠭ ᠡᠨᠡ ᠬᠦ ᠵᠠᠪᠰᠢᠶᠠᠨ ᠢ ᠠᠯᠳᠠᠯ ᠦᠭᠡᠢ ᠨᠡᠷ᠎ᠡ ᠮᠡᠳᠡᠭᠦᠯᠵᠦ ᠬᠦᠰᠦᠨᠦᠭ ᠲᠠᠭᠯᠠᠨ᠂ ᠰᠢᠯᠭᠠᠯᠲᠠ ᠳᠤᠨᠢ ᠤᠷᠤᠭᠰᠠᠨ ᠪᠤᠶᠤ ︽ᠤᠯᠤᠰ ᠲᠦᠷᠦ ᠶᠢᠨ ᠤᠬᠠᠮᠰᠠᠷ︾ ᠭᠡᠬᠦ ᠰᠢᠯᠭᠠᠯᠲᠠ ᠶᠢᠨ ᠳᠠᠪᠠᠭ᠎ᠠ ᠶᠢ ᠬᠠᠷᠢᠨ ᠵᠦᠳᠡᠨ ᠶᠠᠳᠠᠨ ᠪᠠᠶᠢᠵᠤ ᠦᠩᠭᠡᠷᠡᠭᠦᠯᠪᠡ᠃ ᠲᠡᠷᠡ ᠵᠢᠯ ᠪᠦᠬᠦ ᠤᠲᠤᠭ ᠬᠤᠰᠢᠭᠤᠨ ᠠᠴᠠ ᠵᠠᠭᠤᠨ ᠬᠤᠷᠢ ᠭᠠᠷᠤᠢ ᠰᠢᠯᠭᠠᠭᠤᠯᠤᠭᠰᠠᠳ ᠤᠨ ᠳᠤᠲᠤᠷ᠎ᠠ ᠠᠴᠠ ᠲᠠᠪᠤᠨ ᠨᠡᠷ᠎ᠡ ᠶᠡᠭᠡ ᠰᠤᠷᠭᠠᠭᠤᠯᠢ ᠳᠤ ᠡᠯᠰᠡᠭᠳᠡᠭᠰᠡᠨ ᠬᠦᠮᠦᠨ ᠤ ᠳᠤᠮᠳᠠ ᠤᠳᠤᠨᠴᠢᠮᠡᠭ ᠭᠠᠭᠴᠠ ᠪᠦᠰᠡᠭᠦᠢ ᠪᠠᠶᠢᠯ᠎ᠠ᠃ ᠲᠡᠷᠡ᠂ ᠦᠪᠦᠷ ᠮᠤᠩᠭᠤᠯ ᠤᠨ ᠡᠮᠨᠡᠯᠭᠡ ᠶᠢᠨ ᠳᠡᠭᠡᠳᠦ ᠰᠤᠷᠭᠠᠭᠤᠯᠢ ᠶᠢᠨ ᠳᠤᠮᠳᠠᠳᠤ ᠮᠤᠩᠭᠤᠯ ᠡᠮᠨᠡᠯᠭᠡ ᠶᠢᠨ ᠤᠬᠠᠭᠠᠨ ᠤ ᠰᠠᠯᠪᠤᠷᠢ ᠳᠤ ᠰᠢᠯᠭᠠᠭᠳᠠᠨ ᠤᠷᠤᠵᠤ ᠰᠤᠷᠤᠯᠴᠠᠵᠠᠢ᠃ ᠶᠡᠷᠦᠩᠬᠡᠢ ᠠᠩᠭᠢ ᠶᠢᠨ ᠲᠠᠪᠤᠨ ᠵᠢᠯ ᠤᠨ ᠬᠢᠴᠢᠶᠡᠯ ᠰᠤᠷᠤᠯᠭ᠎ᠠ ᠶᠢ ᠪᠡᠷᠬᠡ ᠬᠠᠳᠠᠭᠤᠵᠢᠯᠲᠠᠢ ᠡᠳᠦᠷ ᠬᠤᠨᠤᠭ ᠤᠨ ᠳᠤᠮᠳᠠ ᠦᠩᠭᠡᠷᠡᠭᠦᠯᠵᠦ ᠪᠠᠶᠢᠮᠠᠨᠵᠢᠨ ᠰᠠᠶ᠋ᠢ ᠨᠡᠯᠢᠶᠡᠳ ᠰᠢᠰᠲ᠋ᠧᠮ ᠲᠠᠢ ᠵᠢᠩᠬᠢᠨᠢ ᠮᠡᠳᠡᠯᠭᠡ ᠶᠢ ᠡᠵᠡᠮᠰᠢᠵᠦ ᠠᠪᠴᠠᠢ᠃ ᠠᠷᠤ ᠭᠡᠷ ᠲᠤᠨᠢ ᠠᠬᠠᠰᠢᠷᠠᠭ᠎ᠠ ᠬᠤᠶᠠᠷ ᠨᠠᠰᠤᠳᠠᠨ ᠠᠩᠭ᠎ᠠ ᠪᠢᠴᠢᠬᠠᠨ ᠳᠡᠭᠦᠦ ᠨᠠᠷ ᠲᠠᠢ᠃ ᠠᠮᠢᠳᠤᠷᠠᠯ ᠤᠨ ᠳᠠᠷᠤᠭᠠᠰᠤ ᠬᠦᠨᠳᠦ ᠭᠡᠳᠡᠭ ᠢᠶᠠᠨ ᠤᠳᠤᠨᠴᠢᠮᠡᠭ ᠠᠯᠳᠠᠯ ᠦᠭᠡᠢ ᠮᠡᠳᠡᠨ᠎ᠡ᠃ ᠤᠷᠳᠤᠰ ᠤᠨ ᠰᠤᠨᠢᠨ ᠤ ᠬᠤᠷᠢᠶᠠᠨ ᠳᠤ ᠠᠵᠢᠯ ᠠᠯᠪᠠ ᠲᠠᠢ ᠪᠠᠶᠢᠭᠰᠠᠨ ᠠᠬ᠎ᠠ ᠠᠶᠤᠩᠭ᠎ᠠ ︵ᠡᠳᠦᠭᠡ ᠶᠢᠨ ᠦᠪᠦᠷ ᠮᠤᠩᠭᠤᠯ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ᠲᠡᠷᠢᠭᠦᠯᠡᠭᠴᠢ︶ ᠶᠢᠨ ᠬᠢᠨᠢ ᠠᠵᠤ ᠠᠬᠤᠢ ᠶᠢᠨ ᠳᠡᠮᠵᠢᠯᠭᠡ ᠬᠢᠭᠡᠳ ᠠᠯᠲᠠᠨ ᠠᠴᠠ ᠦᠨᠡᠲᠡᠢ ᠰᠤᠷᠭᠠᠯ ᠢ ᠨᠢ ᠲᠡᠷᠡ ᠬᠠᠳᠠᠨ ᠪᠠᠳᠤ ᠴᠡᠭᠡᠵᠢᠯᠡᠵᠦ ᠴᠢᠩᠳᠠ ᠰᠡᠳᠬᠢᠯ ᠴᠢᠩ ᠵᠤᠷᠢᠭ ᠢ ᠪᠠᠷᠢᠵᠤ ᠪᠠᠶᠢᠮᠠᠨᠵᠢᠨ 1982 ᠤᠨ ᠤ ᠳᠤᠤᠷ᠎ᠠ ᠬᠠᠭᠠᠰ ᠵᠢᠯ ᠳᠤ ᠰᠤᠷᠭᠠᠭᠤᠯᠢ ᠪᠠᠨ ᠲᠡᠭᠦᠰ ᠠᠮᠵᠢᠯᠲᠠ ᠲᠠᠢ ᠲᠡᠭᠦᠰᠬᠡᠵᠦ ᠪᠢᠯᠡ᠃ ᠡᠨᠡ ᠬᠤᠭᠤᠴᠠᠭᠠᠨ ᠳᠤ ᠠᠩᠭᠢ ᠶᠢᠨ ᠨᠦᠬᠦᠳ ᠲᠠᠢ ᠪᠠᠨ ᠬᠠᠮᠳᠤ ᠰᠢᠯᠢ ᠶᠢᠨ ᠭᠤᠤᠯ ᠠᠶᠢᠮᠠᠭ ᠤᠨ ᠡᠮᠨᠡᠯᠭᠡ ᠶᠢᠨ ᠬᠤᠷᠢᠶᠠᠨ ᠳᠤ ᠫᠠᠷᠠᠺᠲ᠋ᠢᠭ ᠬᠢᠵᠦ ᠰᠢᠯᠢ ᠶᠢᠨ ᠭᠤᠤᠯ ᠨᠤᠲᠤᠭᠲᠠᠢ ᠠᠯᠳᠠᠷᠳᠤ ᠠᠬᠠᠮᠠᠳ ᠮᠤᠩᠭᠤᠯ ᠡᠮᠴᠢ ᠨᠤᠷᠫᠢᠯ ᠭᠤᠸᠠᠢ ᠠᠴᠠ ᠡᠮᠴᠢ ᠬᠦᠮᠦᠨ ᠤ ᠠᠩᠬᠠᠨ ᠤ ᠭᠠᠷ ᠤᠨ ᠠᠪᠤᠯᠭ᠎ᠠ᠂ ᠰᠤᠳᠠᠯ ᠰᠢᠨᠵᠢᠯᠡᠵᠦ ᠡᠪᠡᠳᠴᠢᠨ ᠤᠨᠤᠰᠢᠯᠠᠬᠤ ᠮᠡᠷᠭᠡᠵᠢᠯ ᠢ ᠨᠡᠯᠢᠶᠡᠳ ᠭᠦᠨᠵᠡᠭᠡᠢ ᠰᠤᠷᠴᠠᠢ᠃ ᠲᠤᠰ ᠵᠢᠯ ᠲᠡᠷᠡ ᠤᠲᠤᠭ ᠬᠤᠰᠢᠭᠤᠨ ᠤ ᠮᠤᠩᠭᠤᠯ ᠡᠮᠨᠡᠯᠭᠡ ᠶᠢᠨ ᠬᠤᠷᠢᠶᠠᠨ ᠳᠤ ᠠᠵᠢᠯ ᠤᠨ ᠬᠤᠪᠢᠶᠠᠷᠢ ᠲᠤᠰᠴᠤ ᠤᠲᠤᠭ ᠨᠤᠲᠤᠭ ᠤᠨ ᠦᠪᠡᠷ ᠤᠨ ᠬᠢᠨᠢ ᠤᠤᠭᠠᠨ ᠡᠮᠡᠭᠲᠡᠢ ᠤᠶᠤᠲᠠᠨ ᠡᠮᠴᠢ ᠪᠤᠯᠪᠠ᠃ ᠳᠤᠬᠠᠢ ᠶᠢᠨ ᠦᠶ᠎ᠡ ᠶᠢᠨ ᠤᠲᠤᠭ ᠬᠤᠰᠢᠭᠤᠨ ᠤ ᠮᠤᠩᠭᠤᠯ ᠡᠮᠨᠡᠯᠭᠡ ᠶᠢᠨ ᠬᠤᠷᠢᠶᠠᠨ ᠳᠤ ᠬᠡᠳᠦᠨ ᠨᠡᠷ᠎ᠡ ᠠᠬᠠᠮᠠᠳ ᠯᠠᠮᠠ ᠡᠮᠴᠢ ᠶᠢ ᠭᠠᠷᠭᠠᠪᠠᠯ ᠴᠦᠭᠡᠨ ᠬᠡᠳᠦᠨ ᠰᠤᠷᠭᠠᠭᠤᠯᠢ ᠠᠴᠠ ᠭᠠᠷᠴᠤ ᠢᠷᠡᠭᠡᠳ ᠤᠳᠠᠭᠠᠳᠤᠢ ᠵᠠᠯᠠᠭᠤ ᠡᠮᠴᠢ ᠨᠠᠷ ᠲᠠᠢ ᠪᠠᠶᠢᠵᠤ ᠡᠮᠴᠢ ᠶᠢᠨ ᠡᠭᠦᠷᠭᠡᠯᠡᠯ ᠬᠦᠨᠳᠦ ᠂ ᠠᠵᠢᠯ ᠶᠠᠭᠠᠷᠠᠤ᠂ ᠬᠦᠮᠦᠨ ᠪᠠ ᠪᠤᠳᠠᠰ ᠤᠨ ᠨᠦᠬᠦᠴᠡᠯ᠂ ᠲᠦᠬᠦᠭᠡᠷᠦᠮᠵᠢ ᠴᠦᠮ ᠲᠤᠳᠠᠭᠤ᠃ ᠤᠳᠤᠨᠴᠢᠮᠡᠭ ᠡᠮᠴᠢ ᠭᠡᠭᠦᠳᠡᠭ ᠲᠦᠭᠦᠷᠡᠩ ᠤᠷᠬᠢᠯᠤᠮ᠎ᠠ ᠬᠠᠯᠠᠭᠤᠨ ᠰᠡᠳᠬᠢᠯᠭᠡ ᠪᠠᠷ ᠲᠤᠰ ᠡᠮᠨᠡᠯᠭᠡ ᠶᠢᠨ ᠬᠤᠷᠢᠶᠠᠨ ᠤ ᠡᠮᠴᠢᠯᠡᠭᠡᠨ ᠤ ᠲᠠᠰᠤᠭ ᠢ ᠬᠠᠮᠢᠶᠠᠷᠬᠤ ᠡᠷᠬᠢᠯᠡᠭᠴᠢ ᠶᠢᠨ ᠠᠵᠢᠯ ᠢ ᠡᠭᠦᠷᠭᠡᠯᠡᠵᠦ ᠮᠤᠩᠭᠤᠯ ᠡᠮᠨᠡᠯᠭᠡ ᠶᠢᠨ ᠳᠤᠲᠤᠷ ᠰᠠᠯᠠᠭ᠎ᠠ ︵ᠭᠤᠤᠯᠳᠠᠯᠭ᠎ᠠ ᠲᠠᠢ ᠡᠯᠢᠭᠡ᠂ ᠰᠦᠰᠦ᠂ ᠠᠭᠤᠰᠬᠢ᠂ ᠵᠢᠷᠦᠬᠡ᠂ ᠬᠤᠳᠤᠭᠠᠳᠤ ᠶᠢ ᠡᠮᠨᠡᠬᠦ︶ ᠪᠤᠯᠤᠨ ᠡᠮᠡᠭᠲᠡᠶᠢᠴᠦᠳ ᠤᠨ ᠰᠠᠯᠠᠭᠠᠨ ᠤ ᠡᠮᠴᠢᠯᠡᠭᠡᠨ ᠤ ᠠᠵᠢᠯ ᠢ ᠳᠠᠪᠬᠤᠷᠯᠠᠨ ᠬᠠᠷᠢᠭᠤᠴᠠᠵᠤ ᠪᠠᠶᠢᠪᠠ᠃ ᠲᠡᠷᠡ ᠲᠤᠰ ᠬᠤᠷᠢᠶᠠᠨ ᠤ ᠠᠬᠠᠮᠠᠳ ᠡᠮᠴᠢ ᠲᠤᠭᠮᠢᠳ ᠪᠠᠭᠰᠢ ᠠᠴᠠ ᠳᠠᠷᠤᠤ ᠬᠢᠴᠢᠶᠡᠩᠭᠦᠢ ᠪᠠᠷ ᠮᠤᠩᠭᠤᠯ ᠡᠮᠨᠡᠯᠭᠡ ᠶᠢᠨ ᠤᠯᠠᠮᠵᠢᠯᠠᠯᠲᠤ ᠡᠮᠴᠢᠯᠡᠭᠡᠨ ᠤ ᠮᠡᠷᠭᠡᠵᠢᠯ‌ᠢ ᠰᠤᠷᠤᠯᠴᠠᠨ ᠡᠵᠡᠮᠰᠢᠵᠦ ᠤᠨᠴᠠᠭᠠᠶᠢᠯᠠᠨ ᠪᠠᠴᠢᠮ ᠠᠪᠤᠷᠠᠯᠲᠠ ᠬᠢᠬᠦ ᠲᠠᠯ᠎ᠠ ᠪᠠᠷ ᠬᠢ ᠳᠤᠷᠰᠢᠯᠭ᠎ᠠ ᠶᠢ ᠭᠡᠭᠡᠭᠳᠡᠭᠦᠯᠦᠯ ᠦᠭᠡᠢ ᠡᠵᠡᠮᠰᠢᠵᠦ ᠠᠪᠴᠠᠢ᠃ ᠲᠡᠷᠡ ᠪᠠᠰᠠ ᠨᠤᠲᠤᠭ ᠤᠨ ᠠᠷᠭ᠎ᠠ ᠪᠠᠷ ᠡᠪᠡᠳᠴᠢᠲᠡᠨ ᠢ ᠡᠮ ᠪᠤᠶᠤ ᠲᠤᠮ ᠵᠠᠰᠠᠯ ᠢ ᠬᠠᠪᠰᠤᠷᠭᠠᠨ ᠤᠶᠠᠯᠳᠤᠭᠤᠯᠵᠤ ᠡᠮᠴᠢᠯᠡᠬᠦ ᠲᠠᠯ᠎ᠠ ᠪᠠᠷ ᠨᠠᠷᠢᠨ ᠭᠡᠭᠴᠢ ᠰᠤᠷᠤᠯᠴᠠᠵᠤ ᠰᠤᠳᠤᠯᠤᠨ᠂ ᠨᠡᠯᠢᠶᠡᠳ ᠠᠮᠵᠢᠯᠲᠠ ᠶᠢ ᠤᠯᠵᠠᠢ᠃ ᠪᠤᠷᠤᠬᠤᠰᠢᠭᠤ ᠨᠤᠲᠤᠭ ᠤᠨ ᠨᠡᠷᠡᠲᠡᠢ ᠠᠬᠠᠮᠠᠳ ᠵᠠᠶᠢᠷᠠᠩ ︵ᠢᠲᠤᠭᠠᠨ︶ ᠽᠠᠮᠪᠤᠯᠢᠩ ᠤᠨ ᠳᠤ ᠬᠤᠨᠤᠭᠤᠳᠠ ᠦᠨᠵᠢᠭᠦᠳᠡ ᠪᠠᠷ ᠬᠡᠳᠦᠨᠳᠡ ᠬᠦᠷᠴᠦ ᠪᠠᠷᠠᠳᠠᠨ ᠰᠠᠭᠤᠵᠤ ᠪᠦᠰᠡᠭᠦᠶᠢᠴᠦᠳ ᠤᠨ ᠬᠡᠪᠡᠯᠢ ᠲᠤᠩᠰᠢᠬᠤ᠂ ᠬᠦᠯ ᠨᠢᠷᠤᠭᠤ ᠡᠪᠡᠳᠴᠦ ᠬᠠᠪᠤᠳᠬᠤ᠂ ᠲᠠᠷᠢᠬᠢᠨ ᠤ ᠳᠤᠷᠭᠢᠯᠲᠠ‌‍ᠶᠢ ᠳᠤᠮᠨᠠᠬᠤ ᠮᠡᠷᠭᠡᠵᠢᠯ ᠢ ᠬᠦᠴᠦ ᠲᠠᠯᠪᠢᠵᠤ ᠰᠤᠷᠤᠯᠴᠠᠭᠰᠠᠨ ᠪᠠᠶᠢᠨ᠎ᠠ᠃ ᠽᠠᠮᠪᠤᠯᠢᠩ ᠨᠠᠰᠤᠳᠠᠨ ᠪᠤᠯ ᠳᠤᠬᠠᠢ ᠶᠢᠨ ᠦᠶ᠎ᠡ ᠳᠤ ᠤᠲᠤᠭ ᠤᠨ ᠤᠷᠳᠤ ᠪᠡᠶ᠎ᠡ ᠳᠤ ᠨᠡᠷᠡᠲᠡᠢ ᠵᠠᠶᠢᠷᠠᠩ ᠪᠠᠶᠢᠵᠤ ᠬᠡᠪᠡᠯᠢ ᠶᠢᠨ ᠳᠤᠲᠤᠷ᠎ᠠ ᠭᠡᠮᠳᠦᠵᠦ ᠦᠬᠦᠭᠰᠡᠨ ᠨᠢᠯᠬ᠎ᠠ ᠶᠢ ᠰᠤᠶᠢᠯᠠᠨ ᠭᠠᠷᠭᠠᠬᠤ ︵ᠳᠤᠯᠢᠶᠠᠪᠤᠷ ᠡᠷᠡᠬᠡᠢ ᠬᠤᠶᠠᠷ ᠬᠤᠷᠤᠭᠤᠨ ᠤ ᠪᠠᠨ ᠵᠠᠪᠰᠠᠷ ᠲᠤ ᠵᠢᠵᠢᠭ ᠤᠨᠤᠪᠴᠢ ᠬᠠᠪᠴᠢᠭᠤᠯᠤᠨ ᠪᠦᠰᠡᠭᠦᠶᠢᠴᠦᠳ ᠤᠨ ᠬᠡᠪᠡᠯᠢᠨ ᠳᠡᠭᠡᠨ ᠦᠬᠦᠭᠰᠡᠨ ᠨᠢᠯᠬ᠎ᠠ ᠶᠢ ᠳᠤᠶᠠᠴᠢᠨ ᠰᠠᠯᠭᠠᠵᠤ ᠡᠬᠡ ᠶᠢ ᠨᠢ ᠠᠪᠤᠷᠠᠨ ᠠᠪᠴᠤ ᠪᠠᠶᠢᠭᠰᠠᠨ︶᠂ ᠵᠦᠭᠰᠢᠷᠡᠭᠦᠯᠵᠦ ᠰᠢᠬᠠᠬᠤ᠂ ᠲᠦᠷᠢᠯᠭᠡ ᠦᠭᠡᠢ ᠪᠤᠯᠤᠭᠰᠠᠨ ᠪᠦᠰᠡᠭᠦᠢ ᠶᠢ ᠰᠤᠭᠰᠤᠷᠴᠤ ᠲᠤᠮᠨᠤᠬᠤ ᠪᠤᠶᠤ ᠡᠷᠲᠡ ᠤᠷᠤᠭ ᠤᠨᠠᠭᠠᠬᠤ ᠠᠶᠤᠯᠲᠡᠢ ᠪᠦᠰᠡᠬᠦᠶᠢᠴᠦᠳ ᠢ ᠴᠢᠳᠦᠷᠯᠡᠬᠦ ᠵᠡᠷᠭᠡ ᠠᠷᠭ᠎ᠠ ᠪᠠᠷ ᠬᠡᠥᠬᠡᠳ ᠤᠨ ᠲᠤᠭᠳᠠᠴᠠ ᠶᠢ ᠨᠢ ᠬᠠᠮᠠᠭᠠᠯᠠᠬᠤ ᠤᠨᠴᠠᠭᠠᠢ ᠮᠡᠷᠭᠡᠵᠢᠯ ᠲᠠᠢ ᠬᠦᠮᠦᠨ ᠪᠠᠶᠢᠵᠤ ᠢᠯᠢᠨ ᠲᠤᠮᠨᠤᠬᠤ᠂ ᠰᠤᠭᠰᠤᠷᠴᠤ ᠵᠦᠭᠰᠢᠷᠡᠭᠦᠯᠬᠦ ᠠᠷᠭ᠎ᠠ ᠪᠠᠷ ᠡᠬᠡ ᠦᠷ᠎ᠡ ᠶᠢ ᠴᠤᠭ ᠲᠤᠨᠢ ᠮᠡᠨᠳᠦ ᠰᠠᠯᠭᠠᠭᠰᠠᠨ ᠲᠡᠥᠬᠡ ᠤᠯᠠᠨ ᠲᠠᠢ᠃      1984 ᠤᠨ ᠤ ᠨᠠᠮᠤᠷ ᠤᠨ ᠨᠢᠭᠡᠨ ᠡᠳᠦᠷ᠃ ᠤᠳᠤᠨᠴᠢᠮᠡᠭ ᠡᠮᠴᠢ ᠶᠠᠭ ᠰᠠᠶᠢᠬᠠᠨ ᠪᠤᠢ ᠪᠦᠬᠦᠢ ᠠᠵᠢᠯ ᠤᠨ ᠤᠴᠢᠷ ᠢᠶᠠᠨ ᠵᠦᠭᠰᠢᠷᠡᠭᠦᠯᠴᠢᠭᠡᠭᠡᠳ ᠦᠳᠡ ᠶᠢᠨ ᠠᠮᠠᠷᠠᠯᠲᠠ ᠳᠠᠭᠠᠨ ᠪᠠᠭᠤᠶ᠎ᠠ ᠭᠡᠵᠦ ᠪᠠᠶᠢᠳᠠᠯ᠎ᠠ ᠮᠤᠩᠭᠤᠯ ᠳᠤᠮᠳᠠᠳᠤ ᠰᠤᠷᠭᠠᠭᠤᠯᠢ ᠶᠢᠨ ᠪᠠᠭᠰᠢ ᠪᠠᠶᠠᠨᠰᠡᠷᠡᠩ ᠪᠢᠴᠢᠬᠠᠨ ᠬᠦᠪᠡᠭᠦᠨ ᠢᠶᠠᠨ ᠪᠠᠭᠯᠠᠵᠤ ᠡᠭᠦᠷᠴᠢᠬᠡᠭᠰᠡᠨ ᠳᠤᠭᠤᠢ ᠲᠡᠷᠭᠡ ᠪᠠᠷ ᠳᠠᠪᠬᠢᠨ ᠢᠷᠡᠬᠦ ᠲᠠᠢ ᠶᠠᠪ ᠴᠠᠭ ᠬᠠᠷᠭᠤᠪᠠ᠃      ᠪᠠᠶᠠᠨᠰᠡᠷᠡᠩ ᠪᠠᠭᠰᠢ ᠤᠳᠤᠨᠴᠢᠮᠡᠩ ᠢ ᠦᠵᠡᠮᠡᠭᠴᠡ ᠪᠠᠨ᠄      ︽ᠡᠮᠴᠢ ᠡ︕ ᠡᠨᠡ ᠬᠡᠥᠭᠡᠳ ᠪᠤᠯᠬᠤ ᠪᠠᠨ ᠪᠠᠶᠢᠴᠢᠬᠠᠯ᠎ᠠ᠃ ᠲᠠ ᠲᠦᠷᠭᠡᠨ ᠦᠵᠡᠭᠡᠳ ᠠᠯᠢ ᠁︾ ᠭᠡᠵᠦ ᠬᠤᠭᠤᠯᠠᠢ ᠨᠢ ᠡᠷᠢᠶᠡᠨᠲᠦᠨ ᠦᠬᠦᠯᠡᠨ᠎ᠡ᠃ ᠤᠳᠤᠨᠴᠢᠮᠡᠭ ᠡᠮᠴᠢ ᠨᠢᠭᠡᠨᠲᠠ ᠲᠠᠶᠢᠯᠤᠭᠰᠠᠨ ᠬᠠᠯᠠᠲ᠋ᠤ᠋ ᠪᠠᠨ ᠬᠠᠯᠠᠬᠤ ᠶᠢᠨ ᠵᠠᠪ ᠦᠭᠡᠢ ᠪᠠᠷ ᠤᠭᠲᠤᠨ ᠤᠴᠢᠵᠤ ᠮᠠᠨᠴᠤᠢ ᠲᠠᠢ ᠨᠢᠯᠬ᠎ᠠ ᠶᠢ ᠲᠤᠰᠤᠨ ᠠᠪᠤᠮᠠᠭᠴᠠ ᠲᠦᠷᠭᠡᠨ ᠠᠪᠤᠷᠠᠯᠲᠠ ᠶᠢᠨ ᠳᠠᠰᠤᠯᠭᠠᠨ ᠳᠠᠭᠠᠨ ᠠᠪᠴᠤ ᠤᠷᠤᠪᠠ᠃ ᠮᠠᠨᠴᠤᠢ ᠶᠢ ᠨᠢ ᠵᠠᠳᠠᠯᠤᠭᠠᠳ ᠦᠵᠡᠪᠡᠯ ᠡᠨᠡ ᠬᠦ ᠤᠢ  ᠳᠠᠭᠠᠨ ᠠᠷᠠᠢ ᠬᠦᠷᠪᠡ ᠤᠤ ᠭᠡᠮᠡᠷ ᠪᠢᠴᠢᠬᠠᠨ ᠬᠦᠪᠡᠭᠦᠨ ᠤ ᠨᠢᠭᠤᠷ ᠴᠢᠷᠠᠢ ᠦᠨᠡᠰᠦᠨ ᠬᠦᠬᠡ ᠪᠠᠷ ᠰᠠᠭᠠᠷᠠᠯᠳᠤᠵᠤ ᠠᠮᠢᠰᠬᠤᠯ ᠦᠭᠡᠢ ᠪᠤᠯᠴᠢᠬᠠᠭᠰᠠᠨ ᠪᠦᠭᠡᠳ ᠵᠢᠷᠦᠬᠡᠨ ᠴᠤᠬᠢᠯᠭ᠎ᠠ ᠨᠢ ᠠᠷᠠᠢ ᠮᠠᠷ ᠮᠠᠷ ᠬᠡᠮᠡᠷ ᠶᠠᠭᠤᠮ᠎ᠠ ᠮᠡᠳᠡᠭᠳᠡᠬᠦ ᠶᠢᠨ ᠲᠡᠳᠦᠢ ᠯᠠ ᠪᠠᠶᠢᠪᠠ᠃ ᠤᠳᠤᠨᠴᠢᠮᠡᠭ ᠡᠮᠴᠢ ᠨᠢᠭᠡ ᠲᠠᠯ᠎ᠠ ᠪᠠᠷ ᠢᠶᠠᠨ ᠡᠪᠡᠳᠴᠢᠲᠡᠨ ᠤ ᠠᠬᠠᠮᠠᠳ ᠢ ᠦᠭᠡ ᠪᠠᠷ ᠳᠠᠶᠢᠳᠬᠤᠷᠤᠭᠤᠯᠤᠨ ᠰᠡᠳᠬᠢᠯ ᠢ ᠨᠢ ᠲᠦᠭᠡᠷᠢᠭᠳᠡᠭᠦᠯᠵᠦ ᠨᠦᠬᠦᠭᠡ ᠲᠠᠯ᠎ᠠ ᠪᠠᠷ ᠢᠶᠠᠨ ᠲᠤᠭᠮᠢᠳ ᠪᠠᠭᠰᠢ ᠶᠢᠨ ᠢᠶᠠᠨ ᠵᠢᠭᠠᠭᠰᠠᠨ ︽ᠬᠡᠥᠬᠡᠳ ᠢ ᠪᠠᠷᠢᠬᠤ︾ ᠠᠷᠭ᠎ᠠ ︵ᠪᠠᠯᠴᠢᠷ ᠢ ᠨᠢ ᠬᠦᠨᠳᠡᠵᠦ ᠨᠤᠬᠤᠯᠤᠨ ᠪᠠᠷᠢᠬᠤ ᠪᠠᠷ ᠰᠢᠪᠳᠤᠷᠠᠭᠤᠯᠤᠨ ᠢᠯᠢᠭᠡᠳ ᠳᠠᠬᠢᠨ ᠬᠠᠭᠤᠷᠠᠢ ᠵᠡᠭᠦᠦ ᠪᠠᠷ ᠴᠢᠬᠤᠯᠠ ᠪᠠᠯᠴᠢᠷ ᠲᠤᠨᠢ ᠬᠦᠨᠳᠡᠯᠭᠡ ᠬᠢᠭᠰᠡᠨ ᠳᠤ ᠡᠨᠡ ᠬᠦ ᠮᠠᠨᠠᠷᠠᠭᠰᠠᠨ ᠨᠢᠯᠬ᠎ᠠ ᠲᠦᠳᠡᠯ ᠦᠭᠡᠢ ᠨᠢᠳᠦ ᠨᠢ ᠨᠡᠭᠡᠭᠡᠨ ᠠᠮᠢᠰᠬᠤᠯ ᠤᠷᠤᠭᠰᠠᠨ ᠪᠠᠶᠢᠯ᠎ᠠ᠃      1992 ᠤᠨ ᠤ ᠬᠠᠪᠤᠷ᠃ ᠰᠦᠮᠡᠳᠦ ᠰᠤᠮᠤᠨ ᠤ ᠪᠠᠭ᠎ᠠ ᠡᠷᠬᠡᠲᠦ ᠭᠠᠴᠠᠭᠠᠨ ᠤ ᠲᠠᠪᠢ ᠭᠠᠷᠤᠢ ᠨᠠᠰᠤᠲᠠᠢ ᠪᠤᠤᠰᠤᠸᠠᠷ ᠭᠡᠭᠴᠢ ᠪᠦᠰᠡᠬᠦᠢ ᠶᠢᠨ ᠠᠭᠤᠰᠬᠢᠨ ᠬᠠᠪᠤᠩ ᠨᠢ ᠶᠡᠬᠡᠳᠴᠦ ᠭᠠᠳᠠᠨ᠎ᠠ ᠤᠷᠤᠨ ᠢᠶᠠᠷ ᠦᠵᠡᠭᠦᠯᠦᠭᠡᠳ ᠪᠦᠷ ᠳᠤᠰᠠ ᠦᠭᠡᠢ ᠪᠤᠯᠵᠤ ᠬᠠᠷᠢᠵᠤ ᠢᠷᠡᠵᠡᠢ᠃ ᠭᠡᠪᠡᠴᠦ ᠲᠡᠭᠦᠨ ᠤ ᠭᠡᠷ ᠪᠦᠯᠢ ᠶᠢᠨ ᠬᠢᠨ ᠪᠠᠶᠢᠮ ᠨᠢᠭᠡᠨ ᠬᠦᠮᠦᠨ ᠢᠶᠠᠨ ᠪᠠᠷᠬᠢᠷᠠᠭᠤᠯᠵᠤ ᠪᠠᠶᠢᠭᠠᠳ ᠦᠬᠦᠭᠦᠯᠵᠦ ᠪᠤᠯᠬᠤ ᠦᠭᠡᠢ ᠲᠤᠯᠠ ᠰᠤᠷᠠᠭᠯᠠᠭᠰᠠᠭᠠᠷ ᠪᠠᠶᠢᠭᠠᠳ ᠤᠳᠤᠨᠴᠢᠮᠡᠭ ᠡᠮᠴᠢ ᠪᠠᠷ ᠨᠢᠭᠡ ᠮᠦᠷ ᠦᠵᠡᠭᠦᠯᠵᠦ ᠶᠠᠭᠤ ᠪᠤᠯ ᠶᠠᠭᠤ ᠪᠤᠯᠤᠭ ᠭᠡᠳ ᠳᠠᠳᠠᠵᠤ ᠠᠪᠴᠢᠷᠠᠭᠰᠠᠨ ᠪᠠᠶᠢᠨ᠎ᠠ᠃ ᠤᠳᠤᠨᠴᠢᠮᠡᠭ ᠡᠮᠴᠢ ᠲᠤᠰ ᠡᠪᠡᠳᠴᠢᠲᠡᠨ ᠤ ᠪᠠᠶᠢᠳᠠᠯ ᠢ ᠨᠠᠷᠢᠨ ᠨᠢᠮᠪᠠᠢ ᠠᠵᠢᠭᠯᠠᠨ ᠰᠢᠨᠵᠢᠯᠡᠭᠰᠡᠨ ᠰᠠᠭᠤᠷᠢᠨ ᠳᠡᠭᠡᠷ᠎ᠡ ᠳᠤᠰᠬᠠᠢ ᠵᠤᠷ ᠵᠤᠷᠯᠠᠵᠤ ᠰᠠᠷ᠎ᠠ ᠭᠠᠷᠤᠢ ᠡᠮᠴᠢᠯᠡᠭᠰᠡᠨ ᠳᠤ ᠢᠯᠡᠷᠬᠡᠢ ᠰᠠᠶᠢᠵᠢᠷᠠᠵᠤ ᠲᠡᠩᠭᠡᠷᠡᠭᠰᠡᠨ ᠮᠦᠷᠳᠡᠭᠡᠨ ᠶᠠᠪᠤᠵᠤ ᠰᠠᠭᠤᠬᠤ  ᠲᠠᠢ ᠪᠤᠯᠵᠤ ᠦᠭᠡ ᠳᠠᠭᠤᠨ ᠨᠢ ᠴᠤ ᠤᠯᠠᠰᠢᠷᠠᠨ ᠡᠷᠡᠭᠦᠯᠵᠢᠬᠦ ᠬᠡᠮᠵᠢᠶᠡᠨ ᠳᠤ ᠬᠦᠷᠴᠡᠢ᠃ ᠢᠩᠬᠢᠭᠡᠳ ᠤᠳᠤᠨᠴᠢᠮᠡᠭ ᠡᠮᠴᠢ ᠡᠨᠡ ᠬᠦᠮᠦᠨ ᠳᠤ ᠭᠤᠷᠪᠠᠨ ᠰᠠᠷ᠎ᠠ ᠡᠮ ᠤᠤᠭᠤᠯᠭᠠᠭᠠᠳ ᠵᠤᠨ ᠪᠤᠯᠬᠤ ᠳᠤ ᠰᠠᠭᠠᠯᠢ ᠶᠢᠨ ᠳᠤ ᠭᠠᠷᠭᠠᠵᠤ ᠰᠤᠪᠢᠯᠠᠯᠲᠠ ᠬᠢᠬᠦ ᠶᠢ ᠰᠠᠨᠠᠭᠤᠯᠤᠭᠠᠳ ᠭᠡᠷ ᠲᠤᠨᠢ ᠬᠠᠷᠢᠭᠤᠯᠵᠠᠢ᠃ ᠲᠤᠰ ᠡᠪᠡᠳᠴᠢᠲᠡᠨ ᠰᠡᠭᠦᠯ ᠳᠤᠨᠢ ᠪᠦᠷᠢᠮᠦᠰᠦᠨ ᠡᠳᠡᠭᠡᠷᠡᠭᠡᠳ ᠤᠳᠤ ᠪᠤᠯᠲᠠᠯ᠎ᠠ ᠪᠠᠨ ᠠᠮᠢᠳᠤ ᠪᠠᠶᠢᠭᠰᠠᠭᠠᠷ᠃ ᠴᠠᠪ ᠤᠨ ᠰᠢᠨ᠎ᠡ ᠴᠢᠷᠭ᠎ᠠ ᠭᠡᠰᠡᠨ ᠭᠠᠵᠠᠷ ᠲᠤ ᠰᠡᠷᠭᠦᠯᠡᠩ ᠭᠡᠳᠡᠭ ᠦᠷ᠎ᠡ ᠬᠡᠥᠭᠡᠳ ᠦᠭᠡᠢ ᠳᠠᠯᠠ ᠭᠠᠷᠤᠭᠰᠠᠨ ᠡᠪᠦᠭᠡᠨ ᠰᠠᠭᠤᠵᠤ ᠪᠠᠶᠢᠵᠠᠢ᠃ ᠪᠦᠬᠦᠯᠢ ᠪᠡᠶ᠎ᠡ ᠨᠢ ᠡᠪᠡᠳᠴᠢᠨ ᠠᠷᠬᠠᠭ ᠲᠤ ᠳᠠᠷᠤᠭᠳᠠᠨ ᠪᠦᠲᠦᠨ ᠵᠢᠯ ᠳᠤᠷᠰᠢ ᠡᠮ ᠢᠶᠠᠷ ᠭᠦᠴᠦᠯᠡᠳᠡᠭ᠃ ᠤᠳᠤᠨᠴᠢᠮᠡᠭ ᠡᠮᠴᠢ ᠠᠴᠠ ᠡᠮ ᠤᠤᠭᠤᠵᠤ ᠡᠬᠢᠯᠡᠭᠰᠡᠨ ᠤ ᠳᠠᠷᠠᠭ᠎ᠠ ᠡᠮ ᠨᠢ ᠰᠦᠷᠡᠬᠡᠢ ᠵᠤᠬᠢᠷᠠᠵᠤ ᠴᠢᠪ ᠰᠡᠭᠦᠯ ᠳᠡᠭᠡᠨ ᠤᠳᠤᠨᠴᠢᠮᠡᠭ ᠡᠮᠴᠢ ᠠᠴᠠ ᠪᠤᠰᠤᠳ ᠦᠭᠡᠷ᠎ᠡ ᠬᠡᠨ ᠠᠴᠠ ᠴᠤ ᠡᠮ ᠤᠤᠭᠤᠬᠤ ᠦᠭᠡᠢ ᠭᠡᠳᠡᠭ ᠪᠤᠯᠪᠠ᠃ ᠤᠤᠯ ᠨᠢ ᠪᠠᠭ᠎ᠠ ᠰᠠᠭ᠎ᠠ ᠮᠠᠯ ᠤᠨ ᠤᠷᠤᠯᠭ᠎ᠠ ᠵᠤᠭᠤᠰ ᠮᠦᠩᠭᠦ ᠪᠠᠨ ᠤᠳᠠᠢ᠂ ᠭᠦᠮᠪᠦᠮ ᠳᠤ ᠠᠪᠠᠴᠢᠵᠤ ᠡᠷᠭᠦᠯᠭᠡ ᠪᠠᠷᠢᠯᠭ᠎ᠠ ᠳᠤ ᠵᠠᠷᠤᠴᠠᠭᠤᠯᠳᠠᠭ ᠪᠠᠶᠢᠭᠰᠠᠨ ᠪᠤᠯ ᠬᠤᠵᠢᠮ ᠨᠢ ᠪᠤᠷᠬᠠᠨ ᠢᠶᠠᠨ ᠭᠡᠷ ᠠᠴᠠ ᠪᠠᠨ ᠶᠤᠰᠤᠨ ᠲᠡᠳᠦᠢ ᠳᠠᠬᠢᠵᠤ ᠶᠡᠬᠡᠩᠬᠢ ᠵᠤᠭᠤᠰ ᠮᠦᠩᠭᠦ ᠪᠠᠨ ᠪᠡᠶ᠎ᠡ ᠪᠠᠨ ᠰᠤᠪᠢᠯᠠᠬᠤ᠂ ᠶᠠᠪᠤᠳᠠᠯ ᠮᠦᠷ ᠢᠶᠠᠨ ᠬᠡᠮᠵᠢᠶᠡᠯᠡᠬᠦ᠂ ᠤᠬᠠᠪᠤᠷᠢᠲᠠᠢ ᠪᠠᠷ ᠡᠮᠴᠢᠯᠡᠯ ᠠᠮᠢᠳᠤᠷᠠᠯ ᠢᠶᠠᠨ ᠳᠤᠬᠢᠷᠠᠭᠤᠯᠬᠤ ᠳᠡᠭᠡᠷ᠎ᠡ ᠵᠠᠷᠤᠳᠠᠭ ᠪᠤᠯᠵᠤ ᠭᠡᠷ ᠤᠨ ᠬᠢᠨᠢ ᠠᠮᠢᠳᠤᠷᠠᠯ ᠨᠢ ᠴᠤ ᠳᠡᠭᠡᠭᠰᠢᠯᠡᠭᠰᠡᠨ ᠮᠦᠷᠳᠡᠭᠡᠨ ᠨᠠᠶᠠ ᠭᠠᠷᠳᠠᠯ᠎ᠠ ᠲᠡᠶᠢᠮᠦ ᠶᠡᠭᠡ ᠵᠤᠪᠠᠵᠤ ᠵᠦᠳᠡᠷᠡᠯ ᠦᠭᠡᠢ ᠪᠠᠷ ᠤᠳᠤᠨᠴᠢᠮᠡᠭ ᠡᠮᠴᠢ ᠶᠢᠨ ᠳᠤᠰᠬᠠᠢ ᠨᠠᠶᠢᠷᠠᠭᠤᠯᠤᠭᠰᠠᠨ ᠵᠤᠷ ᠢ ᠤᠤᠭᠤᠵᠤ ᠪᠠᠶᠢᠭᠠᠳ ᠨᠠᠰᠤᠨ ᠤ ᠲᠠᠭᠠᠯᠠᠯ ᠢᠶᠠᠨ ᠦᠵᠡᠭᠦᠯᠦᠭᠰᠡᠨ ᠶᠤᠮ᠃      ᠤᠳᠤᠨᠴᠢᠮᠡᠭ ᠡᠮᠴᠢ ᠤᠲᠤᠭ ᠤᠨ ᠮᠤᠩᠭᠤᠯ ᠡᠮᠨᠡᠯᠭᠡ ᠶᠢᠨ ᠬᠤᠷᠢᠶᠠᠨ ᠤ ᠭᠤᠤᠯᠯᠠᠬᠤ ᠡᠷᠬᠢᠯᠡᠭᠴᠢ ᠪᠠᠶᠢᠲᠠᠯ᠎ᠠ ᠪᠠᠨ 1984 ᠤᠨ ᠠᠴᠠ1999 ᠤᠨ ᠬᠦᠷᠲᠡᠯ᠎ᠡ ︽ᠮᠤᠩᠭᠤᠯ ᠡᠮᠴᠢ ᠨᠠᠷ ᠢ ᠳᠠᠪᠲᠠᠨ ᠪᠤᠯᠪᠠᠰᠤᠷᠠᠭᠤᠯᠬᠤ ᠰᠤᠷᠭᠠᠭᠤᠯᠢ︾ ᠲᠤ ᠪᠡᠯᠡᠳᠬᠡᠯ ᠠᠩᠭᠢ ᠶᠢᠨ ᠡᠷᠬᠢᠯᠡᠭᠴᠢ ᠪᠠᠷ ᠤᠯᠠᠨ ᠬᠤᠭᠤᠴᠠᠭᠠᠨ ᠤ ᠡᠮᠴᠢ ᠶᠢᠨ ᠪᠤᠯᠪᠠᠰᠤᠷᠠᠭᠤᠯᠤᠯᠳᠠ ᠳᠤ ᠪᠡᠶ᠎ᠡ ᠪᠠᠷ ᠢᠶᠠᠨ ᠤᠷᠤᠯᠴᠠᠵᠤ ᠪᠢᠯᠡ᠃ ᠲᠡᠷᠡ1987 ᠤᠨ ᠠᠴᠠ 2003 ᠤᠨ ᠪᠤᠯᠲᠠᠯ᠎ᠠ ᠤᠲᠤᠭ ᠬᠤᠰᠢᠭᠤᠨ ᠤ ᠮᠤᠩᠭᠤᠯ ᠡᠮᠨᠡᠯᠭᠡ ᠶᠢᠨ ᠬᠤᠷᠢᠶᠠᠨ ᠤ ᠳᠡᠳ᠋ ᠳᠠᠷᠤᠭ᠎ᠠ᠂ ᠡᠮᠴᠢᠯᠡᠭᠡᠨ ᠤ ᠰᠠᠯᠠᠭ᠎ᠠ ᠶᠢᠨ ᠡᠷᠬᠢᠯᠡᠭᠴᠢ ᠪᠠᠷ ᠠᠵᠢᠯᠯᠠᠵᠤ ᠪᠦᠬᠦ ᠬᠦᠯᠢᠶᠡᠨ ᠠᠪᠴᠤ ᠦᠵᠡᠭᠰᠡᠨ ᠡᠪᠡᠳᠴᠢᠲᠡᠨ ᠤ ᠲᠤᠭ᠎ᠠ 10 ᠭᠠᠷᠤᠢ ᠲᠦᠮᠡᠨ ᠬᠦᠮᠦᠨ ︵ᠤᠳᠠᠭ᠎ᠠ︶ ᠳᠤ ᠬᠦᠷᠴᠦ᠂ ᠦᠪᠡᠷ ᠤᠨ ᠭᠠᠷ ᠢᠶᠠᠷ ᠢᠶᠠᠨ ᠬᠢᠨᠠᠨ ᠪᠠᠶᠢᠴᠠᠭᠠᠵᠤ ᠡᠪᠡᠳᠴᠢᠲᠡᠨ ᠤ ᠨᠠᠮᠲᠠᠷ ᠢ ᠨᠢ ᠪᠢᠴᠢᠵᠦ ᠦᠯᠡᠳᠡᠭᠡᠭᠰᠡᠨ ᠬᠦᠮᠦᠨ ᠤ ᠲᠤᠭ᠎ᠠ ᠬᠤᠶᠠᠷ ᠲᠦᠮᠡ ᠶᠢ ᠳᠠᠪᠠᠭᠰᠠᠨ ᠪᠠᠶᠢᠨ᠎ᠠ ᠃ ᠲᠡᠷᠡ ᠮᠤᠩᠭᠤᠯ ᠡᠮᠨᠡᠯᠭᠡ ᠶᠢᠨ ᠬᠤᠷᠢᠶᠠᠨ ᠳᠠᠭᠠᠨ ᠭᠤᠤᠯᠯᠠᠭᠴᠢ ᠨᠢᠷᠤᠭᠤᠪᠴᠢ ᠶᠢᠨ ᠦᠢᠯᠡᠳᠦᠯ ᠢ ᠪᠠᠳᠠᠷᠠᠭᠤᠯᠵᠤ 1987 ᠤᠨ ᠠᠴᠠ 2002 ᠤᠨ ᠪᠤᠯᠳᠠᠯ᠎ᠠ ᠭᠤᠷᠪᠠᠨ ᠵᠠᠭᠤ ᠰᠢᠬᠠᠮ ᠬᠤᠪᠢ ︽ᠬᠢᠵᠢᠭ ᠬᠢᠭᠡᠳ ᠬᠠᠯᠳᠠᠪᠤᠷᠢᠳᠤ ᠡᠪᠡᠳᠴᠢᠨ ᠤ ᠳᠤᠬᠠᠢ ᠮᠡᠳᠡᠭᠦᠯᠦᠯᠲᠡ︾ ᠶᠢ ᠪᠢᠴᠢᠵᠦ ᠦᠪᠡᠷ ᠤᠨ ᠭᠠᠷᠳᠠᠵᠤ ᠠᠪᠤᠭᠰᠠᠨ ᠠᠵᠢᠯ ᠢᠶᠠᠨ ᠲᠦᠪᠡᠭᠰᠢᠶᠡᠯ ᠦᠭᠡᠢ ᠪᠠᠷ ᠪᠡᠶᠡᠯᠡᠭᠦᠯᠵᠦ ᠠᠶᠢᠮᠠᠭ ᠱᠠᠲᠤᠨ ᠤ ᠬᠤᠰᠢᠭᠤ ᠰᠢᠶᠠᠨ ᠤ ᠡᠮᠨᠡᠯᠭᠡ ᠶᠢᠨ ᠬᠤᠷᠢᠶᠠᠨ ᠤ ᠳᠤᠳᠤᠷ᠎ᠠ ᠪᠠᠨ ᠤᠯᠠᠨᠲᠠ ᠦᠨᠳᠦᠷ ᠦᠨᠡᠯᠡᠭᠳᠡᠨ ᠬᠦᠬᠢᠭᠦᠯᠦᠭᠳᠡᠵᠦ ᠦᠩᠭᠡᠷᠡᠵᠡᠢ᠃ ᠤᠳᠤᠨᠴᠢᠮᠡᠭ ᠡᠮᠴᠢ 1995 ᠤᠨ ᠤ 9 ᠰᠠᠷ᠎ᠠ ᠠᠴᠠ 1996 ᠤᠨ‌‍ᠤ 7 ᠰᠠᠷ᠎ᠠ ᠪᠤᠯᠲᠠᠯ᠎ᠠ ᠦᠪᠦᠷ ᠮᠤᠩᠭᠤᠯ ᠤᠨ ᠡᠷᠡᠭᠦᠯ ᠬᠠᠮᠠᠭᠠᠯᠠᠯ ᠤᠨ ᠺᠠᠳ᠋ᠷ ᠤᠨ ᠳᠠᠪᠲᠠᠨ ᠪᠤᠯᠪᠠᠰᠤᠷᠠᠬᠤ ᠬᠦᠷᠢᠶᠡᠯᠡᠩ ᠤᠨ ︽ᠮᠤᠩᠭᠤᠯ ᠡᠮᠨᠡᠯᠭᠡ ᠶᠢᠨ ᠰᠤᠩᠭᠤᠳᠠᠭ ᠵᠤᠬᠢᠶᠠᠯ ᠢ ᠰᠤᠳᠤᠯᠬᠤ ᠠᠩᠭᠢ︾ ᠲᠤ ᠰᠤᠷᠤᠯᠴᠠᠭᠠᠳ ᠦᠪᠡᠷ ᠤᠨ ᠠᠵᠢᠯ ᠤᠨ ᠳᠤᠷᠰᠢᠯᠭ᠎ᠠ ᠲᠠᠢ ᠪᠠᠨ ᠤᠶᠠᠯᠳᠤᠭᠤᠯᠵᠤ ᠨᠡᠯᠢᠶᠡᠳ ᠬᠤᠪᠢ ᠦᠨ᠎ᠡ ᠴᠠᠨ᠎ᠠ  ᠲᠠᠢ ᠦᠭᠦᠯᠡᠯ ᠢ ᠪᠢᠴᠢᠵᠦ ᠤᠷᠤᠨ᠂ ᠠᠶᠢᠮᠠᠭ ᠤᠨ ᠰᠤᠨᠢᠨ ᠰᠡᠳᠬᠦᠯ ᠤᠳ ᠳᠡᠭᠡᠷ᠎ᠡ ᠨᠡᠶᠢᠳᠡᠯᠡᠭᠦᠯᠪᠡ᠃ ᠡᠭᠦᠨ ᠳᠤ ︽ᠡᠮᠡᠭᠲᠡᠢ ᠶᠢᠨ ᠡᠪᠡᠳᠴᠢᠨ ᠢ ᠳᠤᠮ ᠵᠠᠰᠠᠯ ᠢᠶᠠᠷ ᠡᠮᠴᠢᠯᠡᠬᠦ ᠳᠤᠬᠠᠢ ᠦᠭᠦᠯᠡᠬᠦ ᠨᠢ︾᠂ ︽ᠳᠤᠲᠤᠷ ᠡᠪᠡᠳᠴᠢᠨ ᠤ ᠤᠨᠤᠰᠢᠯᠠᠯ ᠤᠨ ᠳᠤᠬᠠᠢ︾᠂ ︽ᠴᠠᠭ ᠠᠭᠤᠷ ᠪᠠ ᠡᠮ ᠡᠮᠨᠡᠯᠭᠡ︾ ᠭᠡᠬᠦ ᠮᠡᠳᠦ ᠶᠢᠨ ᠳᠤᠷᠪᠢᠲᠠᠢ ᠪᠦᠳᠦᠭᠡᠯ ᠪᠠᠶᠢᠬᠤ ᠮᠦᠷᠳᠡᠭᠡᠨ ᠤᠨᠴᠠᠭᠠᠶᠢᠯᠠᠨ ︽ᠬᠦᠮᠦᠨ ᠤ ᠪᠡᠶ᠎ᠡ ᠳᠠᠬᠢ ᠪᠦᠭᠡᠰᠦᠨ ᠤ ᠡᠭᠦᠰᠦᠯ ᠦᠢᠯᠡᠳᠦᠯ ᠤᠨ ᠳᠤᠬᠠᠢ ᠠᠵᠢᠭᠯᠠᠯᠲᠠ ︾ ᠭᠡᠬᠦ ᠦᠭᠦᠯᠡᠯ ᠨᠢ ᠠᠷᠠᠳ ᠤᠨ ᠵᠠᠩ ᠦᠢᠯᠡ᠂ ᠠᠮᠠᠨ ᠶᠠᠷᠢᠶ᠎ᠠ ᠲᠠᠢ ᠬᠤᠯᠪᠤᠭᠳᠠᠵᠤ ᠡᠷᠳᠡᠮᠲᠡᠨ ᠮᠡᠷᠭᠡᠳ ᠤᠨ ᠠᠩᠬᠠᠷᠤᠯ ᠢ ᠭᠦᠴᠦᠲᠡᠢ ᠳᠠᠲᠠᠭᠰᠠᠨ ᠳᠤᠰᠬᠠᠢ ᠰᠡᠳᠦᠪ ᠤᠨ ᠰᠢᠪᠳᠤᠯᠤᠯᠲᠠ ᠪᠤᠯᠤᠭᠰᠠᠨ ᠶᠤᠮ᠃ ᠲᠡᠷᠡ ︽ᠮᠤᠩᠭᠤᠯ ᠠᠨᠠᠭᠠᠬᠤ ᠤᠬᠠᠭᠠᠨ ᠤ ᠳᠤᠬᠠᠢ︾ ᠬᠡᠭᠦ ᠰᠡᠳᠦᠪ ᠤᠨ ᠯᠧᠺᠼ ᠶᠢ 600 ᠭᠠᠷᠤᠢ ᠬᠤᠪᠢ ᠪᠢᠴᠢᠵᠦ ᠲᠡᠭᠦᠨ ᠤ ᠪᠦᠬᠦ ᠲᠤᠭᠤᠷᠪᠢᠭᠰᠠᠨ ᠦᠭᠦᠯᠡᠯ᠂ ᠲᠡᠮᠳᠡᠭᠯᠡᠯ᠂ ᠺᠤᠨ᠋ᠼᠫᠧᠺᠲ ᠮᠡᠳᠡᠭᠦᠯᠦᠯᠲᠡ ᠨᠢ 100 ᠲᠦᠮᠡᠨ ᠦᠰᠦᠭ ᠢ ᠳᠠᠪᠠᠭᠰᠠᠨ ᠪᠠᠶᠢᠨ᠎ᠠ᠃ ᠲᠡᠷᠡ ᠤᠷᠢ ᠵᠠᠯᠠᠭᠤ ᠨᠠᠰᠤ ᠪᠠᠨ ᠮᠤᠩᠭᠤᠯ ᠡᠮ ᠡᠮᠨᠡᠯᠭᠡ ᠶᠢᠨ ᠦᠢᠯᠡᠰ ᠲᠤ ᠭᠦᠢᠴᠡᠳ ᠵᠤᠷᠢᠭᠤᠯᠵᠤ 1993 ᠤᠨ ᠠᠴᠠ 2001 ᠤᠨ ᠬᠦᠷᠳᠡᠯ᠎ᠡ ᠶᠢᠰᠦᠨ ᠵᠢᠯ ᠤᠰᠤᠯᠳᠠᠯ ᠦᠭᠡᠢ ᠺᠠᠳ᠋ᠷ ᠢ ᠦᠨᠡᠯᠡᠨ ᠰᠢᠯᠭᠠᠬᠤ ᠶᠠᠪᠤᠴᠠ ᠳᠤ ︽ᠰᠢᠯᠢᠳᠡᠭ︾ ᠦᠨᠡᠯᠡᠯᠲᠡ ᠶᠢ ᠬᠦᠷᠲᠡᠵᠦ ᠭᠤᠷᠪᠠ ᠤᠳᠠᠭ᠎ᠠ ᠴᠠᠯᠢᠩ ᠦᠰᠬᠡᠭᠰᠡᠨ ᠬᠦᠬᠢᠭᠦᠯᠦᠯ ᠢ ᠤᠯᠵᠠᠢ᠃      ᠤᠳᠤᠨᠴᠢᠮᠡᠭ ᠡᠮᠴᠢ ᠬᠤᠷᠢᠨ ᠬᠡᠳᠦᠨ ᠵᠢᠯ ᠤᠨ ᠳᠤᠷᠰᠢ ᠨᠢᠭᠡ ᠰᠡᠳᠬᠢᠯ ᠭᠠᠭᠴᠠ ᠵᠤᠷᠢᠭ ᠢᠶᠠᠷ ︽ᠪᠧᠲ᠋ᠢᠶᠦ᠋ᠨ ᠡᠮᠴᠢ︾ ᠰᠢᠭ ᠦᠪᠡᠷ ᠤᠨ ᠪᠡᠶ᠎ᠡ ᠪᠠᠨ ᠦᠴᠦᠬᠡᠨ ᠴᠤ ᠬᠠᠶᠢᠬᠤᠷᠤᠯ ᠦᠭᠡᠢ ᠪᠤᠰᠤᠳ ᠤᠨ ᠲᠦᠯᠦᠭᠡ ᠦᠢᠯᠡᠴᠢᠯᠡᠵᠦ ᠦᠢ ᠤᠯᠠᠨ ᠡᠪᠡᠳᠴᠢᠲᠡᠨ ᠢ  ᠦᠬᠦᠯ ᠤᠨ ᠳᠠᠪᠠᠭᠠᠨ ᠠᠴᠠ ᠡᠷᠬᠢᠭᠦᠯᠦᠨ ᠠᠪᠴᠢᠷᠠᠵᠤ ᠡᠷᠡᠭᠦᠯ ᠡᠩᠭᠡ ᠶᠢᠨ ᠵᠠᠮ ᠳᠤ ᠬᠦᠳᠦᠯᠦᠨ ᠤᠷᠤᠭᠤᠯᠤᠭᠰᠠᠨ ᠢ ᠮᠢᠨᠦ ᠮᠤᠬᠤᠷ ᠪᠢᠷ ᠠᠳᠡ ᠲᠡᠮᠳᠡᠭᠯᠡᠨ ᠪᠢᠴᠢᠭᠡᠳ ᠲᠡᠶᠢᠯᠬᠦ ᠶᠤᠮ ᠪᠢᠰᠢ᠃ ᠬᠠᠷᠢᠨ ᠲᠡᠷᠡ ᠮᠠᠨᠢ ᠨᠢᠭᠡᠨ ᠪᠡᠶ᠎ᠡ ᠡᠪᠡᠳᠴᠢᠨ ᠬᠠᠭᠤᠴᠢ ᠲᠠᠢ ᠪᠤᠯᠵᠤ ᠠᠷᠭ᠎ᠠ ᠪᠤᠰᠤ ᠠᠵᠢᠯ ᠤᠨ ᠪᠠᠶᠢᠷᠢ ᠠᠴᠠ ᠪᠠᠨ ᠪᠠᠭᠤᠭᠰᠠᠨ ᠪᠠᠶᠢᠬᠤ ᠳᠤ 2005 ᠤᠨ ᠤ 9 ᠰᠠᠷ᠎ᠠ ᠳᠤ ᠬᠠᠶᠢᠷᠠᠳᠤ ᠠᠮᠠᠷᠠᠭ ᠨᠦᠬᠦᠷ ᠪᠠᠳᠤᠪᠦ᠋ᠬᠡ ᠨᠢ ᠨᠢᠭᠡᠨ ᠠᠭᠤᠷᠬᠠᠢ ᠶᠢᠨ ᠠᠵᠢᠯᠴᠢᠨ ᠤ ᠲᠡᠰᠦᠷᠡᠬᠦ ᠲᠡᠷᠢ ᠪᠦᠰᠡᠯᠡᠨ ᠵᠦᠷᠢᠴᠡᠯ ᠲᠠᠢ ᠬᠦᠮᠦᠨ ᠢᠶᠠᠨ ᠬᠤᠤᠷᠯᠠᠬᠤ ᠪᠠᠷ ᠳᠠᠭᠠᠷᠢᠯᠲᠠ ᠬᠢᠭᠰᠡᠨ ᠢ ᠬᠤᠷᠢᠭᠯᠠᠬᠤ ᠶᠠᠪᠤᠳᠠ ᠳᠤ ︽ᠪᠤᠰᠤᠳ ᠢ ᠬᠠᠮᠠᠭᠠᠯᠠᠬᠤ ᠶᠢᠨ ᠲᠦᠯᠦᠭᠡ ᠡᠷᠡᠯᠬᠡᠭᠯᠡᠨ ᠲᠡᠮᠡᠴᠡᠵᠦ︾ ᠪᠠᠶᠢᠭᠠᠳ ᠦᠩᠭᠡ ᠭᠡᠷᠡᠯᠲᠡᠢ ᠪᠠᠷ ᠪᠡᠶ᠎ᠡ ᠦᠷᠡᠭᠳᠡᠭᠰᠡᠨ ᠪᠠᠶᠢᠨ᠎ᠠ᠃ ᠡᠨᠡ ᠨᠢ ᠲᠡᠭᠦᠨ ᠳᠤ ᠴᠡᠯᠮᠡᠭ ᠡᠳᠦᠷ ᠠᠶᠤᠩᠭ᠎ᠠ ᠨᠢᠷᠭᠡᠭᠰᠡᠨ ᠶᠠᠪᠤᠳᠠᠯ ᠪᠤᠯᠵᠤ ᠤᠢ ᠤᠬᠠᠭᠠᠨ᠂ ᠤᠶᠤᠨ ᠪᠢᠯᠢᠭ᠂ ᠪᠡᠶ᠎ᠡ ᠰᠡᠳᠬᠢᠯᠭᠡᠨ  ᠳᠤᠨᠢ ᠯᠤᠳᠤ ᠶᠡᠭᠡ ᠳᠠᠷᠴᠢᠯᠭᠠᠯ ᠢ ᠠᠪᠴᠢᠷᠠᠵᠤ ᠦᠭᠴᠡᠢ᠃ ᠤᠳᠤ ᠲᠡᠷᠡ ᠳᠤᠲᠤᠭᠠᠳᠤ ᠰᠡᠳᠬᠢᠯᠭᠡ ᠪᠠᠨ ᠲᠡᠩᠴᠡᠭᠦᠷᠢᠲᠡᠢ ᠪᠠᠶᠢᠯᠭᠠᠵᠤ᠂ ᠪᠡᠶ᠎ᠡ ᠮᠠᠬᠠᠪᠤᠳ ᠢᠶᠠᠨ ᠳᠠᠪᠲᠠᠨ ᠪᠤᠯᠪᠠᠰᠤᠷᠠᠭᠤᠯᠵᠤ᠂ ᠦᠳᠡᠯ᠎ᠡ ᠨᠠᠰᠤᠨ ᠳᠠᠭᠠᠨ ᠨᠡᠩ ᠤᠯᠠᠨ ᠡᠪᠡᠳᠴᠢᠲᠡᠨ ᠢ ᠵᠤᠪᠠᠯᠠᠩ ᠤᠨ ᠳᠠᠯᠠᠢ ᠠᠴᠠ ᠰᠠᠯᠭᠠᠬᠤ ᠪᠠᠷ ᠵᠤᠷᠢᠯᠲᠠ ᠪᠠᠨ ᠪᠤᠯᠭᠠᠨ ᠦᠷᠯᠦᠭᠡ ᠦᠳᠡᠰᠢ ᠶᠢ ᠲᠡᠮᠡᠴᠡᠵᠦ ᠪᠤᠢ᠃      ᠤᠳᠤᠨᠴᠢᠮᠡᠭ ᠪᠤᠯ ︽ᠳᠤᠮᠳᠠᠳᠤ ᠤᠯᠤᠰ ᠤᠨ ᠤᠯᠠᠭᠠᠨ ᠵᠠᠭᠠᠯᠮᠠᠶᠢᠲᠠᠨ ᠤ ᠨᠡᠶᠢᠬᠡᠮᠯᠢᠭ ᠤᠨ ᠭᠡᠰᠢᠭᠦᠨ︾᠂ ︽ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠮᠤᠩᠭᠤᠯ ᠡᠮ ᠡᠮᠨᠡᠯᠭᠡ ᠶᠢᠨ ᠨᠡᠶᠢᠬᠡᠮᠯᠢᠭ ᠤᠨ ᠭᠡᠰᠢᠭᠦᠨ︾ ᠪᠦᠭᠡᠳ 1989 ᠤᠨ ᠠᠴᠠ 2007 ᠤᠨ ᠪᠤᠯᠲᠠᠯ᠎ᠠ ᠶᠡᠭᠡ ᠵᠤᠤ ᠠᠶᠢᠮᠠᠭ ᠤᠨ ︵ᠤᠷᠳᠤᠰ ᠬᠤᠲᠠ︶ ᠤᠯᠤᠰ ᠲᠦᠷᠦ ᠶᠢᠨ ᠵᠦᠪᠯᠡᠯᠭᠡᠨ ᠤ ᠲᠦᠷᠪᠡᠨ ᠬᠤᠭᠤᠴᠠᠭᠠᠨ ᠤ ᠭᠡᠰᠢᠭᠦᠨ᠂ ᠤᠲᠤᠭ ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ ᠤ ᠨᠠᠢᠮᠠ᠂ ᠶᠢᠰᠦ᠂ ᠠᠷᠪᠠᠳᠤᠭᠠᠷ ᠬᠤᠭᠤᠴᠠᠭᠠᠨ ᠤ ᠭᠡᠰᠢᠭᠦᠨ ᠮᠦᠨ᠃
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ