ᠬᠦᠰᠡᠵᠦ ᠰᠠᠨᠠᠭᠰᠠᠨ ᠡᠳᠦᠷ ᠮᠢᠨᠢ | ᠬᠦᠷᠦᠭᠡᠳ ᠢᠷᠡᠬᠦ ᠳᠤ ᠪᠢ ᠪᠠᠶᠠᠷᠯᠠᠯ᠎ᠠ | ᠬᠦᠨᠵᠢᠯᠡ ᠳᠡᠪᠢᠰᠬᠡᠷ ᠢᠶᠠᠨ ᠬᠤᠷᠢᠶᠠᠭᠠᠳ | ᠭᠦᠶᠦᠵᠦ ᠪᠤᠰᠤᠭᠠᠳ ᠬᠤᠪᠴᠠᠰᠤᠯᠠᠯᠠ ᠪᠢ | ᠭᠠᠷ ᠨᠢᠭᠤᠷ ᠢᠶᠠᠨ ᠤᠬᠢᠶᠠᠵᠤ | ᠦᠷᠯᠦᠭᠡ ᠶᠢᠨ ᠬᠤᠭᠤᠯᠠ ᠪᠠᠨ ᠢᠳᠡᠯ᠎ᠡ ᠪᠢ | ᠭᠠᠷ ᠴᠠᠭ ᠢᠶᠠᠨ ᠬᠠᠷᠠᠭᠠᠳ | ᠪᠤᠭᠴᠤ ᠪᠠᠨ ᠡᠭᠦᠷᠦᠭᠡᠳ ᠭᠠᠷᠤᠯ᠎ᠠ ᠪᠢ | ᠡᠵᠢ ᠨᠠᠮ᠎ᠠ ᠶᠢ ᠬᠦᠷᠭᠡᠬᠦ ᠳᠤ ᠪᠠᠨ | ᠡᠷᠳᠡᠮ ᠮᠡᠳᠡᠯᠭᠡ ᠪᠠᠨ ᠰᠠᠶᠢᠨ ᠰᠤᠷ ᠭᠡᠪᠡ | ᠡᠩᠭᠦᠷᠡᠢ ᠬᠡᠥᠬᠡᠨ ᠴᠢᠨᠢ ᠮᠡᠳᠡᠯ᠎ᠡ ᠭᠡᠳ | ᠡᠷᠭᠢᠵᠦ ᠬᠠᠷᠠᠭᠰᠠᠭᠠᠷ ᠶᠠᠪᠤᠯ᠎ᠠ ᠪᠢ | | ᠠᠪᠤ ᠨᠠᠮ᠎ᠠ ᠶᠢ ᠲᠤᠰᠬᠤ ᠳᠤ ᠪᠠᠨ | ᠠᠨᠳᠠ ᠨᠦᠭᠦᠳ ᠲᠠᠢ ᠪᠠᠨ ᠪᠦᠯᠬᠦᠮᠳᠡ ᠭᠡᠪᠡ | ᠠᠩᠭ᠎ᠠ ᠬᠦᠦ ᠴᠢᠨᠢ ᠤᠶᠢᠯᠠᠭᠠᠯ᠎ᠠ ᠭᠡᠳ | ᠠᠯᠢᠶᠠᠯᠠᠵᠤ ᠭᠦᠶᠦᠭᠰᠡᠭᠡᠷ ᠬᠤᠯᠠᠲᠠᠯᠠ ᠪᠢ | ᠡᠷᠪᠡᠢ ᠦᠷ᠎ᠡ ᠴᠢᠨᠢ ᠪᠢ | ᠡᠷᠬᠡ ᠳᠠᠩᠬᠢ ᠦᠰᠦᠨ ᠲᠤᠷᠨᠢᠭᠰᠠᠨ ᠴᠤ | ᠡᠷᠳᠡᠮ ᠤᠨ ᠭᠦᠨ ᠢ ᠰᠤᠷᠬᠤ ᠪᠠᠷ | ᠡᠬᠡ ᠰᠤᠷᠭᠠᠭᠤᠯᠢ ᠳᠠᠭᠠᠨ ᠶᠠᠪᠤᠨ᠎ᠠ ᠪᠢ᠃ | ︵ᠵᠢᠯᠤᠭᠤᠳᠤᠭᠴᠢ ᠪᠠᠭᠰᠢ᠄ ᠪᠠᠢ ᠲᠤᠶᠠᠭ᠎ᠠ︶ | |