ᠲᠤᠯᠭ᠎ᠠ ᠴᠠᠢ ᠴᠢᠨᠠᠬᠤ ᠶᠢ ᠰᠤᠷᠤᠭᠰᠠᠨ ᠨᠢ
ᠨᠡᠶᠢᠲᠡᠯᠡᠭᠰᠡᠨ ᠴᠠᠭ᠄
2020/6/24
     ᠭᠠᠷᠠᠭ ᠤᠨ ᠳᠦᠷᠪᠡᠨ ᠤ ᠤᠷᠤᠢ ᠶᠢᠨ ᠬᠠᠮᠤᠭ ᠰᠡᠭᠦᠯᠴᠢ ᠶᠢᠨ ᠬᠢᠴᠢᠶᠡᠯ ᠳᠡᠭᠡᠷ᠎ᠡ ᠮᠠᠨ ᠤ ᠠᠩᠭᠢ ᠶᠢᠨ ᠬᠢᠨ ᠵᠢᠷᠭᠤᠭᠠᠨ ᠳᠤᠭᠤᠶᠢᠯᠠᠩ ᠬᠤᠪᠢᠶᠠᠵᠤ᠂ ᠲᠤᠯᠭ᠎ᠠ ᠴᠠᠭ ᠴᠢᠨᠠᠬᠤ ᠪᠠᠷ ᠪᠤᠯᠤᠯ᠎ᠠ᠃      ᠲᠤᠯᠭ᠎ᠠ ᠴᠠᠢ ᠴᠢᠨᠠᠬᠤ ᠳᠤ ᠬᠠᠮᠤᠭ ᠤᠷᠢᠳᠠᠪᠠᠷ ᠤᠰᠤᠨ ᠳᠤ ᠪᠠᠨ ᠴᠠᠢ ᠳᠠᠪᠤᠰᠤ ᠪᠠᠨ ᠬᠢᠵᠦ ᠪᠤᠴᠠᠯᠭᠠᠭᠰᠠᠨ ᠤ ᠳᠠᠷᠠᠭ᠎ᠠ ᠴᠠᠢ ᠶᠢᠨ ᠳᠠᠪᠤᠰᠤᠨ ᠤ ᠴᠢᠩᠭ᠎ᠠ ᠰᠤᠯᠠ ᠶᠢ ᠠᠮᠰᠠᠵᠤ ᠳᠤᠬᠢᠷᠠᠭᠤᠯᠤᠨ᠎ᠠ᠃ᠳᠠᠷᠠᠭ᠎ᠠ ᠨᠢ ᠵᠦᠭᠡᠭᠡᠢ᠂ ᠰᠦᠨ ᠳᠠᠯᠬ᠎ᠠ ᠪᠤᠯᠤᠨ ᠰᠦ ᠪᠠᠨ ᠠᠶᠠᠭᠠᠨ ᠳᠤᠲᠤᠷ᠎ᠠ ᠬᠤᠯᠢᠭᠰᠠᠨ ᠤ ᠳᠠᠷᠠᠭ᠎ᠠ ᠲᠤᠭᠤᠭᠠᠨ ᠳᠤ ᠪᠠᠨ ᠠᠮᠤ᠂ ᠬᠤᠷᠤᠳ᠂ ᠬᠠᠲᠠᠭᠠᠭᠰᠠᠨ ᠪᠤᠷᠴᠠ ᠦᠷᠦᠮ᠎ᠡ ᠪᠠᠨ ᠬᠢᠭᠡᠳ ᠪᠠᠭ᠎ᠠ ᠪᠤᠴᠠᠯᠭᠠᠭᠰᠠᠨ ᠤ ᠳᠠᠷᠠᠭ᠎ᠠ ᠶᠠᠭ ᠤᠤᠭᠤᠬᠤ ᠶᠢᠨ ᠢᠶᠠᠨ ᠡᠮᠦᠨ᠎ᠡ ᠰᠢᠷ᠎ᠠ ᠲᠤᠰᠤ ᠵᠢᠭᠠᠬᠠᠨ ᠬᠢᠯ᠎ᠡ᠃ ᠲᠡᠭᠡᠭᠡᠳ ᠪᠢᠳᠡ ᠬᠡᠳᠦᠭᠦᠯᠡ ᠪᠠᠨ ᠳᠤᠭᠤᠶᠢᠯᠠᠨ ᠰᠠᠭᠤᠵᠤ᠂ ᠦᠪᠡᠷ ᠤᠨ ᠴᠢᠨᠠᠭᠰᠠᠨ ᠲᠤᠯᠭ᠎ᠠ ᠴᠠᠢ ᠪᠠᠨ ᠠᠮᠲᠠᠷᠬᠠᠨ ᠤᠤᠭᠤᠵᠤ ᠵᠤᠭᠤᠭ ᠳᠡᠯᠭᠡᠨ ᠰᠠᠭᠤᠯ᠎ᠠ᠃      ᠪᠢ ᠡᠨᠡ ᠤᠳᠠᠭᠠᠨ ᠤ ᠬᠦᠳᠡᠯᠭᠡᠭᠡᠨ ᠳᠤ ᠤᠷᠤᠯᠴᠠᠬᠤ ᠪᠠᠷ ᠳᠠᠮᠵᠢᠨ᠂ ᠲᠤᠯᠭ᠎ᠠ ᠴᠠᠢ ᠴᠢᠨᠠᠬᠤ ᠶᠢ ᠰᠤᠷᠪᠠ᠃ ᠲᠡᠭᠡᠭᠡᠳ ᠭᠡᠷ ᠲᠤ ᠪᠠᠨ ᠬᠠᠷᠢᠭᠰᠠᠨ ᠤ ᠬᠤᠶᠢᠨ᠎ᠠ ᠠᠪᠤ ᠡᠵᠢ ᠪᠠᠨ ᠲᠤᠯᠭ᠎ᠠ ᠴᠠᠢ ᠴᠢᠨᠠᠵᠤ ᠤᠤᠭᠤᠯᠭᠠᠶ᠎ᠠ ᠭᠡᠵᠦ ᠰᠡᠮᠬᠡᠨ ᠪᠤᠳᠤᠪᠠ᠃                                                  ︵ᠵᠢᠯᠤᠭᠤᠳᠤᠭᠴᠢ ᠪᠠᠭᠰᠢ᠄  ᠪᠠᠢ ᠲᠤᠶᠠᠭ᠎ᠠ︶
 
ᠢᠷᠡᠯᠲᠡ᠄ ᠤᠲᠤᠭ ᠬᠤᠰᠢᠭᠤᠨ ᠤ ᠮᠤᠩᠭᠤᠯ ᠦᠨᠳᠦᠰᠦᠲᠡᠨ ᠤ ᠳᠤᠷᠰᠢᠯᠲᠠ ᠶᠢᠨ ᠪᠠᠭ᠎ᠠ ᠰᠤᠷᠭᠠᠭᠤᠯᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号