ᠴᠡᠭᠡ ᠬᠤᠳᠠᠯᠳᠤᠵᠤ ᠤᠷᠤᠯᠭ᠎ᠠ ᠪᠠᠨ ᠨᠡᠮᠡᠭᠳᠡᠬᠦᠯᠥᠭᠰᠡᠨ ᠰᠠᠭᠠᠯᠢᠴᠢᠨ ᠪᠥᠰᠡᠬᠦᠢ ᠬᠠᠰᠴᠢᠮᠡᠭ
ᠨᠡᠶᠢᠲᠡᠯᠡᠭᠰᠡᠨ ᠴᠠᠭ᠄
2020/6/5
                 ᠴᠡᠭᠡ ᠬᠤᠳᠠᠯᠳᠤᠵᠤ ᠤᠷᠤᠯᠭ᠎ᠠ ᠪᠠᠨ ᠨᠡᠮᠡᠭᠳᠡᠬᠦᠯᠥᠭᠰᠡᠨ ᠰᠠᠭᠠᠯᠢᠴᠢᠨ ᠪᠥᠰᠡᠬᠦᠢ ᠬᠠᠰᠴᠢᠮᠡᠭ      ᠥᠨᠢᠶᠠᠷᠳᠤᠨ ᠴᠡᠩᠬᠡᠷᠳᠤᠬᠦ ᠲᠥᠷᠪᠡᠨ ᠥᠨᠳᠤᠷ ᠤᠨ ᠰᠢᠯᠢ ᠶᠢᠨ ᠡᠩᠬᠡᠷ ᠲᠤ ᠰᠠᠭᠠᠯᠢᠴᠢᠨ ᠠᠶᠢᠯ ᠤᠨ ᠲᠠᠩᠰᠤᠭ ᠵᠤᠰᠠᠯᠠᠩ ᠵᠢᠷᠪᠢᠯᠵᠠᠨ ᠬᠠᠷᠠᠭᠳᠠᠵᠥ᠂ ᠤᠨᠠᠭ᠎ᠠ ᠬᠡᠬᠦᠥᠳ ᠤᠨ ᠢᠨᠴᠠᠭᠠᠬᠤ ᠲᠠᠭᠤᠨ ᠠᠮᠤᠭᠤᠯᠠᠩ ᠨᠤᠳᠤᠭ ᠤᠨ ᠢᠷᠠᠭᠤ ᠡᠬᠡᠰᠢᠭ ᠪᠤᠯᠵᠥ ᠲᠡᠷᠳᠡᠭᠡ ᠳᠤ ᠤᠶᠠᠩᠭᠠᠷᠠᠨ᠎ᠠ᠃ ᠰᠥ᠋ ᠴᠡᠭᠡ ᠶᠢᠨ ᠥᠨᠥᠷ ᠴᠡᠮᠴᠡᠬᠡᠨᠡᠭᠰᠡᠨ ᠰᠠᠭᠠᠯᠢ ᠶᠢᠨ ᠵᠡᠯ ᠎ᠠ ᠲᠡᠭᠡᠷ ᠎ᠡ ᠬᠠᠰᠴᠢᠮᠠᠩ ᠬᠡᠬᠦᠥ ᠪᠠᠨ ᠰᠠᠭᠠᠭᠠᠳ ᠶᠠᠭᠠᠷᠠᠵᠤ ᠪᠠᠶᠢᠯ ᠎ᠠ᠃      ᠬᠠᠰᠴᠢᠮᠡᠭ ᠤᠨ ᠬᠢ ᠬᠡᠵᠥ ᠡᠨᠡ ᠨᠤᠳᠤᠭ ᠲᠠᠭᠠᠨ ᠬᠠᠮᠤᠭ ᠡᠷᠳᠡ ᠬᠡᠬᠦᠥ ᠰᠠᠭᠠᠵᠥ ᠡᠬᠢᠯᠡᠭᠰᠡᠨ ᠮᠥᠷᠳᠡᠬᠡᠨ ᠴᠡᠭᠡ ᠪᠤᠷᠤᠯᠠᠭᠤᠯᠬᠤ ᠬᠡᠪᠴᠢᠶ ᠎ᠡ ᠪᠠᠷ ᠬᠠᠮᠤᠭ ᠶᠡᠭᠡ ᠲᠤᠰᠬᠠᠢ ᠡᠷᠥᠬᠡ ᠠᠵᠢ᠃ ᠲᠡᠷᠡ ᠤᠳᠤᠭ ᠬᠤᠰᠢᠭᠤᠨ ᠤ ᠤᠯᠠᠭᠠᠨᠪᠠᠯᠭᠠᠰᠤᠨ ᠤ ᠤᠯᠠᠭᠠᠨᠳᠤᠭ ᠭᠠᠴᠠᠭ᠎ᠠ ᠪᠠᠷ ᠨᠤᠳᠤᠭ ᠲᠠᠢ᠂ ᠬᠡᠬᠦᠥ ᠰᠠᠭᠠᠵᠥ ᠴᠡᠭᠡ ᠬᠤᠳᠠᠯᠳᠤᠭᠠᠳ ᠨᠢᠬᠡᠨᠳᠡ ᠬᠤᠷᠢᠭᠠᠳ ᠵᠢᠯ ᠤᠨ ᠬᠠᠪᠤᠷ ᠨᠠᠮᠤᠷ ᠢ ᠡᠯᠡᠬᠡᠵᠠᠢ᠃ ︽ᠮᠠᠨ ᠤ ᠴᠡᠭᠡ ᠶᠢᠨ ᠵᠢᠯ ᠤᠨ ᠪᠤᠷᠤᠯᠠᠭᠤᠯᠭ᠎ᠠ ᠪᠠᠷᠤᠭ 50000 ᠵᠢᠩ ᠬᠥᠷᠳᠡᠭ ᠶᠤᠮ᠃ ᠮᠠᠨ ᠤ ᠬᠢᠨ ᠤᠳᠤ ᠬᠤᠷᠢᠭᠠᠳ ᠠᠳᠤᠭᠤ ᠲᠠᠢ᠂ ᠠᠷᠪᠠᠨ ᠭᠤᠷᠪᠠᠨ ᠬᠡᠬᠦᠥ ᠰᠠᠭᠠᠵᠥ ᠪᠠᠶᠢᠨ᠎ᠠ᠃ ᠬᠡᠬᠦᠥ ᠪᠠᠨ ᠡᠳᠤᠷ ᠲᠤ 2 ᠴᠠᠭ ᠠᠯᠤᠰᠯᠠᠭᠤᠯᠤᠨ 4 ᠤᠳᠠᠭ᠎ᠠ ᠰᠠᠭᠠᠳᠠᠭ ᠶᠤᠮ᠃ ᠬᠡᠬᠦᠥ ᠪᠤᠯᠭᠠᠨ ᠠᠴᠠ ᠲᠡᠭᠰᠢᠳᠬᠡᠬᠡᠳ ᠡᠳᠤᠷ ᠪᠥᠷᠢ 5 ᠵᠢᠩ ᠤᠷᠴᠢᠮ ᠰᠥ᠋ ᠰᠠᠭᠠᠳᠠᠭ᠃ ᠮᠠᠨ ᠤ ᠬᠢᠨ ᠠᠳᠤᠭᠤᠨ ᠤ ᠪᠠᠨ ᠪᠡᠯᠴᠢᠬᠡᠷ ᠤᠰᠤ ᠶᠢ ᠨᠢ ᠵᠦᠢᠳᠠᠢ ᠲᠤᠬᠢᠷᠠᠭᠤᠯᠵᠥ᠂ ᠲᠤᠬᠢᠷᠠᠮᠵᠢᠳᠠᠢ ᠰᠠᠭᠠᠳᠠᠭ ᠠᠴᠠ ᠴᠥᠬᠡᠨ ᠲᠤᠭᠠᠨ ᠤ ᠬᠡᠬᠦᠥ ᠴᠤ ᠰᠠᠭᠠᠯᠢ ᠰᠠᠶᠢᠳᠠᠢ ᠶᠤᠮ︾ ᠬᠡᠵᠥ ᠬᠠᠰᠴᠢᠮᠠᠩ ᠪᠠᠶᠠᠷ ᠤᠨ ᠮᠥᠰᠢᠶᠡᠳᠤ ᠲᠤᠳᠤᠷᠠᠭᠤᠯᠤᠨ ᠶᠠᠷᠢᠯ ᠎ᠠ᠃ ᠲᠡᠳᠡᠨ ᠤ ᠬᠢᠨ 2001 ᠤᠨ ᠳᠤ ᠤᠳᠤᠭ ᠬᠤᠰᠢᠭᠤᠨ ᠤ ᠮᠤᠩᠭᠤᠯ ᠡᠮᠨᠡᠯᠬᠡ ᠶᠢᠨ ᠬᠤᠷᠢᠶᠠᠨ ᠤ ᠴᠡᠭᠡ ᠬᠠᠨᠭ᠍ᠭᠠᠬᠤ ᠴᠡᠭ ᠢᠶᠠᠷ ᠲᠤᠭᠳᠠᠭᠠᠭᠳᠠᠵᠥ᠂ ᠴᠡᠭᠡ ᠤᠢᠢᠯᠡᠳᠪᠤᠷᠢᠯᠡᠬᠦ ᠲᠤᠰᠬᠠᠢ ᠡᠷᠤᠬᠡ ᠪᠤᠯᠵᠥ ᠬᠡᠬᠦᠥ ᠰᠠᠭᠠᠵᠥ ᠡᠬᠢᠯᠡᠭᠰᠡᠨ ᠪᠢᠯᠡ᠃ ᠤᠳᠤᠬᠠᠨ ᠪᠤᠰᠤᠳ ᠬᠡᠬᠦᠥ ᠰᠠᠭᠠᠵᠥ ᠪᠠᠶᠢᠭ᠎ᠠ ᠠᠶᠢᠯ ᠠᠴᠠ ᠴᠤ ᠰᠥ᠋ ᠬᠤᠳᠠᠯᠳᠤᠵᠥ ᠠᠪᠤᠭᠠᠳ ᠴᠡᠭᠡ ᠢᠰᠬᠡᠵᠥ ᠬᠤᠳᠠᠯᠳᠤᠳᠠᠭ ᠶᠤᠮ᠃ ᠲᠡᠳᠡᠨ ᠤ ᠬᠢᠨ ᠰᠠᠭᠠᠵᠥ ᠪᠤᠯᠪᠠᠰᠤᠷᠠᠭᠤᠯᠬᠤ ᠠᠴᠠ ᠡᠬᠢᠯᠡᠬᠡᠳ ᠪᠤᠭᠤᠳᠠᠯᠯᠠᠵᠥ ᠬᠤᠳᠠᠯᠳᠤᠬᠤ ᠬᠥᠷᠳᠡᠯ ᠎ᠡ ᠪᠥᠷ ᠥᠪᠡᠰᠦᠪᠡᠡ ᠬᠢᠵᠥ᠂ ᠴᠡᠭᠡ ᠪᠠᠨ ᠵᠢᠩ ᠪᠥᠷᠢ ᠳᠡᠭᠡᠨ 20 ᠲᠥᠬᠦᠷᠢᠭ ᠢᠶᠠᠷ ᠬᠤᠳᠠᠯᠳᠤᠵᠥ᠂ ᠵᠢᠯ ᠳᠡᠭᠡᠨ 10 ᠲᠥᠮᠡᠨ ᠲᠥᠬᠦᠷᠢᠭ ᠤᠨ ᠴᠡᠪᠡᠷ ᠤᠷᠤᠯᠭ᠎ᠠ ᠡᠬᠦᠳᠴᠤ ᠪᠤᠢ᠃ ᠬᠠᠰᠴᠢᠮᠠᠩ᠄ ︽ᠤᠳᠤ ᠮᠠᠨ ᠤ ᠤᠷᠳᠤᠰ ᠤᠨ ᠲᠤᠯᠤᠭᠠᠨ ᠬᠤᠰᠢᠭᠤᠨ ᠳᠤ ᠵᠡᠬᠦᠨᠭᠠᠷ ᠢ ᠭᠠᠷᠭᠠᠪᠠᠯ ᠪᠤᠰᠤᠳ ᠨᠢ ᠪᠥᠷ ᠠᠳᠤᠭᠤ ᠲᠠᠢ ᠪᠤᠯᠵᠠᠢ᠃ ᠴᠡᠭᠡ ᠢᠰᠬᠡᠵᠥ ᠪᠠᠶᠢᠬᠤ ᠡᠷᠤᠭᠡ ᠮᠡᠨ ᠤ ᠤᠳᠤᠭ ᠬᠤᠰᠢᠭᠤᠨ ᠳᠤ ᠴᠤ ᠠᠷᠪᠠᠨ ᠬᠡᠳᠤ ᠪᠠᠶᠢᠳᠠᠭ᠃ ᠨᠢᠬᠡ ᠪᠤᠳᠤᠬᠤᠯᠠᠷ ᠶᠡᠭᠡ ᠪᠠᠶᠠᠰᠤᠯᠳᠠᠢ ᠤᠴᠢᠷ ᠪᠠᠶᠢᠨ᠎ᠠ᠃ ᠮᠠᠨ ᠤ ᠠᠳᠤᠭᠤᠨ ᠤ ᠠᠰᠢᠭ ᠤᠷᠤᠯᠭ᠎ᠠ ᠶᠢ ᠨᠡᠮᠡᠭᠳᠡᠬᠦᠯᠬᠦ ᠠᠴᠠ ᠭᠠᠳᠠᠨ᠎ᠠ ᠬᠡᠷᠡᠭᠴᠡᠭᠡ ᠶᠢ ᠴᠤ ᠥᠷᠬᠡᠳᠬᠡᠵᠠᠢ︾ ᠬᠡᠵᠥ ᠶᠠᠷᠢᠯ ᠎ᠠ᠃      ᠬᠡᠪᠡᠴᠤ ᠲᠤᠬᠠᠢ ᠶᠢᠨ ᠥᠶ ᠎ᠡ ᠳᠤ ᠤᠷᠳᠤᠰ ᠨᠤᠳᠤᠭ ᠲᠤ ᠴᠡᠭᠡ ᠲᠠᠰᠤᠷᠠᠭᠠᠳ ᠶᠡᠭᠡ ᠤᠳᠠᠭᠰᠠᠨ ᠪᠤᠯᠬᠤᠷ ᠬᠠᠰᠴᠢᠮᠠᠩ ᠲᠡᠬᠦᠨ ᠢ ᠪᠤᠷᠤᠯᠠᠭᠤᠯᠬᠤ ᠲᠠᠯ ᠎ᠠ ᠪᠠᠷ ᠪᠠᠰᠠ ᠶᠡᠭᠡ ᠲᠥᠪᠡᠭᠳᠡᠯ ᠤᠴᠠᠷᠠᠵᠥ ᠪᠠᠶᠢᠭᠰᠨᠨ ᠪᠢᠯᠡ᠃ ᠡᠬᠢᠨ ᠤ ᠵᠢᠯ ᠤᠳ ᠲᠤ ᠲᠡᠷᠡ ᠮᠥᠰᠥᠮᠡᠯᠵᠢ ᠬᠤᠳᠠᠯᠳᠤᠳᠠᠭ ᠬᠥᠮᠥᠨ ᠰᠢᠭ ᠠᠷᠤ ᠡᠮᠤᠨ᠎ᠠ ᠪᠠᠨ ᠫᠠᠶᠢᠰᠠ ᠵᠡᠬᠦᠵᠥ᠂ ᠤᠪᠤᠭᠠᠨ ᠨᠠᠭᠠᠳᠤᠮ ᠳᠤ ᠤᠴᠢᠵᠥ ᠴᠡᠭᠡ ᠪᠠᠨ ᠬᠤᠳᠠᠯᠳᠤᠳᠠᠭ ᠪᠠᠶᠢᠵᠠᠢ᠃ ᠨᠠᠭᠠᠳᠤᠮᠴᠢᠨ ᠮᠥᠷᠬᠦᠯᠴᠢᠳ ᠰᠤᠨᠢᠭᠤᠴᠢᠯᠠᠵᠥ ᠤᠴᠢᠭᠠᠳ ︽ᠴᠡᠭᠡ ᠬᠡᠭᠴᠢ ᠨᠢ ᠶᠠᠭᠤ ᠪᠠᠶᠢᠨ᠎ᠠ︖︾ ᠬᠡᠵᠥ ᠠᠰᠭᠤᠵᠥ ᠰᠤᠷᠠᠭᠯᠠᠳᠠᠭ ᠨᠢ ᠪᠠᠶᠢᠬᠤ ᠳᠤ ᠪᠠᠰᠠ ᠵᠠᠷᠢᠮ ᠨᠢ ︽ᠡᠨᠡ ᠴᠢᠨᠢ ᠥᠨᠡᠨ ᠴᠤ ᠶᠤᠮ ᠤᠤ᠂ ᠬᠤᠳᠠᠯ ᠴᠤ ᠶᠤᠮ ᠤᠤ︾ ᠬᠡᠵᠥ ᠰᠡᠵᠢᠭᠯᠡᠬᠡᠳ ᠬᠠᠵᠠᠭᠤ ᠳᠤᠨᠢ ᠤᠶᠠᠵᠥ ᠪᠠᠶᠢᠭ᠎ᠠ ᠤᠨᠠᠭ᠎ᠠ ᠬᠡᠬᠦᠥ ᠶᠢ ᠨᠢ ᠥᠵᠡᠪᠡᠯ ᠰᠡᠵᠢᠭ ᠨᠢ ᠪᠠᠭ᠎ᠠ ᠠᠯᠳᠠᠷᠠᠳᠠᠭ ᠴᠤ ᠪᠤᠷᠤᠯᠠᠭᠤᠯᠭ᠎ᠠ ᠮᠠᠭᠤ ᠲᠠᠢ ᠪᠠᠶᠢᠭᠰᠠᠨ ᠬᠡᠨ᠎ᠡ᠃      ︽ᠲᠡᠷᠡ ᠥᠶ ᠎ᠡ ᠳᠤ ᠮᠠᠨ ᠤ ᠨᠤᠳᠤᠭ ᠤᠨ ᠬᠥᠮᠥᠰ ᠴᠡᠭᠡ ᠶᠢᠨ ᠲᠤᠬᠠᠢ ᠤᠢᠢᠯᠠᠭᠠᠯᠳᠡ ᠲᠤᠳᠠᠮᠠᠭ ᠪᠠᠶᠢᠭᠰᠠᠨ ᠶᠤᠮ᠃ ᠮᠠᠨ ᠤ ᠨᠤᠳᠤᠭ ᠲᠤ ᠲᠠᠪᠢᠨ ᠬᠡᠳᠤᠨ ᠤᠨ ᠳᠤ ᠴᠡᠭᠡ ᠠᠷᠪᠢᠨ ᠪᠠᠶᠢᠭᠰᠠᠨ ᠬᠡᠵᠥ ᠬᠡᠯᠡᠯᠴᠡᠳᠡᠭ᠃ ᠰᠡᠬᠦᠯᠡᠷ ᠨᠢ ᠨᠠᠶᠠᠨ ᠭᠤᠷᠪᠠᠨ ᠤᠨ ᠤ ᠶᠡᠭᠡ ᠲᠭᠠᠭᠠᠴᠢᠯᠠᠯᠳᠡ ᠪᠤᠯᠤᠭᠰᠠᠨ ᠠᠴᠠ ᠪᠠᠷᠤᠭ ᠠᠳᠤᠭᠤ ᠮᠠᠯ ᠴᠥᠬᠡᠷᠡᠵᠥ᠂ ᠠᠳᠤᠭᠤᠨ ᠤ ᠤᠳᠤᠮ ᠲᠠᠰᠤᠷᠠᠬᠤ ᠬᠡᠮᠵᠢᠶᠠᠨ ᠳᠤ ᠬᠥᠷᠴᠠᠢ᠃ ᠪᠢ ᠴᠡᠭᠡ ᠬᠢᠵᠥ ᠡᠬᠢᠯᠡᠬᠦ ᠥᠶᠡᠰ ᠢᠶᠠᠷ ᠮᠠᠨ ᠤ ᠤᠷᠳᠤᠰ ᠲᠤ ᠬᠡᠬᠦᠥ ᠰᠠᠭᠠᠳᠠᠭ ᠬᠥᠮᠤᠨ ᠪᠠᠶᠢᠳᠠᠭ ᠴᠤ ᠥᠬᠡᠢ᠃ ᠠᠭᠤᠰᠬᠢᠨ ᠤ ᠡᠪᠡᠳᠴᠢᠨ ᠲᠠᠢ ᠬᠥᠮᠥᠰ ᠪᠥᠷ ᠰᠢᠯᠢ ᠶᠢᠨ ᠭᠤᠤᠯ ᠳᠤ ᠤᠴᠢᠵᠥ ᠤᠤᠭᠤᠳᠠᠭ᠃ ᠲᠤᠬᠠᠢ ᠶᠢᠨ ᠥᠶ ᠎ᠡ ᠳᠤ ᠮᠠᠨ‌‍ᠤ ᠬᠤᠰᠢᠭᠤᠨ ᠤ ᠤᠳᠤᠷᠢᠳᠤᠯᠭ᠎ᠠ ᠲᠤᠭ᠎ᠠ ᠪᠥᠷᠢᠳᠬᠡᠯ ᠬᠢᠵᠥ ᠶᠠᠪᠤᠬᠤ ᠳᠠᠭᠠᠨ ᠬᠡᠬᠦᠥ ᠰᠠᠭᠠᠳᠠᠭ ᠬᠥᠮᠤᠨ ᠪᠠᠶᠢᠪᠠᠯ ᠪᠤᠯᠤᠮᠠᠷ ᠪᠠᠶᠢᠨ᠎ᠠ ᠬᠡᠰᠡᠨ ᠶᠠᠷᠢᠶ ᠎ᠠ ᠶᠢ ᠨᠢ ᠰᠤᠨᠤᠰᠤᠭᠠᠳ ᠬᠡᠬᠦᠥ ᠰᠠᠭᠠᠬᠤ ᠪᠠᠷ ᠪᠤᠯᠵᠠᠢ︾ ᠬᠡᠵᠥ ᠬᠠᠰᠴᠢᠮᠡᠭ ᠬᠡᠬᠦᠥ ᠰᠠᠭᠠᠵᠥ ᠡᠬᠢᠯᠡᠭᠰᠡᠨ ᠤᠴᠢᠷ ᠢᠶᠠᠨ ᠲᠤᠭᠠᠴᠠᠯ ᠎ᠠ᠃ ᠲᠡᠷᠡ ᠤᠤᠯ ᠨᠢ ᠰᠢᠤᠳᠠᠨ ᠲᠤᠪᠴᠢᠶᠠᠨ ᠳᠤ ᠠᠵᠢᠯᠯᠠᠵᠥ ᠪᠠᠶᠢᠭᠠᠳ ᠠᠵᠢᠯ ᠤᠨ ᠪᠠᠶᠢᠷᠢ ᠠᠴᠠ ᠪᠠᠨ ᠪᠠᠭᠤᠭᠰᠠᠨ ᠪᠠᠶᠢᠵᠠᠢ᠃ ᠬᠡᠨᠡᠳᠳᠡ ᠶᠢᠨ ᠲᠤᠬᠢᠶᠠᠯᠳᠤᠯ ᠢᠶᠠᠷ ᠬᠡᠬᠦᠥ ᠰᠠᠭᠠᠬᠤ ᠠᠵᠢᠯ ᠢ ᠬᠢᠭᠰᠡᠨ ᠨᠢ ᠲᠡᠬᠦᠨ ᠤ ᠠᠮᠢᠳᠤᠷᠠᠯ ᠤᠨ ᠵᠠᠮ ᠢ ᠨᠢ ᠬᠡᠷᠡᠯᠳᠥᠬᠦᠯᠵᠥ᠂ ᠠᠳᠤᠭᠤᠨ ᠤ ᠬᠡᠶᠢᠮᠥᠷᠢ ᠢᠪᠡᠬᠡᠭᠰᠡᠨ ᠪᠠᠶᠢᠯ ᠎ᠠ᠃ ᠠᠩᠬᠠᠨ ᠤ ᠵᠢᠯ ᠳᠡᠭᠡᠨ ᠬᠠᠰᠴᠢᠮᠠᠩ ᠭᠤᠷᠪᠠᠭ᠋ᠠᠨ ᠬᠡᠬᠦᠥ ᠲᠠᠢ ᠪᠠᠶᠢᠵᠥ᠂ ᠠᠶᠢᠯ ᠰᠠᠭᠠᠬᠠᠯᠳᠡ ᠶᠢᠨ ᠬᠢᠨ ᠠᠴᠠ ᠪᠠᠨ ᠲᠥᠷᠪᠡᠨ ᠬᠡᠬᠦᠥ ᠵᠢᠬᠡᠯᠡᠵᠥ ᠲᠤᠯᠤᠭᠠᠨ ᠬᠡᠬᠦᠥ ᠪᠤᠯᠭᠠᠵᠥ ᠰᠠᠭᠠᠭᠠᠳ ᠤᠳᠤᠭ ᠬᠤᠰᠢᠭᠤᠨ ᠤ ᠮᠤᠩᠭᠤᠯ ᠡᠮᠨᠡᠯᠬᠡ ᠶᠢᠨ ᠬᠤᠷᠢᠶᠠᠨ ᠳᠤ 700 ᠵᠢᠩ ᠴᠡᠭᠡ ᠬᠤᠳᠠᠯᠳᠤᠴᠢᠬᠠᠵᠥ ᠪᠥᠬᠡᠮ ᠪᠠᠶᠠᠷ ᠪᠤᠯᠵᠥ ᠪᠠᠶᠢᠭᠰᠠᠨ ᠬᠡᠳᠡᠭ᠃ ᠲᠡᠷᠡ ᠥᠶ ᠎ᠡ ᠳᠤ ᠵᠠᠬ ᠎ᠠ ᠲᠡᠯᠬᠡᠬᠦᠷ ᠤᠨ ᠪᠠᠶᠢᠴᠠᠭᠠᠯᠳᠠ ᠴᠤ ᠬᠢᠭᠰᠡᠨ ᠥᠬᠡᠢ᠂ ᠵᠠᠬ ᠎ᠠ ᠲᠡᠯᠬᠡᠬᠦᠷ ᠤᠨ ᠥᠨ᠎ᠠ ᠬᠡᠳᠤᠢ ᠬᠥᠷᠴᠤ ᠪᠠᠶᠢᠭᠰᠠᠨ ᠢ ᠴᠤ ᠮᠡᠳᠡᠯ ᠥᠬᠡᠢ᠂ ᠵᠢᠩ ᠪᠥᠷᠢ ᠶᠢ 7 ᠲᠥᠬᠦᠷᠢᠭ ᠢᠶᠠᠷ ᠬᠤᠳᠠᠯᠳᠤᠭᠰᠠᠨ ᠪᠠᠶᠢᠨ᠎ᠠ᠃ ᠬᠠᠰᠴᠢᠮᠡᠭ ᠴᠡᠭᠡ ᠶᠢᠨ ᠲᠠᠯᠠᠪᠠᠢ ᠨᠡᠬᠡᠬᠡᠵᠥ ᠡᠬᠢᠯᠡᠬᠦ ᠳᠤ ᠤᠳᠤᠭ ᠬᠤᠰᠢᠭᠤᠨ ᠤ ᠮᠤᠩᠭᠤᠯ ᠡᠮᠨᠡᠯᠬᠡ ᠶᠢᠨ ᠬᠤᠷᠢᠶ ᠎ᠠ ᠴᠡᠭᠡ ᠬᠠᠨᠭ᠍ᠭᠠᠬᠤ ᠴᠡᠭ ᠢᠶᠠᠨ ᠪᠤᠯᠭᠠᠭᠰᠠᠨ ᠠᠴᠠ ᠲᠡᠬᠦᠨ ᠳᠤ ᠲᠦᠢᠯ ᠤᠨ ᠶᠡᠭᠡ ᠲᠡᠮᠵᠢᠯᠬᠡ ᠪᠤᠯᠵᠥ ᠪᠤᠷᠤᠯᠠᠭᠤᠯᠭ᠎ᠠ ᠶᠢᠨ ᠵᠠᠮ ᠮᠥᠷ ᠲᠤᠨᠢ ᠤᠷᠤᠭᠤᠯᠵᠠᠢ᠃ ᠴᠡᠭᠡ ᠶᠢ ᠡᠮᠨᠡᠯᠬᠡ ᠶᠢᠨ ᠬᠤᠷᠢᠶᠠᠨ ᠳᠤ ᠭᠤᠤᠯᠳᠠᠭᠤ ᠴᠡᠭᠡ ᠶᠢᠨ ᠵᠠᠰᠠᠯ ᠬᠢᠬᠦ ᠳᠤ ᠬᠡᠷᠡᠭᠯᠡᠳᠡᠭ ᠪᠠᠶᠢᠨ᠎ᠠ᠃ ᠡᠪᠡᠳᠴᠢᠳᠠᠨ ᠤ ᠪᠠᠶᠢᠳᠠᠯ ᠢ ᠨᠢ ᠥᠵᠡᠵᠥ ᠲᠤᠭᠳᠠᠭᠰᠠᠨ ᠡᠮᠴᠢᠯᠡᠬᠦ ᠬᠤᠭᠤᠴᠠᠭ᠎ᠠ ᠳᠤ ᠴᠡᠭᠡ ᠤᠤᠭᠤᠯᠭᠠᠬᠤ ᠶᠢᠨ ᠬᠠᠮᠳᠤ ᠡᠮ ᠬᠠᠪᠰᠤᠷᠠᠭᠠᠳᠠᠭ᠃ ᠴᠡᠭᠡ ᠶᠢᠨ ᠵᠠᠰᠠᠯ ᠨᠢ ᠴᠢᠰᠤᠨ ᠲᠠᠷᠤᠯᠳᠡ ᠥᠨᠳᠤᠷ᠂ ᠠᠭᠤᠰᠬᠢᠨ ᠰᠥᠷᠢᠶ ᠎ᠡ᠂ ᠤᠳᠠᠭᠠᠨ ᠴᠢᠨᠠᠷᠳᠠᠢ ᠬᠤᠳᠤᠭᠤᠳᠤ ᠬᠡᠳᠡᠰᠤᠨ ᠥᠷᠪᠢᠰᠥᠯ᠂ ᠰᠢᠬᠢᠷ ᠰᠢᠵᠢᠩ ᠵᠡᠷᠬᠡ ᠡᠪᠡᠳᠴᠢᠨ ᠳᠤ ᠤᠨᠴᠠ ᠲᠤᠬᠢᠷᠠᠳᠠᠭ᠃ ᠲᠤᠬᠠᠢ ᠶᠢᠨ ᠥᠶ ᠎ᠡ ᠳᠤ ᠴᠡᠭᠡ ᠰᠠᠪᠠᠯᠠᠬᠤ ᠯᠤᠩᠬᠤ ᠰᠠᠪᠠ ᠪᠠᠶᠢᠬᠤ ᠥᠬᠡᠢ ᠂ ᠡᠮᠨᠡᠯᠬᠡ ᠶᠢᠨ ᠬᠤᠷᠢᠶᠠᠨ ᠠᠴᠠ ᠬᠤᠪᠠᠨᠴᠢᠷ ᠲᠠᠭᠯᠠᠭ᠎ᠠ ᠲᠠᠢ ᠰᠢᠯ ᠯᠤᠩᠬᠤ ᠶᠢ ᠠᠷᠢᠭᠠᠳᠬᠠᠴᠢᠬᠠᠭᠠᠳ ᠠᠪᠴᠢᠷᠠᠵᠥ ᠥᠭᠳᠡᠭ᠃ ᠬᠡᠪᠡᠴᠤ ᠲᠡᠷᠡ ᠯᠤᠩᠬᠤ ᠨᠢ ᠥᠳᠡ ᠶᠢᠨ ᠬᠠᠯᠠᠭᠤᠨ ᠪᠤᠯᠤᠭᠰᠠᠭᠠᠷ ᠫᠤᠤᠵᠢᠩ ᠲᠠᠯᠪᠢᠵᠥ ᠪᠠᠶᠢᠬᠤ ᠰᠢᠭ᠋ ᠲᠡᠯᠪᠡᠷᠡᠬᠡᠳ ᠶᠠᠪᠤᠴᠢᠬᠠᠳᠠᠭ ᠨᠢ ᠬᠠᠰᠴᠢᠮᠡᠭ ᠤᠨ ᠠᠷᠭ᠎ᠠ ᠤᠬᠠᠭᠠᠨ ᠢ ᠨᠢ ᠰᠢᠯᠭᠠᠳᠠᠭ ᠪᠠᠶᠢᠯ ᠎ᠠ᠃ ᠰᠡᠬᠦᠯᠡᠷ ᠨᠢ ᠤᠳᠤᠭ ᠬᠤᠰᠢᠭᠤᠨ ᠳᠠᠬᠢ ᠷᠠᠰᠢᠶᠠᠨ ᠤᠰᠤᠨ ᠤ ᠤᠢᠢᠯᠡᠳᠪᠤᠷᠢ ᠶᠢᠨ ᠯᠤᠩᠬᠤ ᠶᠢ ᠬᠡᠷᠡᠭᠯᠡᠳᠡᠭ ᠪᠤᠯᠤᠭᠰᠠᠨ ᠨᠢ ᠡᠨᠡ ᠬᠦ ᠲᠥᠪᠡᠭᠳᠡᠯ ᠢ ᠰᠢᠢᠳᠪᠤᠷᠢᠯᠡᠭᠰᠡᠨ ᠪᠠᠶᠢᠨ᠎ᠠ᠃ ᠲᠡᠷᠡ ᠬᠠᠷ ᠎ᠠ ᠤᠬᠠᠭᠠᠨ ᠢᠶᠠᠷ ᠢᠶᠠᠨ ᠬᠢᠵᠥ ᠡᠬᠢᠯᠡᠬᠦ ᠠᠴᠠ ᠬᠠᠰᠢᠷ ᠲᠤᠷᠰᠢᠯᠭ᠎ᠠ ᠲᠠᠢ ᠪᠤᠯᠳᠠᠯᠬᠢ ᠡᠳᠡᠬᠡᠷ ᠵᠢᠯ ᠤᠳ ᠲᠤ ᠨᠡᠶᠢᠬᠡᠮ ᠲᠡᠭᠡᠷ ᠎ᠠ ᠨᠡᠷ ᠎ᠡ ᠨᠥᠯᠥᠬᠡ ᠲᠠᠢ ᠪᠤᠯᠵᠥ ᠠᠰᠢᠭ ᠤᠷᠤᠯᠭ᠎ᠠ ᠴᠤ ᠵᠢᠯ ᠠᠴᠠ ᠵᠢᠯ ᠨᠡᠮᠡᠭᠳᠡᠵᠠᠢ᠃      ᠬᠠᠰᠴᠢᠮᠠᠩ 2012 ᠤᠨ ᠳᠤ ︽ᠠᠷᠢᠭᠤᠨ ᠴᠡᠭᠡ︾ ᠲᠠᠸᠠᠷ ᠤᠨ ᠲᠡᠮᠳᠡᠭᠳᠤ ᠪᠠᠨ ᠲᠠᠩᠰᠠᠯᠠᠭᠤᠯᠵᠥ᠂ ᠲᠠᠷᠠᠭ᠎ᠠ ᠵᠢᠯ ᠨᠢ ᠲᠥᠷᠪᠡᠨ ᠮᠠᠯᠴᠢᠨ ᠡᠷᠤᠬᠡ ᠲᠠᠢ ᠬᠤᠯᠪᠤᠭᠠᠯᠠᠨ ︽ᠠᠷᠢᠭᠤᠨ ᠴᠡᠭᠡ︾ ᠨᠡᠷᠡᠮᠵᠢᠳᠤ ᠲᠤᠰᠬᠠᠢ ᠬᠤᠷᠰᠢᠶᠠᠵᠢᠯ ᠢ ᠪᠠᠶᠢᠭᠤᠯᠵᠠᠢ᠃ ᠬᠤᠷᠰᠢᠶᠠᠵᠢᠯ ᠤᠨ ᠲᠠᠪᠤᠨ ᠠᠶᠢᠯ ᠨᠡᠶᠢᠯᠡᠬᠡᠳ ᠲᠠᠪᠢᠭᠠᠳ ᠬᠡᠬᠦᠥ ᠲᠠᠢ ᠪᠠᠶᠢᠵᠥ᠂ ᠬᠠᠰᠴᠢᠮᠡᠭ ᠲᠡᠳᠡᠨ ᠤ ᠬᠡᠬᠦᠥ ᠶᠢᠨ ᠰᠥ᠋ ᠶᠢ ᠨᠢ ᠬᠤᠳᠠᠯᠳᠤᠵᠥ ᠠᠪᠤᠭᠠᠳ ᠴᠡᠭᠡ ᠪᠤᠯᠭᠠᠨ ᠢᠰᠬᠡᠵᠥ ᠬᠤᠳᠠᠯᠳᠤᠳᠠᠭ᠃ ᠬᠠᠰᠴᠢᠮᠡᠭ ᠢᠳᠡᠬᠡᠮᠵᠢ᠂ ᠬᠠᠷᠢᠭᠤᠴᠠᠯᠭ᠎ᠠ ᠶᠢ ᠡᠷᠬᠢᠮᠯᠡᠵᠥ᠂ ᠡᠴᠢᠨᠡᠭᠡᠨ ᠤᠯᠠᠨ ᠵᠢᠯ ᠴᠡᠭᠡ ᠶᠢᠨ ᠢᠶᠠᠨ ᠶᠠᠰᠣ ᠴᠢᠨᠠᠷ ᠢ ᠪᠠᠳᠤᠯᠠᠭᠰᠠᠭᠠᠷ ᠢᠷᠡᠭᠰᠡᠨ ᠤᠴᠢᠷ ᠠᠴᠠ ᠤᠷᠳᠤᠰ ᠬᠤᠳᠠ ᠶᠢᠨ ᠮᠤᠩᠭᠤᠯ ᠡᠮᠨᠡᠯᠬᠡ ᠶᠢᠨ ᠬᠤᠷᠢᠶ ᠎ᠠ᠂ ᠠᠯᠠᠱᠠ ᠠᠶᠢᠮᠠᠭ ᠤᠨ ᠮᠤᠩᠭᠤᠯ ᠡᠮᠨᠡᠯᠬᠡ ᠶᠢᠨ ᠬᠤᠷᠢᠶ ᠎ᠠ᠂ ᠥᠥᠰᠢᠨ ᠬᠤᠰᠢᠭᠤᠨ ᠤ ᠮᠤᠩᠭᠤᠯ ᠡᠮᠨᠡᠯᠬᠡ ᠶᠢᠨ ᠬᠤᠷᠢᠶ ᠎ᠠ ᠵᠢᠯ ᠲᠠᠷᠠᠭᠠᠯᠠᠨ ᠲᠡᠳᠡᠨ ᠤ ᠬᠢ ᠲᠠᠢ ᠬᠠᠮᠳᠤᠷᠠᠯᠴᠠᠨ᠂ ᠴᠡᠭᠡ ᠬᠠᠨᠭ᠍ᠭᠠᠬᠤ ᠭᠠᠵᠠᠷ ᠤᠨ ᠫᠠᠶᠢᠰᠠ ᠪᠠᠨ ᠡᠯᠬᠦᠵᠠᠢ᠃      ᠲᠡᠷᠡ ᠵᠤᠨ ᠤ ᠠᠭᠤᠷ ᠤᠷᠤᠬᠤ ᠠᠴᠠ ᠨᠠᠮᠤᠷ ᠤᠨ ᠰᠡᠬᠦᠯᠴᠢ ᠬᠥᠷᠳᠡᠯ ᠎ᠠ ᠤᠳᠤᠷ ᠲᠠᠭᠠᠨ ᠠᠳᠤᠭᠤ ᠪᠠᠨ ᠮᠠᠯᠵᠢᠵᠥ ᠰᠠᠭᠠᠯᠢ ᠬᠢᠳᠡᠭ᠃ ᠡᠪᠤᠯ ᠳᠡᠭᠡᠨ ᠠᠳᠤᠭᠤ ᠪᠠᠨ ᠬᠤᠰᠢᠭᠤᠨ ᠤ ᠲᠥᠪ ᠠᠴᠠ 50 ᠭᠠᠵᠠᠷ ᠵᠠᠶᠢᠳᠠᠢ ᠪᠠᠶᠢᠭ᠎ᠠ 4000 ᠭᠠᠷᠤᠢ ᠮᠥ ᠪᠡᠯᠴᠢᠬᠡᠷ ᠲᠡᠭᠡᠨ ᠮᠠᠯᠵᠢᠳᠠᠭ ᠪᠠᠶᠢᠨ᠎ᠠ᠃ ᠲᠡᠳᠡᠨ ᠤ ᠬᠢᠨ ᠠᠳᠤᠭᠤ ᠪᠠᠨ ᠨᠡᠬᠦᠳᠡᠯᠯᠡᠵᠥ ᠮᠠᠯᠵᠢᠳᠠᠭ ᠮᠥᠷᠳᠡᠬᠡᠨ ᠶᠠᠷᠤ ᠠᠴᠠ ᠪᠤᠷᠳᠤᠳᠠᠭ ᠥᠬᠡᠢ᠃ ᠤᠨᠴᠠᠭᠠᠢᠢᠯᠠᠨ ᠲᠡᠳᠡᠨ ᠤ ᠤᠳᠤᠷ ᠪᠤᠯᠬᠤ ᠲᠥᠷᠪᠡᠨ ᠥᠨᠳᠤᠷ ᠤᠨ ᠰᠢᠯᠢ ᠳᠤ ᠠᠬᠢ ᠬᠢᠯᠠᠭᠠᠨ᠎ᠠ ᠵᠡᠷᠬᠡ 200 ᠭᠠᠷᠤᠢ ᠲᠥᠷᠥᠯ ᠤᠨ ᠡᠪᠡᠰᠤ ᠲᠠᠢ ᠪᠠᠶᠢᠵᠥ᠂ ᠠᠳᠤᠭᠤᠨ ᠤ ᠪᠡᠯᠴᠢᠬᠡᠷ ᠪᠤᠯᠬᠤ ᠳᠤ ᠮᠠᠰᠢ ᠲᠤᠬᠢᠷᠠᠳᠠᠭ᠃ ᠡᠶᠢᠮᠥ ᠠᠴᠠ ᠡᠳᠡᠨ ᠤ ᠬᠢᠨ ᠤ ᠴᠡᠭᠡ ᠴᠤᠯ ᠪᠠᠶᠢᠭᠠᠯᠢᠯᠢᠭ ᠮᠥᠷᠳᠡᠬᠡᠨ ᠠᠮᠳᠠ ᠰᠢᠮᠳᠠ ᠨᠢ ᠰᠠᠶᠢᠬᠠᠨ ᠢᠶᠠᠷ ᠬᠤᠯᠠ ᠤᠢᠢᠷ ᠎ᠡ ᠳᠤ ᠠᠯᠳᠠᠷᠰᠢᠵᠠᠢ᠃ ᠤᠳᠤᠬᠠᠨ ᠮᠤᠩᠭᠤᠯ ᠡᠮᠨᠡᠯᠬᠡ ᠶᠢᠨ ᠬᠤᠷᠢᠶ ᠎ᠠ ᠳᠤ ᠪᠤᠷᠤᠯᠠᠭᠤᠯᠳᠠᠭ ᠠᠴᠠ ᠭᠠᠳᠠᠨ᠎ᠠ ᠪᠠᠰᠠ ᠨᠡᠶᠢᠬᠡᠮ ᠤᠨ ᠤᠯᠠᠨ ᠴᠤ ᠥᠷᠬᠡᠨ ᠢᠶᠠᠷ ᠬᠤᠳᠠᠯᠳᠤᠨ ᠠᠪᠬᠤ ᠪᠤᠯᠵᠠᠢ᠃ ᠤᠢᠢᠷ ᠎ᠡ ᠬᠠᠵᠠᠭᠤ ᠶᠢᠨ ᠲᠡᠮᠡᠬᠡᠳᠤ ᠬᠤᠳᠠ᠂ ᠳ᠋ᠥᠩᠱᠸᠡᠭ ᠬᠤᠳᠠ᠂ ᠬᠥᠬᠡᠬᠤᠳᠠ ᠵᠡᠷᠬᠡ ᠭᠠᠵᠠᠷ ᠤᠷᠤᠨ ᠤ ᠬᠡᠷᠡᠭᠯᠡᠭᠴᠢᠳ ᠴᠤ ᠠᠷᠪᠢᠨ ᠢᠷᠡᠵᠥ ᠬᠤᠳᠠᠯᠳᠤᠨ ᠠᠪᠳᠠᠭ ᠪᠠᠶᠢᠨ᠎ᠠ᠃ ᠡᠬᠦᠨ ᠠᠴᠠ ᠭᠠᠳᠠᠨ᠎ᠠ᠂ ᠤᠪᠤᠭᠠᠨ ᠨᠠᠶᠢᠷ ᠲᠤ ᠰᠥ᠋ ᠪᠠᠷ ᠨᠢ ᠬᠡᠷᠡᠭᠯᠡᠬᠦ ᠪᠤᠶᠤ ᠬᠤᠷᠢᠮ ᠨᠠᠶᠢᠷ ᠲᠤ ᠴᠡᠭᠡ ᠥᠷᠬᠡᠨ ᠢᠶᠠᠷ ᠬᠡᠷᠡᠭᠯᠡᠬᠦ ᠪᠤᠯᠤᠭᠰᠠᠨ ᠠᠴᠠ ᠠᠰᠢᠭ ᠤᠷᠤᠯᠭ᠎ᠠ ᠨᠢ ᠤᠯᠠᠮ ᠠᠴᠠ ᠰᠠᠶᠢᠵᠢᠷᠠᠵᠠᠢ᠃ ︽ᠠᠳᠤᠭᠤᠨ ᠤ ᠪᠠᠨ ᠪᠤᠶᠠᠨ ᠢᠶᠠᠷ ᠶᠠᠭᠤᠮ ᠎ᠠ ᠪᠥᠬᠦᠨ ᠤᠷᠤᠭᠰᠢᠳᠠᠢ ᠪᠤᠯᠵᠠᠢ᠃ ᠪᠢ ᠥᠪᠡᠷ ᠢᠶᠠᠨ ᠡᠨᠡ ᠬᠦ ᠡᠷᠬᠢᠮᠰᠥᠭ ᠠᠵᠢᠯ ᠳᠠᠭᠠᠨ ᠤᠮᠤᠭᠰᠢᠵᠥ ᠶᠠᠪᠤᠳᠠᠭ᠃ ᠬᠡᠳᠤᠢ ᠪᠠᠷ ᠨᠠᠷᠠ ᠰᠠᠯᠬᠢᠨ ᠳᠤ ᠰᠢᠷᠠᠭᠳᠠᠵᠥ ᠪᠤᠷᠤᠯᠠᠭᠰᠠᠨ ᠴᠤ ᠮᠠᠰᠢ ᠪᠠᠶᠠᠷ ᠪᠠᠶᠠᠰᠬᠤᠯᠠᠩᠳᠠᠢ᠂ ᠰᠡᠳᠬᠢᠯ ᠲᠥᠬᠦᠷᠡᠩ ᠶᠤᠮ︾ ᠬᠡᠵᠥ ᠬᠠᠰᠴᠢᠮᠠᠩ ᠤᠯᠠᠨ ᠤᠳᠠᠭ᠎ᠠ ᠰᠡᠳᠬᠢᠯ ᠲᠤᠭᠳᠤᠯᠤᠨ ᠶᠠᠷᠢᠯ ᠎ᠠ᠃      ᠲᠡᠷᠡ ᠬᠡᠷᠡᠭᠯᠡᠭᠴᠢᠳ ᠤᠨ ᠱᠠᠭᠠᠷᠳᠠᠯᠭ᠎ᠠ ᠶᠢ ᠨᠢ ᠥᠨᠳᠤᠰᠤᠯᠠᠨ ᠴᠡᠭᠡ ᠪᠠᠨ ᠴᠢᠩᠭ᠎ᠠ ᠰᠤᠯᠠ ᠠᠮᠳᠠ ᠪᠠᠷ ᠢᠰᠬᠡᠵᠥ᠂ ᠲᠡᠳᠡᠨ ᠤ ᠰᠠᠨᠠᠭᠠᠨ ᠳᠤᠨᠢ ᠨᠡᠶᠢᠴᠡᠭᠰᠡᠨ ᠪᠥᠳᠥᠬᠡᠭᠳᠡᠬᠦᠨ ᠢ ᠬᠠᠨᠭ᠍ᠭᠠᠳᠠᠭ ᠪᠠᠶᠢᠨ᠎ᠠ᠃ ᠡᠨᠡ ᠵᠢᠯ‌ᠡᠴᠠ ᠬᠠᠰᠴᠢᠮᠡᠭ ᠪᠠᠰᠠ ᠬᠤᠷᠢᠭᠠᠳ ᠲᠥᠮᠡᠨ ᠲᠥᠬᠦᠷᠢᠭ ᠤᠨ ᠪᠡᠯᠡ ᠤᠷᠤᠭᠤᠯᠵᠥ -5°C ᠤᠨ ᠬᠦᠢᠳᠡᠡ‌‍ᠳᠤ ᠬᠥᠯᠳᠡᠬᠦ ᠥᠬᠡᠢ ᠴᠢᠳᠠᠪᠬᠢ ᠲᠠᠢ᠂ 3 ᠰᠠᠷ ᠎ᠠ ᠬᠢᠷᠢᠳᠠᠢ ᠰᠢᠨ᠎ᠡ ᠰᠤᠷᠭᠤᠭ ᠢᠶᠠᠷ ᠬᠠᠳᠠᠭᠠᠯᠠᠵᠥ ᠲᠡᠶᠢᠯᠬᠦ ᠬᠥᠷᠥᠬᠡᠬᠦᠷ ᠬᠤᠳᠠᠯᠳᠤᠨ ᠠᠪᠴᠤ᠂ ᠨᠡᠩ ᠤᠷᠳᠤ ᠴᠠᠭ ᠬᠠᠳᠠᠭᠠᠯᠠᠵᠥ ᠲᠡᠶᠢᠯᠬᠦ ᠪᠤᠯᠵᠠᠢ᠃ ᠬᠤᠶᠢᠰᠢᠳᠡ ᠬᠠᠰᠴᠢᠮᠡᠭ ᠡᠮᠨᠡᠯᠬᠡ ᠶᠢᠨ ᠬᠤᠷᠢᠶ ᠎ᠠ ᠲᠠᠢ ᠬᠠᠮᠳᠤᠷᠠᠯᠴᠠᠨ ᠡᠮᠨᠡᠬᠦ ᠪᠠ ᠰᠤᠪᠢᠯᠠᠬᠤ ᠶᠢ ᠤᠶᠠᠯᠳᠤᠭᠤᠯᠤᠭᠰᠠᠨ ᠰᠤᠪᠢᠯᠠᠯᠳᠡ ᠶᠢᠨ ᠭᠠᠵᠠᠷ ᠪᠠᠶᠢᠭᠤᠯᠵᠥ᠂ ᠴᠡᠭᠡ ᠶᠢᠨ ᠵᠠᠰᠠᠯ ᠬᠢᠬᠦ ᠵᠤᠷᠢᠯᠭ᠎ᠠ ᠲᠠᠢ ᠪᠠᠶᠢᠯ ᠎ᠠ᠃ ᠠᠳᠤᠭᠤ ᠪᠠᠨ ᠬᠠᠶᠢᠷᠠᠯᠠᠵᠥ᠂ ᠡᠳ᠋ᠯᠡᠵᠥ᠂ ᠰᠡᠳᠬᠢᠯ ᠬᠠᠨᠭ᠍ᠬᠤᠯᠤᠭᠤᠨ ᠶᠠᠪᠤᠬᠤ ᠨᠢ ᠰᠠᠭᠠᠯᠢᠴᠢᠨ ᠪᠥᠰᠡᠬᠦᠢ ᠬᠠᠰᠴᠢᠮᠡᠭ ᠤᠨ ᠵᠢᠷᠭᠠᠯᠳᠤ ᠠᠮᠢᠳᠤᠷᠠᠯ ᠤᠨ ᠬᠢᠨ ᠤᠨᠳᠤᠷᠤᠯ ᠶᠤᠮᠰᠠᠨ ᠁
ᠢᠷᠡᠯᠲᠡ᠄ ᠲᠤᠮᠲᠠᠲᠤ ᠤᠯᠤᠰ ᠤᠨ ᠮᠤᠩᠭᠤᠯ ᠬᠡᠯᠡᠨ ᠤ ᠰᠤᠨᠢᠨ ᠮᠡᠲᠡᠭᠡ ᠶᠢᠨ ᠰᠥᠯᠵᠢᠶ᠎ᠡ