ᠭᠡᠷ ᠪᠦᠯᠢ ᠶᠢᠨ ᠬᠦᠮᠦᠵᠢᠯ ᠢ ᠬᠦᠨᠳᠦᠳᠬᠡᠬᠦ ᠴᠢᠬᠤᠯᠠᠳᠠᠢ
ᠨᠡᠶᠢᠲᠡᠯᠡᠭᠰᠡᠨ ᠴᠠᠭ᠄
2020/7/22
     ᠭᠡᠷ ᠪᠦᠯᠢ ᠪᠤᠯ ᠪᠠᠭᠠᠴᠤᠳ ᠬᠡᠤᠬᠡᠳ ᠤᠨ ᠬᠠᠮᠤᠭ ᠤᠨ ᠠᠩᠬᠠᠨ ᠤ ᠰᠤᠷᠭᠠᠭᠤᠯᠢ᠂ ᠠᠪᠤ ᠡᠵᠢ ᠨᠢ ᠴᠤ ᠬᠡᠤᠬᠡᠳ ᠤᠨ ᠬᠠᠮᠤᠭ ᠤᠨ ᠠᠩᠬᠠᠨ ᠤ ᠪᠠᠭᠰᠢ ᠮᠦᠨ᠃ ᠤᠳᠤ ᠶᠢᠨ ᠪᠠᠭᠠᠴᠤᠳ ᠬᠡᠤᠬᠡᠳ ᠤᠨ ᠦᠰᠦᠨ ᠪᠤᠶᠢᠵᠢᠯᠳᠠ ᠳᠤ ᠢᠯᠡᠷᠡᠵᠤ ᠪᠠᠶᠢᠭ᠎ᠠ ᠨᠤᠴᠢᠲᠠᠢ ᠠᠰᠠᠭᠤᠳᠠᠯ ᠪᠤᠯ ᠬᠡᠤᠬᠡᠳ ᠤᠨ ᠪᠢᠳᠠᠭᠤ ᠮᠤᠩᠬᠠᠭ ᠪᠤᠶᠤ ᠤᠶᠤᠨ ᠤ ᠬᠤᠮᠰᠠᠳᠠᠯ ᠠᠴᠠ ᠪᠤᠯᠵᠤ ᠰᠤᠷᠴᠤ ᠰᠤᠳᠤᠯᠬᠤ ᠳᠠᠭᠠᠨ ᠬᠦᠴᠢᠷᠳᠡᠵᠤ ᠪᠠᠶᠢᠭ᠎ᠠ ᠪᠢᠰᠢ᠂ ᠬᠠᠷᠢᠨ ᠰᠤᠷᠤᠯᠴᠠᠬᠤ ᠤᠷᠮ᠎ᠠ ᠰᠤᠨᠢᠷᠬᠠᠯ ᠤᠨ ᠦᠭᠡᠶᠢᠳᠡᠯ᠂ ᠵᠠᠩ ᠰᠡᠳᠬᠢᠴᠡ ᠶᠢᠨ ᠡᠪᠳᠡᠷᠡᠯ᠂ ᠮᠤᠷᠠᠯ ᠰᠤᠷᠳᠠᠯ᠂ ᠬᠦᠮᠦᠨ ᠮᠦᠰᠦ ᠶᠢᠨ ᠳᠤᠷᠦ᠋ᠢᠳᠠᠯ ᠪᠤᠯᠤᠨ᠎ᠠ᠃ ᠡᠶᠢᠮᠦ ᠠᠴᠠ ᠭᠡᠷ ᠤᠨ ᠠᠬᠠᠮᠠᠳ ᠪᠤᠯᠤᠭᠰᠠᠳ ᠵᠠᠪᠠᠯ ᠭᠡᠷ ᠪᠦᠯᠢ ᠶᠢᠨ ᠬᠦᠮᠦᠵᠢᠯ ᠤᠨ ᠭᠤᠤᠯᠳᠠᠯᠭ᠎ᠠ᠂ ᠵᠠᠷᠴᠢᠮ ᠵᠢᠴᠢ ᠬᠠᠷᠢᠭᠤᠴᠠᠯᠭ᠎ᠠ ᠪᠠᠨ ᠳᠤᠳᠤᠷᠬᠠᠢ ᠤᠶᠢᠢᠯᠠᠭᠠᠬᠤ ᠴᠢᠬᠤᠯᠠᠳᠠᠢ ᠶᠤᠮ᠃ ᠤᠨᠴᠠᠭᠠᠶᠢᠢᠯᠠᠨ ᠲᠤᠤᠷᠠᠬᠢ 3 ᠵᠠᠷᠴᠢᠮ ᠢ ᠠᠬᠭ᠍ᠬᠠᠷᠬᠤ ᠴᠢᠬᠤᠯᠠᠲᠠᠢ᠄      ᠨᠢᠭᠡ᠂ ᠮᠠᠰᠢᠨ ᠢᠶᠠᠷ ᠬᠡᠤᠬᠡᠳ ᠤᠨ ᠬᠠᠨᠢ ᠪᠤᠯᠭᠠᠵᠦ ᠪᠤᠯᠬᠤ ᠦᠭᠡᠢᠤᠯᠠᠩᠬᠢ ᠭᠡᠷ ᠤᠨ ᠠᠬᠠᠮᠠᠳ ᠨᠢ ᠠᠵᠢᠯ ᠤᠨ ᠶᠠᠭᠠᠷᠠᠤ ᠠᠴᠠ ᠪᠤᠯᠵᠤ ᠬᠡᠤᠬᠡᠳ ᠢᠶᠠᠨ ᠬᠠᠷᠠᠬᠠᠨ ᠪᠠᠭ᠎ᠠ ᠠᠴᠠ ᠨᠢ ᠭᠠᠷ ᠤᠳᠠᠰᠤ᠂ ᠲᠧᠯᠧᠶᠢᠰ᠂ ᠺᠤᠮᠫᠢᠦ᠋ᠲ᠋ᠧᠷ ᠵᠡᠷᠭᠡ ᠪᠠᠷ ᠬᠠᠭᠤᠷᠴᠤ ᠠᠷᠭᠠᠳᠠᠨ᠎ᠠ᠃ ᠢᠡᠭᠬᠢᠭᠰᠡᠨ ᠠᠴᠠ ᠪᠤᠯᠵᠤ ᠬᠡᠤᠬᠡᠳ ᠨᠢ ᠬᠦᠮᠦᠨ ᠲᠠᠢ ᠬᠠᠷᠢᠯᠴᠠᠬᠤ ᠳᠠᠭᠠᠨ ᠮᠠᠰᠢ ᠠᠨᠠᠢ ᠪᠠᠶᠢᠵᠤ᠂ ᠠᠭᠤᠯᠵᠠᠵᠤ ᠤᠴᠠᠷᠠᠭᠰᠠᠨ ᠬᠦᠮᠦᠨ ᠲᠠᠢ ᠠᠮᠤᠷ ᠠᠰᠠᠭᠤᠬᠤ ᠶᠢ ᠪᠠᠶᠢᠴᠢᠬ᠎ᠠ᠂ ᠦᠭᠡᠳᠡ ᠠᠴᠠ ᠨᠢ ᠴᠤ ᠠᠰᠬᠠᠨ ᠦᠨᠳᠡᠶᠢᠵᠤ ᠬᠠᠷᠠᠳᠠᠭ ᠦᠭᠡᠢ᠃ ᠢᠡᠭᠭᠢᠭᠡᠳ ᠬᠡᠤᠬᠡᠳ ᠨᠢ ᠠᠭᠠᠵᠢᠮ ᠳᠠᠭᠠᠨ ᠬᠦᠮᠦᠨ ᠠᠴᠠ ᠵᠠᠶᠢᠳᠠᠭᠤ᠂ ᠦᠨᠦᠴᠢᠷᠡᠮᠡᠯ ᠭᠠᠭᠴᠠᠭᠠᠷᠳᠠᠮᠠᠯ ᠪᠤᠯᠳᠠᠭ᠃ ᠡᠶᠢᠮᠦ ᠠᠴᠠ ᠭᠡᠷ ᠤᠨ ᠠᠬᠠᠮᠠᠳ ᠰᠤᠯᠠ ᠰᠡᠯᠡᠭᠦᠦ ᠴᠠᠭ ᠢᠶᠠᠷ ᠢᠶᠠᠨ ᠬᠡᠤᠬᠡᠳ ᠲᠡᠭᠡᠨ ᠢᠯᠡᠭᠦᠭᠡᠨ ᠬᠠᠨᠢ ᠪᠤᠯᠪᠠᠯ ᠵᠤᠬᠢᠨ᠎ᠠ᠃      ᠬᠤᠶᠠᠷ᠂ ᠰᠠᠶᠢᠨ ᠪᠠᠭᠰᠢ ᠰᠠᠶᠢᠨ ᠰᠤᠷᠭᠠᠭᠤᠯᠢ ᠨᠢ ᠭᠡᠷ ᠪᠦᠯᠢ ᠶᠢᠨ ᠬᠦᠮᠦᠵᠢᠯ ᠢ ᠤᠷᠤᠯᠠᠵᠤ ᠴᠢᠳᠠᠬᠤ ᠦᠭᠡᠢᠰᠤᠷᠭᠠᠭᠤᠯᠢ ᠶᠢᠨ ᠬᠦᠮᠦᠵᠢᠯ ᠨᠢ ᠬᠡᠵᠢᠶ᠎ᠡ ᠴᠤ ᠬᠡᠰᠡᠨ ᠭᠡᠷ ᠪᠦᠯᠢ ᠶᠢᠨ ᠬᠦᠮᠦᠵᠢᠯ ᠢ ᠤᠷᠤᠯᠠᠵᠤ ᠴᠢᠳᠠᠬᠤ ᠦᠭᠡᠢ ᠶᠤᠮ᠃ ᠰᠤᠷᠭᠠᠭᠤᠯᠢ ᠨᠢ ᠬᠡᠤᠬᠡᠳ ᠲᠤ ᠦᠨᠡᠨ ᠬᠦ ᠭᠡᠷ ᠪᠦᠯᠢ ᠶᠢᠨ ᠬᠠᠯᠠᠭᠤᠨ ᠳᠤᠯᠠᠭᠠᠨ ᠢ ᠡᠳ᠋ᠯᠡᠭᠦᠯᠵᠤ ᠴᠢᠳᠠᠬᠤ ᠦᠭᠡᠢ ᠶᠤᠮ᠃ ᠬᠠᠯᠠᠭᠤᠨ ᠰᠡᠳᠬᠢᠯ᠂ ᠦᠭᠡᠳᠡᠷᠭᠡᠭ ᠰᠡᠳᠬᠢᠯ᠂ ᠬᠠᠷᠢᠭᠤᠴᠠᠯᠭᠠᠳᠤ ᠰᠡᠳᠬᠢᠯ᠂ ᠠᠴᠢᠯᠠᠯ ᠵᠢᠷᠤᠮ ᠤᠨ ᠰᠡᠳᠬᠢᠯ᠂ ᠦᠷᠦ ᠵᠦᠭᠡᠯᠡᠨ ᠰᠡᠳᠬᠢᠯ ᠭᠡᠳ ᠲᠡᠷᠡ ᠤᠯᠠᠨ ᠬᠦᠮᠦᠯᠢᠭ ᠰᠡᠳᠬᠢᠯᠭᠡ ᠶᠢ ᠭᠡᠷ ᠪᠦᠯᠢ ᠶᠢᠨ ᠤᠷᠴᠢᠨ ᠠᠴᠠ ᠬᠦᠷᠳᠡᠨ᠎ᠡ᠃ ᠡᠶᠢᠮᠦ ᠠᠴᠠ ᠭᠡᠷ ᠤᠨ ᠠᠬᠠᠮᠠᠳ ᠪᠠᠭᠠᠴᠤᠳ ᠬᠡᠤᠬᠡᠳ ᠲᠤ ᠢᠯᠡᠭᠦᠭᠡᠨ ᠭᠡᠷ ᠪᠦᠯᠢ ᠶᠢᠨ ᠰᠠᠶᠢᠨ ᠰᠠᠶᠢᠬᠠᠨ ᠬᠦᠮᠦᠵᠢᠯ ᠢ ᠬᠦᠷᠳᠡᠭᠡᠪᠡᠯ ᠵᠤᠬᠢᠨ᠎ᠠ᠃ ᠭᠡᠬᠦ ᠳᠤ ᠡᠨᠡ ᠨᠢ ᠬᠡᠤᠬᠡᠳ ᠲᠤ ᠪᠦᠬᠦ ᠶᠠᠭᠤᠮ᠎ᠠ ᠶᠢ ᠪᠡᠯᠡᠨ ᠪᠤᠯᠭᠠᠵᠦ ᠦᠭᠬᠦ ᠶᠢ ᠵᠢᠭᠠᠵᠦ ᠪᠠᠶᠢᠭ᠎ᠠ ᠪᠢᠰᠢ ᠶᠤᠮ᠃ ᠤᠳᠤ ᠶᠢᠨ ᠭᠡᠷ ᠤᠨ ᠠᠬᠠᠮᠠᠳ ᠬᠡᠤᠬᠡᠳ ᠤᠨ ᠡᠮᠦᠨ᠎ᠡ ᠠᠴᠠ ᠤᠯᠠᠩᠭᠢ ᠵᠦᠢᠯᠡᠰ ᠢ ᠭᠦᠢᠴᠡᠳᠬᠡᠵᠤ ᠦᠭᠭᠦᠭᠰᠡᠭᠡᠷ ᠪᠠᠶᠢᠵᠤ ᠬᠡᠤᠬᠡᠳ ᠢᠶᠠᠨ ᠮᠠᠭᠤ ᠰᠤᠷᠭᠠᠨ᠂ ᠠᠯᠵᠠᠭᠤ ᠬᠤᠶᠢᠷᠭᠤ᠂ ᠬᠤᠪᠢᠨᠴᠢᠷ ᠦᠵᠡᠯᠳᠡ ᠲᠠᠢ ᠪᠤᠯᠭᠠᠵᠤ᠂ ᠬᠦᠴᠢᠷ ᠢ ᠳᠠᠭᠠᠭᠠᠬᠤ ᠦᠭᠡᠢ᠂ ᠳᠡᠶᠢᠯᠦᠮᠡᠳᠡᠬᠡᠢ ᠵᠠᠩ ᠲᠠᠢ ᠪᠤᠯᠭᠠᠵᠤ ᠪᠤᠢ᠃ ᠬᠠᠷᠢᠨ ᠬᠡᠤᠬᠡᠳ ᠲᠤ ᠬᠠᠮᠤᠭ ᠠᠴᠠ ᠬᠡᠷᠡᠭᠰᠡᠵᠦ ᠪᠠᠶᠢᠭ᠎ᠠ ᠨᠢ ᠪᠤᠯ ᠬᠠᠶᠢᠷ᠎ᠠ ᠬᠡᠳᠡᠭ ᠢ ᠤᠬᠠᠬᠤ ᠤᠴᠢᠷᠲᠠᠢ᠃ ᠬᠠᠶᠢᠷ᠎ᠠ ᠪᠢᠯᠬᠠᠮ᠎ᠠ ᠤᠷᠴᠢᠨ ᠳᠤ ᠦᠰᠦᠭᠰᠡᠨ ᠬᠡᠤᠬᠡᠳ ᠰᠠᠶ᠋ᠢ ᠰᠡᠳᠬᠢᠯ ᠳᠦᠭᠦᠷᠡᠩ ᠪᠠᠶᠢᠳᠠᠭ᠃      ᠭᠤᠷᠪᠠ᠂ ᠬᠡᠤᠬᠡᠳ ᠤᠨ ᠰᠡᠳᠬᠢᠴᠡ ᠶᠢᠨ ᠬᠦᠭᠵᠢᠯᠲᠡ ᠶᠢᠨ ᠤᠨᠴᠠᠯᠢᠭ ᠢ ᠭᠦᠢᠴᠡᠳ ᠤᠶᠢᠢᠯᠠᠭᠠᠬᠤ ᠬᠡᠷᠡᠭᠲᠡᠢ      ᠬᠡᠤᠬᠡᠳ ᠤᠨ ᠦᠰᠦᠨ ᠪᠤᠶᠢᠵᠢᠯᠳᠠ ᠶᠢ ᠶᠡᠷᠦᠩᠬᠡᠢ ᠳᠡᠭᠡᠨ ᠵᠠᠩᠭᠢᠯᠠᠭ᠎ᠠ ᠶᠢᠨ ᠬᠤᠶᠠᠷ ᠱᠠᠳᠤ ᠬᠤᠪᠢᠶᠠᠨ᠎ᠠ᠃ ᠨᠢᠭᠡ ᠨᠢ 3 ᠨᠠᠰᠤᠨ ᠠᠴᠠ ᠡᠮᠦᠨᠡᠬᠢ ᠤᠢ ᠪᠢᠯᠢᠭ᠂ ᠤᠪᠤᠷ ᠰᠡᠳᠬᠢᠯᠭᠡ ᠲᠦᠯᠦᠪᠰᠢᠬᠦ ᠵᠠᠩᠭᠢᠯᠠᠭ᠎ᠠ ᠶᠢᠨ ᠬᠤᠭᠤᠴᠠᠭ᠎ᠠ ᠂ ᠡᠨᠡ ᠦᠶ᠎ᠡ ᠳᠤ ︽ᠬᠠᠭᠠᠨ ᠰᠢᠭ᠋ ᠠᠰᠠᠷᠠ︾ ᠭᠡᠳᠡᠭ ᠬᠠᠭᠤᠴᠢ ᠰᠤᠷᠭᠠᠯ ᠪᠤᠢ᠃ ᠨᠦᠭᠦᠭᠡ ᠨᠢ 13 ᠨᠠᠰᠤᠨ ᠤ ᠤᠷᠴᠢᠮ᠂ ᠳᠠᠷᠤᠢ ᠬᠡᠤᠬᠡᠳ ᠨᠠᠰᠤᠨ ᠠᠴᠠ ᠤᠷᠢ ᠵᠠᠯᠠᠭᠤ ᠨᠠᠰᠤᠨ ᠳᠤ ᠤᠷᠤᠬᠤ ᠰᠢᠯᠵᠢᠯᠲᠡ ᠶᠢᠨ ᠬᠤᠭᠤᠴᠠᠭ᠎ᠠ᠃ ᠡᠨᠡ ᠦᠶ᠎ᠡ ᠪᠤᠯ ᠬᠡᠤᠬᠡᠳ ᠲᠠᠢ ᠡᠷᠭᠡ ᠳᠡᠭᠰᠢ ᠵᠦᠪᠳᠡᠬᠦ᠂ ᠬᠡᠤᠬᠡᠳ ᠤᠨ ᠰᠡᠳᠬᠢᠯ ᠤᠨ ᠦᠭᠡ ᠶᠢ ᠢᠯᠡᠭᠦᠬᠡᠨ ᠰᠤᠨᠤᠰᠪᠠᠯ ᠵᠤᠬᠢᠬᠤ ᠱᠠᠳᠦ᠃ ᠤᠯᠠᠩᠬᠢ ᠭᠡᠷ ᠤᠨ ᠠᠬᠠᠮᠠᠳ ᠨᠢ ᠬᠡᠤᠬᠡᠳ ᠤᠨ ᠵᠠᠩᠭᠢᠯᠠᠭ᠎ᠠ ᠶᠢᠨ ᠬᠤᠭᠤᠴᠠᠭ᠎ᠠ ᠶᠢ ᠰᠠᠨᠠᠭᠠᠨ ᠳᠠᠭᠠᠨ ᠠᠪᠬᠤ ᠦᠭᠡᠢ᠂ ᠬᠡᠤᠬᠡᠳ ᠤᠨ ᠰᠠᠨᠠᠭ᠎ᠠ ᠰᠡᠳᠬᠢᠯ ᠢ ᠤᠶᠢᠢᠯᠠᠭᠠᠬᠤ ᠦᠭᠡᠢ ᠠᠴᠠ ᠪᠤᠯᠵᠤ ᠬᠡᠤᠬᠡᠳ ᠤᠨ ᠵᠠᠩ ᠰᠡᠳᠬᠢᠴᠠ ᠡᠪᠳᠡᠭᠳᠡᠬᠦ ᠠᠰᠠᠭᠤᠳᠠᠯ ᠢ ᠪᠤᠢ ᠪᠤᠯᠭᠠᠨ᠎ᠠ᠃      ᠪᠠᠭᠠᠴᠤᠳ ᠬᠡᠤᠬᠡᠳ ᠪᠤᠯ ᠢᠷᠡᠭᠡᠳᠦᠢ ᠶᠢᠨ ᠨᠡᠶᠢᠭᠡᠮ ᠤᠨ ᠪᠦᠳᠦᠭᠡᠨ ᠪᠠᠶᠢᠭᠤᠯᠤᠭᠴᠢ᠂ ᠡᠶᠢᠮᠦ ᠠᠴᠠ ᠭᠡᠷ ᠤᠨ ᠠᠬᠠᠮᠠᠳ ᠪᠤᠯᠤᠭᠰᠠᠳ ᠬᠡᠤᠬᠡᠳ ᠲᠤ ᠭᠡᠷ ᠪᠦᠯᠢ ᠶᠢᠨ ᠲᠠᠯ᠎ᠠ ᠠᠴᠠ ᠬᠠᠮᠤᠭ ᠤᠨ ᠰᠠᠶᠢᠨ ᠰᠤᠷᠭᠠᠨ ᠬᠦᠮᠦᠵᠢᠯ ᠤᠨ ᠤᠷᠴᠢᠨ ᠢ ᠬᠠᠨᠭ᠍ᠭᠠᠬᠤ ᠴᠢᠬᠤᠯᠠᠳᠠᠢ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠳᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号