ᠤᠭᠲᠠᠷᠭᠤᠢ ᠶᠢᠨ ᠬᠦᠯᠦᠭ
ᠨᠡᠶᠢᠲᠡᠯᠡᠭᠰᠡᠨ ᠴᠠᠭ᠄
2020/7/9
      ᠤᠷᠤᠢ ᠶᠢᠨ ᠬᠤᠭᠤᠯᠠ ᠪᠠᠨ ᠢᠳᠡᠵᠦ ᠪᠠᠷᠠᠭᠠᠳ ᠤᠨᠲᠠᠬᠤ ᠦᠷᠦᠭᠡᠨ ᠳᠤ ᠪᠠᠨ ᠤᠷᠤᠬᠤ ᠳᠤ ᠤᠷᠤ ᠶᠢᠨ ᠬᠠᠵᠠᠭᠤ ᠳᠤ ᠲᠠᠯᠪᠢᠭᠰᠠᠨ ᠤᠯᠠᠨ ᠨᠤᠮ ᠰᠡᠳᠬᠦᠯ ᠤᠨ ᠳᠤᠲᠤᠷ᠎ᠠ ᠠᠴᠠ ᠭᠠᠳᠠᠭᠠᠳᠤ ᠤᠷᠴᠢᠯᠠᠩ ᠤᠨ ᠬᠦᠮᠦᠨ ᠪᠠ ᠭᠠᠳᠠᠭᠠᠳᠤ ᠤᠷᠴᠢᠯᠠᠩ ᠤᠨ ᠨᠢᠰᠬᠡᠯ ᠤᠨ ᠳᠤᠬᠠᠢ ᠪᠢᠴᠢᠭᠰᠡᠨ ᠨᠢᠭᠡ ᠰᠡᠳᠬᠦᠯ ᠮᠢᠨᠦ ᠠᠩᠬᠠᠷᠤᠯ ᠢ ᠳᠠᠲᠠᠪᠠ᠃ ᠲᠡᠭᠡᠭᠡᠳ ᠲᠡᠭᠦᠨ ᠢᠶᠠᠨ ᠤᠩᠰᠢᠭᠰᠠᠭᠠᠷ ᠪᠠᠶᠢᠭᠠᠳ ᠁      ᠪᠢ ︽ᠤᠭᠲᠠᠷᠭᠤᠢ ᠶᠢᠨ ᠬᠦᠯᠦᠭ︾ ᠨᠡᠷᠡᠮᠵᠢᠲᠦ ᠲᠤᠩ ᠰᠤᠨᠢᠨ ᠭᠠᠶᠢᠬᠠᠮᠰᠢᠭᠲᠤ ᠮᠤᠷᠢᠨ ᠲᠡᠷᠭᠡᠨ ᠳᠤ ᠰᠠᠭᠤᠭᠠᠳ ᠭᠠᠳᠠᠭᠠᠳᠤ ᠤᠷᠴᠢᠯᠠᠩ ᠤᠨ ᠨᠢᠰᠬᠡᠯ ᠢ ᠬᠦᠭᠡᠭᠡᠵᠦ ᠰᠠᠨᠰᠠᠷ ᠤᠨ ᠠᠶᠠᠯᠠᠯ ᠢᠶᠠᠨ ᠡᠬᠢᠯᠡᠭᠦᠯᠪᠡ᠃ ᠬᠦᠭᠡᠭᠡᠭᠰᠡᠭᠡᠷ ᠪᠠᠶᠢᠵᠤ ᠠᠯᠲᠠᠨ ᠭᠠᠷᠠᠭ ᠠᠴᠠ ᠳᠡᠯᠡᠬᠡᠢ ᠶᠢᠨ ᠪᠦᠮᠪᠦᠷᠴᠡᠭ ᠢ ᠬᠠᠶᠢᠨ ᠰᠢᠨᠵᠢᠬᠦ ᠪᠠᠷ ᠲᠤᠮᠢᠯᠠᠭᠰᠠᠨ ᠪᠠᠶᠢᠵᠠᠢ᠃ ᠪᠢ ᠪᠠᠰᠠ ᠠᠯᠲᠠᠨ ᠭᠠᠷᠠᠭ ᠢ ᠤᠶᠢᠯᠠᠭᠠᠵᠤ ᠦᠵᠡᠬᠦ ᠰᠠᠨ ᠭᠡᠵᠦ ᠮᠤᠷᠢᠨ ᠲᠡᠷᠭᠡᠨ ᠠᠴᠠ ᠪᠠᠨ ᠪᠠᠭᠤᠯ᠎ᠠ᠃ ᠤᠳᠠᠯ ᠦᠭᠡᠢ ᠮᠢᠨᠦ ᠪᠠᠷ᠎ᠠ ᠪᠠᠷ ᠤᠯᠠᠨ ᠬᠦᠮᠦᠨ ᠴᠤᠭᠯᠠᠷᠠᠨ ᠢᠷᠡᠪᠡ᠃ ᠡᠳᠡᠭᠡᠷ ᠬᠦᠮᠦᠨ ᠨᠢ ᠴᠦᠮ ᠠᠯᠲᠠ ᠪᠠᠷ ᠪᠡᠶ᠎ᠡ ᠪᠠᠨ ᠴᠢᠮᠡᠭᠰᠡᠨ ᠪᠠᠶᠢᠯ᠎ᠠ᠃ ᠲᠡᠳᠡᠨ ᠢ ᠨᠠᠷᠠᠨ ᠤ ᠭᠡᠷᠡᠯ ᠳᠤᠤᠷ᠎ᠠ ᠬᠠᠷᠠᠬᠤ ᠳᠤ ᠨᠢᠲᠦ ᠭᠢᠯᠠᠰᠤᠭᠤᠯᠬᠤ ᠶᠤᠮ᠃ ᠪᠢ ᠠᠯᠲᠠᠨ ᠭᠠᠷᠠᠭ ᠤᠨ ᠬᠦᠮᠦᠨ ᠲᠠᠢ ᠵᠤᠯᠭᠠᠭᠠᠳ ᠶᠡᠭᠡ ᠭᠠᠶᠢᠬᠠᠵᠤ᠄ ︽ᠳᠠᠶᠠᠭᠠᠷ ᠰᠠᠶᠢᠨ ᠤᠤ︖ ᠲᠠ ᠨᠠᠷ ᠠᠯᠲᠠᠨ ᠭᠠᠷᠠᠭ ᠤᠨ ᠠᠷᠠᠳ ᠢᠷᠭᠡᠳ ᠨᠢ ᠮᠦᠨ ᠪᠢᠵᠡ︖︾ ᠭᠡᠰᠡᠨ ᠳᠤ ᠨᠢᠭᠡ ᠪᠤᠨᠳᠤᠭᠤᠷ ᠲᠤᠯᠤᠭᠠᠢ ᠲᠠᠢ ᠨᠢ᠄ ︽ᠬᠦᠨᠳᠦᠲᠦ ᠵᠤᠴᠢᠨ ᠲᠠ ᠰᠠᠶᠢᠨ ᠤᠤ︖ ᠪᠢ ᠪᠤᠯ ᠠᠳᠡᠬᠢ ᠶᠢᠨ ᠵᠠᠬᠢᠷᠤᠭᠴᠢ ᠶᠤᠮ᠃ ᠡᠳᠡ ᠪᠤᠯ ᠮᠢᠨᠦ ᠠᠷᠠᠳ ᠲᠦᠮᠡᠨ᠂ ᠭᠡᠲᠡᠯ᠎ᠡ ᠲᠠ ᠴᠢᠨᠢ ᠬᠠᠮᠢᠭ᠎ᠠ ᠶᠢᠨ ᠬᠦᠮᠦᠨ ᠪᠤᠢ︖︾ ᠭᠡᠬᠦ ᠳᠤ ᠪᠢ ᠳᠤᠲᠤᠷ᠎ᠠ ᠪᠠᠨ ᠡᠳᠡ ᠴᠢᠨᠢ ᠶᠠᠮᠠᠷ ᠬᠡᠯᠡ ᠶᠢ ᠴᠤ ᠪᠦᠷ ᠮᠡᠳᠡᠳᠡᠭ ᠤᠯᠤᠰ ᠶᠤᠮ ᠪᠠᠶᠢᠨ᠎ᠠ ᠭᠡᠵᠦ ᠪᠤᠳᠤᠵᠤ ᠠᠮᠵᠢᠯ᠎ᠠ᠃ ᠲᠡᠭᠡᠭᠡᠳ᠄ ︽ᠪᠢ ᠪᠤᠯ ᠳᠡᠯᠡᠭᠡᠢ ᠶᠢᠨ ᠪᠦᠮᠪᠦᠷᠴᠡᠭ ᠤᠨ ᠬᠦᠮᠦᠨ᠂ ᠲᠠᠨ ᠤ ᠠᠳᠡ ᠢᠷᠡᠵᠦ ᠵᠤᠭᠠᠴᠠᠵᠤ ᠪᠠᠶᠢᠨ᠎ᠠ᠃ ᠳᠠᠶᠠᠭᠠᠷ ᠲᠠᠢ ᠠᠭᠤᠯᠵᠠᠭᠰᠠᠨ ᠳᠤ ᠪᠠᠨ ᠲᠤᠩ ᠪᠠᠶᠠᠷᠯᠠᠵᠤ ᠪᠠᠶᠢᠨ᠎ᠠ︾ ᠭᠡᠪᠡ᠃ ᠠᠳᠡᠬᠢ ᠬᠦᠮᠦᠨ᠂ ᠨᠠᠮ᠎ᠠ ᠶᠢ ᠰᠦᠷᠡᠬᠡᠢ ᠭᠠᠶᠢᠬᠠᠨ ᠬᠠᠷᠠᠭᠰᠠᠨ ᠢᠶᠠᠨ᠄ ︽ᠮᠠᠨᠤᠰ ᠴᠤ ᠲᠠᠨ ᠲᠠᠢ ᠠᠭᠤᠯᠵᠠᠭᠠᠳ ᠲᠤᠩ ᠪᠠᠶᠠᠷᠯᠠᠵᠤ ᠪᠠᠶᠢᠨ᠎ᠠ︾ ᠭᠡᠪᠡ᠃ ᠲᠡᠳᠡ ᠨᠠᠮ᠎ᠠ ᠶᠢ ᠳᠠᠭᠠᠭᠤᠯᠤᠨ ᠠᠯᠲᠠᠨ ᠭᠠᠷᠠᠭ ᠢᠶᠠᠨ ᠲᠤᠭᠤᠷᠢᠭᠤᠯᠤᠯ᠎ᠠ᠃ ᠠᠳᠡᠬᠢ ᠠᠯᠢᠪᠠ ᠪᠦᠬᠦᠨ ᠨᠢ ᠴᠦᠮ ᠤᠨᠴᠠᠭᠠᠢ ᠪᠠᠶᠢᠯ᠎ᠠ᠃ ᠠᠯᠲᠠᠨ ᠭᠠᠷᠠᠭ ᠤᠨ ᠮᠤᠳᠤ᠂ ᠴᠡᠴᠡᠭ᠂ ᠡᠪᠡᠰᠦ ᠁ ᠵᠡᠷᠭᠡ ᠨᠢ ᠴᠦᠮ ᠠᠯᠲᠠᠨ ᠦᠩᠭᠡᠲᠡᠢ ᠪᠠᠶᠢᠯ᠎ᠠ᠃ ᠠᠯᠲᠠᠨ ᠮᠤᠳᠤ ᠪᠦᠷᠢ ᠠᠴᠠ ᠵᠢᠯ ᠳᠤ ᠪᠠᠷᠤᠭ ᠵᠠᠭᠤᠭᠠᠳ ᠠᠯᠲᠠᠨ ᠠᠯᠢᠮ᠎ᠠ ᠬᠤᠷᠢᠶᠠᠳᠠᠭ ᠭᠡᠨ᠎ᠡ᠃ ᠡᠨᠡ ᠠᠯᠲᠠᠨ ᠠᠯᠢᠮ᠎ᠠ ᠨᠢ ᠤᠰᠤᠷᠬᠠᠭ ᠮᠦᠷᠲᠡᠭᠡᠨ ᠠᠮᠲᠠᠲᠠᠢ ᠪᠠᠶᠢᠯ᠎ᠠ᠃ ᠪᠠᠰᠠ ᠲᠡᠨᠳᠡᠬᠢ ᠶᠢᠨ ᠠᠯᠲᠠᠨ ᠦᠨᠢᠶ᠎ᠡ ᠨᠢ ᠠᠯᠲᠠᠨ ᠡᠪᠡᠰᠦ ᠢᠳᠡᠭᠡᠳ ᠭᠦᠬᠦᠨ ᠠᠴᠠ ᠨᠢ ᠬᠠᠶᠢᠯᠤᠭᠰᠠᠨ ᠠᠯᠲᠠ ᠰᠢᠭ᠋ ᠰᠢᠷ᠎ᠠ ᠦᠩᠭᠡ ᠶᠢᠨ ᠰᠦ ᠵᠤᠭᠰᠤᠯ ᠦᠭᠡᠢ ᠭᠤᠭᠤᠵᠢᠪᠠ᠃ ᠲᠡᠷᠡ ᠠᠯᠲᠠᠨ ᠰᠦ ᠨᠢ ᠰᠢᠬᠢᠷᠯᠢᠭ ᠮᠦᠷᠲᠡᠭᠡᠨ ᠬᠠᠯᠠᠭᠤᠨ ᠪᠠᠶᠢᠭᠰᠠᠨ ᠶᠤᠮ᠃ ᠶᠠᠭᠤ ᠪᠦᠬᠦᠨ ᠨᠢ ᠠᠯᠲᠠ ᠪᠤᠯᠬᠤ ᠡᠨᠡ ᠬᠦ᠋ ᠠᠯᠲᠠᠨ ᠭᠠᠷᠠᠭ ᠤᠨ ᠬᠦᠮᠦᠰ ᠲᠠᠢ ᠨᠡᠶᠢᠯᠡᠵᠦ ᠬᠡᠳᠦᠨ ᠭᠠᠷᠠᠭ ᠭᠠᠶᠢᠭᠤᠢ ᠰᠠᠶᠢᠨ ᠨᠠᠷᠭᠢᠯᠳᠤᠪᠠ᠃ ᠪᠢ ᠡᠨᠡ ᠭᠡᠳᠦᠨ ᠭᠠᠷᠠᠭ ᠢᠶᠠᠨ ᠲᠤᠩ ᠤᠳᠬ᠎ᠠ ᠠᠭᠤᠯᠭ᠎ᠠ ᠲᠠᠢ ᠪᠠᠷ ᠦᠩᠭᠡᠷᠡᠭᠡᠭᠡᠳ ᠡᠷᠭᠢᠵᠦ ᠪᠤᠴᠠᠬᠤ ᠭᠡᠳᠡᠯ᠎ᠡ ᠭᠠᠶᠢᠬᠠᠮᠰᠢᠭᠲᠤ ᠮᠤᠷᠢᠨ ᠲᠡᠷᠭᠡ ᠮᠢᠨᠢ ᠡᠪᠳᠡᠷᠡᠭᠡᠳ ᠮᠤᠷᠢ ᠮᠢᠨᠢ ᠳᠠᠯᠠᠪᠴᠢ ᠤᠷᠭᠤᠭᠠᠳ ᠨᠢᠰᠦᠨ ᠤᠳᠪᠠ᠃ ᠲᠡᠭᠡᠭᠡᠳ ᠠᠯᠲᠠᠨ ᠭᠠᠷᠠᠭ ᠤᠨ ᠬᠦᠮᠦᠰ ᠨᠠᠳᠠ ᠠᠯᠲᠠᠨ ᠰᠠᠨᠰᠠᠷ ᠤᠨ ᠨᠢᠰᠬᠡᠯ ᠵᠤᠬᠢᠶᠠᠵᠤ ᠦᠭᠭᠦᠭᠡᠳ ᠨᠠᠮ᠎ᠠ ᠶᠢ ᠳᠡᠯᠡᠭᠡᠢ ᠶᠢᠨ ᠪᠦᠮᠪᠦᠷᠴᠡᠭ ᠲᠤ ᠮᠢᠨᠢ ᠬᠦᠷᠭᠡᠬᠦ ᠪᠠᠷ ᠪᠡᠯᠡᠳᠬᠡᠵᠦ ᠪᠠᠶᠢᠲᠠᠯ᠎ᠠ ᠡᠵᠢ ᠶᠢᠨ᠄ ︽ᠬᠡᠥᠬᠡ ᠡ᠂ ᠪᠤᠰᠤᠭᠠᠷᠠᠢ︕ ᠰᠤᠷᠭᠠᠭᠤᠯᠢ ᠳᠤ ᠪᠠᠨ ᠶᠠᠪᠤᠬᠤ ᠴᠠᠭ ᠪᠤᠯᠤᠯ᠎ᠠ︾ ᠭᠡᠬᠦ ᠳᠠᠭᠤᠨ ᠳᠤ ᠰᠤᠴᠢᠨ ᠰᠡᠷᠡᠯ᠎ᠡ᠃ ᠶᠠᠮᠠᠷ ᠬᠠᠴᠢᠨ ᠵᠡᠭᠦᠳᠦ ᠪᠤᠢ︖ ᠠᠯᠲᠠᠨ ᠭᠠᠷᠠᠭ ᠭᠡᠵᠦ ᠦᠨᠡᠬᠡᠷ ᠵᠡᠭᠦᠳᠦᠨ ᠳᠤ ᠮᠢᠨᠢ ᠢᠯᠡᠷᠡᠳᠡᠭ ᠰᠢᠭ ᠠᠯᠲᠠ ᠪᠠᠷ ᠳᠦᠭᠦᠷᠦᠭᠰᠡᠨ ᠭᠠᠵᠠᠷ ᠭᠡᠵᠢ ᠤᠤ︖ ᠪᠢ ᠰᠢ ᠪᠠᠶᠢᠬᠤ ᠡ︕ ᠨᠠᠮ᠎ᠠ ᠶᠢ ᠳᠡᠯᠡᠬᠡᠢ ᠶᠢᠨ ᠪᠦᠮᠪᠦᠷᠴᠡᠭ ᠲᠤ ᠬᠦᠷᠭᠡᠭᠰᠡᠨ ᠨᠢᠰᠬᠡᠯ ᠨᠢ ᠡᠨᠡ ᠬᠦ ᠨᠤᠮ ᠳᠤ ᠢᠯᠡᠷᠡᠭᠦᠯᠦᠭᠰᠡᠨ ᠰᠠᠨᠰᠠᠷ ᠤᠨ ᠤᠩᠭᠤᠴᠠ ᠶᠢᠨ ᠨᠢᠭᠡ ᠨᠢ ᠴᠤ ᠪᠠᠶᠢᠵᠤ ᠮᠠᠭᠠᠳ ᠦᠭᠡᠢ ᠭᠡᠵᠦ ᠡᠯᠳᠡᠪ ᠢ ᠪᠤᠳᠤᠨ ᠰᠤᠷᠭᠠᠭᠤᠯᠢ ᠳᠤ ᠪᠠᠨ ᠬᠦᠷᠴᠦ ᠢᠷᠡᠯ᠎ᠡ᠃      ᠡᠷᠳᠡᠮ ᠮᠡᠳᠡᠯᠭᠡ ᠪᠠᠨ ᠰᠠᠶᠢᠨ ᠰᠤᠷᠴᠢᠬᠠᠬᠤ ᠶᠤᠮ ᠪᠤᠯ ᠵᠡᠭᠦᠳᠦ ᠮᠢᠨᠢ ᠲᠠᠶᠢᠯᠤᠭᠳᠠᠵᠤ᠂ ᠵᠢᠩᠬᠢᠨᠢ ᠤᠭᠲᠠᠷᠭᠤᠢ ᠶᠢᠨ ᠬᠦᠯᠦᠭ ᠲᠠᠢ ᠪᠤᠯᠬᠤ ᠨᠢ ᠯᠠᠪᠲᠠᠢ ᠰᠢᠤ︕                                                   ︵ᠵᠢᠯᠤᠭᠤᠳᠤᠭᠰᠠᠨ ᠪᠠᠭᠰᠢ᠄ ᠰᠠᠶᠢᠨᠬᠤᠸᠠᠷ︶
 
ᠢᠷᠡᠯᠲᠡ᠄ ᠤᠲᠤᠭ ᠬᠤᠰᠢᠭᠤᠨ ᠤ ᠮᠤᠩᠭᠤᠯ ᠦᠨᠳᠦᠰᠦᠲᠡᠨ ᠤ ᠳᠤᠷᠰᠢᠯᠲᠠ ᠶᠢᠨ ᠪᠠᠭ᠎ᠠ ᠰᠤᠷᠭᠠᠭᠤᠯᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号