ᠤᠷᠤᠨ ᠤ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠭᠴᠢ  ᠤᠶᠤᠨᠳᠠᠯᠠᠢ
ᠨᠡᠶᠢᠲᠡᠯᠡᠭᠰᠡᠨ ᠴᠠᠭ᠄
2020/9/18
     ᠤᠶᠤᠨᠳᠠᠯᠠᠢ᠂ ᠡᠷᠡᠭᠳᠡᠢ᠂ ᠮᠤᠩᠭᠤᠯ ᠦᠨᠳᠦᠰᠦᠳᠡᠨ᠂ 1966 ᠤᠨ ᠤ 5 ᠰᠠᠷ᠎ᠠ ᠳᠤ ᠤᠳᠤᠭ ᠬᠤᠰᠢᠭᠤᠨ  ᠤ ᠰᠦᠮᠡᠳᠥ ᠰᠤᠮᠤᠨ ᠤ ᠨᠢᠭᠡᠨ ᠵᠢᠷ ᠤᠨ ᠮᠠᠯᠴᠢᠨ ᠤ ᠭᠡᠷ ᠲᠤ ᠲᠦᠷᠦᠵᠡᠢ᠃ ᠰᠦᠮᠡᠳᠥ ᠰᠤᠮᠤᠨ ᠤ ᠠᠷᠠᠳ ᠠᠴᠠ ᠡᠷᠭᠢᠯᠡᠭᠰᠡᠨ ᠪᠠᠭ᠎ᠠ ᠰᠤᠷᠭᠠᠭᠤᠯᠢ᠂ ᠰᠦᠮᠡᠳᠥ ᠰᠤᠮᠤᠨ ᠤ ᠮᠤᠩᠭᠤᠯ ᠪᠠᠭ᠎ᠠ ᠰᠤᠷᠭᠠᠭᠤᠯᠢ᠂ ᠤᠳᠤᠭ ᠬᠤᠰᠢᠭᠤᠨ ᠤ ᠮᠤᠩᠭᠤᠯ ᠦᠨᠳᠦᠰᠦᠳᠡᠨ ᠤ ᠲᠤᠮᠳᠠᠳᠤ ᠰᠤᠷᠭᠠᠭᠤᠯᠢ ᠳᠤ ᠰᠤᠷᠤᠯᠴᠠᠵᠤ ᠦᠡᠭᠭᠡᠷᠡᠵᠡᠢ᠃ 1988 ᠤᠨ ᠳᠤ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ   ᠳᠤ ᠰᠤᠷᠤᠯᠴᠠᠭᠠᠳ 1991 ᠤᠨ ᠳᠤ ᠲᠡᠭᠦᠰᠴᠦ᠂ ᠮᠦᠨ ᠵᠢᠯ  ᠳᠤ ᠤᠳᠤᠭ ᠬᠤᠰᠢᠭᠤᠨ ᠤ ᠮᠤᠩᠭᠤᠯ ᠦᠨᠳᠦᠰᠦᠳᠡᠨ ᠤ ᠠᠵᠢᠯ ᠮᠡᠷᠭᠡᠵᠢᠯ ᠤᠨ ᠶᠡᠷᠦᠩᠭᠡᠶᠢᠯᠡᠭᠰᠡᠨ ᠲᠤᠮᠳᠠᠳᠤ ᠰᠤᠷᠭᠠᠭᠤᠯᠢ ᠳᠤ ᠪᠠᠭᠰᠢᠯᠠᠵᠠᠢ᠃ 2003 ᠤᠨ ᠤ 5 ᠰᠠᠷ᠎ᠠ ᠠᠴᠠ ᠡᠳᠦᠭᠡ ᠪᠤᠯᠳᠠᠯ᠎ᠠ ᠤᠳᠤᠭ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ ᠳᠤ ᠠᠵᠢᠯᠯᠠᠵᠤ᠂ ᠤᠷᠢᠳ ᠬᠤᠵᠢᠳ ᠲᠡᠳ᠋ ᠲᠡᠷᠢᠭᠦᠯᠡᠭᠴᠢ᠂ ᠶᠡᠷᠦᠩᠭᠡᠢ ᠨᠠᠶᠢᠷᠠᠭᠤᠯᠤᠭᠴᠢ᠂ ᠲᠡᠷᠢᠭᠦᠯᠡᠭᠴᠢ ᠵᠡᠷᠭᠡ ᠲᠤᠰᠢᠶᠠᠯ ᠢ ᠬᠠᠷᠢᠭᠤᠴᠠᠪᠠ᠃      ᠤᠶᠤᠨᠳᠠᠯᠠᠢ ᠬᠠᠷᠠᠬᠠᠨ ᠪᠠᠭ᠎ᠠ ᠠᠴᠠ ᠪᠠᠨ ᠴᠤᠪᠤᠭᠤ ᠰᠡᠷᠭᠦᠯᠡᠩ ᠪᠦᠭᠡᠳ ᠴᠡᠭᠡᠵᠢᠯᠡᠭᠦ ᠴᠢᠳᠠᠪᠤᠷᠢ ᠰᠠᠶᠢᠨ ᠭᠡᠦᠭᠡᠳ ᠪᠠᠶᠢᠵᠠᠢ᠃ ᠡᠪᠦᠭᠡ ᠠᠪᠤ ᠨᠢ ᠬᠠᠭᠤᠴᠢᠨ ᠨᠠᠶᠢᠭᠡᠮ ᠳᠤ ᠦᠤᠰᠢᠨ ᠨᠤᠶᠠᠨ ᠤ ᠲᠤᠤᠷ᠎ᠠ ᠠᠯᠪᠠ ᠬᠠᠭᠠᠵᠤ ᠨᠤᠶᠠᠨ ᠱᠠᠩ ᠤᠨ ᠲᠡᠮᠴᠢ ᠭᠢᠭᠦ ᠶᠢᠨ ᠲᠠᠭᠠᠤ᠂ ᠬᠤᠰᠢᠭᠤ ᠱᠠᠩ ᠤᠨ ᠬᠤᠨᠴᠢᠨ ᠢᠷᠦᠭᠡᠯᠴᠢ ᠪᠠᠷ ᠨᠠᠶᠢᠷ ᠨᠠᠭᠠᠳᠤᠮ  ᠳᠤ ᠢᠷᠦᠭᠡᠯ ᠡᠷᠭᠦᠵᠤ ᠶᠠᠪᠤᠵᠤ ᠪᠠᠶᠢᠵᠠᠢ᠃ ᠠᠪᠤ ᠨᠢ ᠴᠤ ᠬᠤᠱᠤᠩᠴᠢ ᠱᠤᠭ ᠢᠶᠠᠷ ᠨᠡᠷ᠎ᠡ ᠭᠠᠷᠴᠤ᠂ ᠰᠢᠯᠦᠭ ᠲᠠᠭᠤᠤ ᠳᠤ ᠪᠠᠨ ᠮᠡᠷᠭᠡᠰᠢᠭᠰᠡᠨ᠂ ᠬᠤᠯᠪᠤᠭ᠎ᠠ ᠰᠢᠯᠦᠭ ᠲᠠᠭᠤᠯᠠᠬᠤ ᠲᠤᠷ᠎ᠠ ᠪᠠᠭ᠋ᠠᠳᠠᠢ ᠭᠦᠮᠦᠨ ᠪᠠᠶᠢᠵᠠᠢ᠃ ᠡᠶᠢᠮᠤ ᠭᠡᠷ  ᠲᠤ ᠦᠰᠴᠦ ᠲᠦᠷᠦᠭᠰᠡᠨ ᠤᠶᠤᠨᠳᠠᠯᠠᠢ ᠠᠯᠢ ᠪᠠᠭ᠎ᠠ ᠳᠤ ᠠᠪᠤ ᠠᠴᠠ ᠪᠠᠨ ᠢᠷᠦᠭᠡᠯ ᠤᠡᠭᠰᠢᠬᠤ ᠶᠢ ᠰᠤᠷᠴᠤ᠂ ᠪᠠᠭ᠎ᠠ ᠰᠤᠷᠭᠠᠭᠤᠯᠢ ᠠᠴᠠ ᠪᠠᠨ ᠶᠡᠭᠡ ᠰᠤᠷᠭᠠᠭᠤᠯᠢ ᠲᠡᠭᠦᠰᠳᠡᠯ᠎ᠡ ᠠᠩᠭᠢ ᠳᠠᠭᠠᠨ ᠰᠢᠯᠦᠭ ᠨᠠᠶᠢᠷᠠᠭᠤᠯᠤᠯ ᠤᠡᠭᠰᠢᠬᠤ᠂ ᠶᠡᠭᠡ ᠪᠠᠭ᠎ᠠ ᠲᠤᠭᠯᠠᠯᠳᠠ ᠳᠤ ᠭᠦᠳᠦᠯᠦᠭᠴᠢ ᠪᠤᠯᠬᠤ ᠵᠡᠷᠭᠡ ᠳᠤ ᠴᠠᠭᠠᠷᠠᠭᠰᠠᠨ ᠪᠠᠶᠢᠪᠠ᠃ ᠠᠵᠢᠯ ᠤᠨ ᠪᠠᠶᠢᠷᠢ ᠪᠠᠨ ᠠᠪᠤᠭᠰᠠᠨ ᠤ ᠲᠠᠷᠠᠭ᠎ᠠ ᠴᠤ ᠲᠡᠷᠨ ᠲᠠᠰᠤᠷᠠᠯᠳᠠ ᠦᠭᠡᠢ ᠴᠢᠷᠮᠠᠶᠢᠵᠤ᠂ ᠭᠦᠳᠡᠭᠡ ᠲᠤᠰᠬᠤᠨ ᠮᠠᠯᠵᠢᠬᠤ ᠤᠷᠤᠨ ᠳᠤ ᠤᠴᠢᠵᠤ᠂ ᠨᠤᠳᠤᠭ ᠤᠨ ᠢᠶᠠᠨ ᠨᠠᠰᠤᠳᠠᠶᠢᠴᠤᠳ ᠪᠤᠭᠤᠷᠤᠯᠴᠤᠳ ᠠᠴᠠ ᠢᠷᠦᠭᠡᠯ ᠤᠨ ᠦᠭᠡ ᠶᠢ ᠡᠮᠭᠢᠳᠭᠡᠵᠤ᠂ ᠢᠷᠦᠭᠡᠯ ᠮᠠᠭᠳᠠᠭᠠᠯ ᠤᠨ ᠠᠶᠠᠯᠭᠤ ᠶᠢ ᠤᠶᠢᠯᠠᠭᠠᠵᠤ᠂ ᠦᠪᠡᠷ ᠤᠨ ᠤᠷ᠎ᠠ ᠴᠢᠳᠠᠪᠤᠷᠢ ᠪᠠᠨ ᠨᠠᠩ ᠪᠠᠳᠤᠳᠬᠠᠵᠠᠢ᠃ ᠲᠡᠭᠦᠨ ᠤ ᠢᠷᠦᠭᠡᠯ ᠮᠠᠭᠳᠠᠭᠠᠯ ᠤᠡᠭᠰᠢᠬᠤ ᠳᠤ ᠬᠠᠮᠤᠭ ᠶᠡᠭᠡ ᠰᠡᠩᠭᠡᠭᠡᠷᠡᠭᠦᠯ ᠪᠤᠯᠤᠭᠰᠠᠨ ᠨᠢ 1977 ᠤᠨ ᠳᠤ ᠤᠳᠤᠭ ᠬᠤᠰᠢᠭᠤᠨ ᠳᠤ ᠪᠤᠯᠤᠭᠰᠠᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ 30 ᠵᠢᠯ ᠤᠨ ᠤᠢ ᠶᠢ ᠪᠡᠯᠭᠡᠯᠡᠭᠦ ᠨᠢᠭᠡᠨ ᠤᠳᠠᠭᠠᠨ ᠤ ᠨᠠᠭᠠᠳᠤᠮ ᠤᠨ ᠬᠤᠷᠠᠯ ᠳᠤ ᠨᠠᠷᠠᠨᠳᠠᠯᠠᠢ ᠭᠡᠰᠡᠨ ᠨᠠᠰᠤᠳᠠᠢ ᠪᠠᠭᠰᠢ ᠶᠢᠨ ᠢᠷᠦᠭᠡᠯ ᠢ ᠰᠤᠨᠤᠰᠤᠭᠠᠳ ᠲᠤᠩ ᠪᠢᠰᠢᠷᠡᠵᠡᠢ᠃ ᠡᠨ᠋ᠨ ᠨᠢ ᠲᠡᠭᠦᠨ ᠤ ᠬᠤᠵᠢᠮ ᠤᠨ ᠲᠤᠮᠤ ᠢᠷᠦᠭᠡᠯᠴᠢ ᠪᠤᠯᠬᠤ ᠶᠢᠨ ᠪᠠᠰᠠ ᠨᠢᠭᠡᠨ ᠲᠦᠯᠭᠢᠴᠡ ᠭᠦᠴᠦᠨ ᠪᠤᠯᠤᠭᠰᠠᠨ ᠪᠠᠶᠢᠨ᠎ᠠ᠃ ᠲᠡᠭᠦᠨ ᠠᠴᠠ ᠬᠤᠶᠢᠰᠢ ᠤᠶᠤᠨᠳᠠᠯᠠᠢ ᠤᠯᠠᠨ ᠤᠳᠠᠭ᠎ᠠ ᠪᠠᠭᠰᠢ ᠵᠠᠯᠠᠵᠤ᠂ ᠢᠷᠦᠭᠡᠯ ᠮᠠᠭᠳᠠᠭᠠᠯ ᠤᠡᠭᠰᠢᠬᠤ ᠶᠢᠨ ᠦᠭᠡ ᠦᠭᠦᠯᠡᠪᠤᠷᠢ᠂ ᠠᠮᠢᠰᠬᠤᠭ᠎ᠠ᠂ ᠠᠶᠠᠯᠭ᠎ᠠ ᠵᠡᠷᠭᠡ ᠶᠢ ᠭᠡᠷᠭᠢᠨ ᠵᠦᠪ ᠭᠡᠷᠡᠭᠯᠡᠭᠦ ᠲᠤᠬᠠᠢ ᠨᠡᠯᠢᠶᠡᠳ ᠰᠢᠰᠲ᠋ᠧᠮ ᠲᠠᠢ ᠰᠤᠷᠤᠯᠴᠠᠵᠤ ᠡᠵᠡᠮᠰᠢᠵᠡᠢ᠃ ᠤᠶᠤᠨᠳᠠᠯᠠᠢ ᠠᠵᠢᠯ ᠳᠤ ᠤᠷᠤᠭᠰᠠᠨ ᠠᠴᠠ ᠡᠳᠦᠭᠡ ᠪᠤᠯᠳᠠᠯ᠎ᠠ ᠶᠡᠭᠡ ᠪᠠᠭ᠎ᠠ ᠬᠤᠷᠢᠮ ᠨᠠᠶᠢᠷ ᠪᠠ ᠡᠯ᠎ᠡ ᠵᠦᠢᠯ ᠤᠨ ᠶᠤᠰᠤᠯᠠᠯ ᠳᠤ 1000 ᠭᠠᠷᠤᠢ ᠤᠳᠠᠭ᠎ᠠ ᠢᠷᠦᠭᠡᠯ ᠤᠡᠭᠰᠢᠵᠤ᠂ ᠤᠯᠠᠨ ᠠᠷᠪᠢᠨ ᠱᠠᠩᠨᠠᠯ ᠭᠦᠭᠢᠭᠦᠯᠦᠯ ᠢ ᠭᠦᠷᠳᠡᠭᠰᠡᠨ ᠪᠠᠶᠢᠨ᠎ᠠ᠃      2005 ᠤᠨ ᠤ ᠴᠢᠩᠭᠢᠰ ᠤᠨ ᠤᠡᠭᠭᠤᠨ ᠳᠤ ᠶᠠᠪᠤᠭᠳᠠᠭᠰᠠᠨ ︽ᠤᠷᠳᠤᠰ ᠬᠤᠳᠠ ᠶᠢᠨ ᠠᠩᠬᠠᠳᠤᠭᠠᠷ ᠤᠳᠠᠭᠠᠨ ᠤ ᠮᠤᠩᠭᠤᠯ ᠦᠨᠳᠦᠰᠦᠳᠡᠨ ᠤ ᠤᠯᠠᠮᠵᠢᠯᠠᠯᠳᠤ ᠢᠷᠦᠭᠡᠯ ᠮᠠᠭᠳᠠᠭᠠᠯ ᠤᠨ ᠤᠷᠤᠯᠳᠤᠭᠠᠨ︾ ᠳᠤ ᠨᠢᠭᠡᠳᠦᠭᠡᠷ ᠱᠠᠩᠨᠠᠯ ᠢ ᠭᠦᠷᠳᠡᠵᠡᠢ᠃      2007 ᠤᠨ ᠳᠤ ᠤᠷᠳᠤᠰ ᠬᠤᠳᠠ ᠶᠢᠨ ᠬᠤᠶᠠᠳᠤᠭᠠᠷ ᠬᠤᠭᠤᠴᠠᠭᠠᠨ ᠤ ᠴᠦᠭᠡᠨ ᠲᠤᠭᠠᠳᠤ ᠦᠨᠳᠦᠰᠦᠳᠡᠨ ᠤ ᠤᠯᠠᠮᠵᠢᠯᠠᠯᠳᠤ ᠲᠠᠮᠢᠷ ᠤᠨ ᠭᠦᠳᠡᠯᠭᠡᠭᠡᠨ ᠤ ᠡᠭᠢᠯᠡᠯᠳᠡ ᠶᠢᠨ ᠶᠤᠰᠤᠯᠠᠯ ᠳᠤ ᠢᠷᠦᠭᠡᠯ ᠲᠡᠪᠰᠢᠭᠦᠯᠵᠤ ᠪᠡᠯᠭᠡᠯᠡᠭᠡᠳ ᠲᠦᠮᠡᠨ ᠤ ᠰᠤᠨᠢᠷᠬᠠᠯ ᠢ ᠲᠠᠳᠠᠵᠠᠢ᠃      2008 ᠤᠨ ᠤ 7 ᠰᠠᠷ᠎ᠠ ᠳᠤ ᠲᠡᠯᠡᠭᠡᠢ ᠶᠢᠨ ᠬᠠᠮᠤᠭ ᠤᠨ ᠦᠨᠳᠦᠷ ᠪᠡᠶᠡᠳᠥ ᠭᠦᠮᠦᠨ ᠪᠤᠤ ᠰᠢ ᠱᠦᠨ ᠭᠢᠭᠡᠳ ᠪᠦᠰᠡᠭᠦᠢ ᠰᠢᠶ᠋ᠨ ᠱᠤ᠋ ᠵᠢᠤᠸᠠᠨ ᠤ ᠬᠤᠷᠢᠮ ᠤᠨ ᠶᠤᠰᠤᠯᠠᠯ ᠢ ᠤᠷᠳᠤᠰ ᠬᠤᠳᠠ ᠶᠢᠨ ᠴᠢᠩᠭᠢᠰ ᠤᠨ ᠤᠡᠭᠭᠤᠨ ᠤ ᠵᠢᠭᠤᠴᠢᠯᠠᠯ ᠤᠨ ᠤᠷᠤᠨ ᠳᠤ ᠦᠪᠡᠳᠡᠭᠰᠢ ᠶᠡᠭᠡ ᠪᠠᠷ ᠭᠢᠵᠡᠢ᠃ ᠤᠯᠤᠰ ᠤᠨ ᠲᠤᠳᠤᠭᠠᠳᠤ ᠭᠠᠳᠠᠭᠠᠳᠤ  ᠶᠢᠨ ᠵᠠᠭᠤ ᠭᠠᠷᠤᠢ ᠴᠢᠮᠡᠭᠡ ᠵᠠᠭᠤᠯᠴᠢᠯᠠᠭᠤᠷ ᠤᠨ ᠬᠢᠨ ᠤ 300 ᠭᠠᠷᠤᠢ ᠰᠤᠷᠪᠤᠯᠵᠢᠯᠠᠭᠴᠢ ᠡᠨ᠋ᠨ ᠭᠦ ᠬᠤᠷᠢᠮ ᠢ ᠮᠡᠳᠡᠭᠡᠯᠡᠵᠡᠢ᠃ ᠤᠶᠤᠨᠳᠠᠯᠠᠢ ᠲᠤᠰ ᠤᠳᠠᠭ᠎ᠠ ᠶᠢᠨ ᠬᠤᠷᠢᠮ ᠤᠨ ᠨᠠᠶᠢᠷ ᠲᠤ ᠢᠷᠦᠭᠡᠯᠴᠢ ᠪᠠᠷ ᠤᠷᠢᠭᠳᠠᠵᠤ᠂ ᠮᠤᠩᠭᠤᠯ ᠢᠷᠦᠭᠡᠯ ᠤᠨ ᠭᠠᠶᠢᠬᠠᠮᠰᠢᠭ ᠢ ᠲᠡᠯᠡᠭᠡᠢ ᠶᠢᠨ ᠴᠢᠭᠢᠨ᠎ᠠ ᠲᠠᠭᠤᠷᠢᠰᠤᠭᠤᠯᠵᠠᠢ᠃2009 ᠤᠨ ᠤ 9 ᠰᠠᠷ᠎ᠠ ᠳᠤ ᠤᠷᠳᠤᠰ ᠬᠤᠳᠠ ᠶᠢᠨ ᠠᠭᠤᠳᠠᠮ ᠲᠠᠯᠠᠪᠠᠢ ᠳᠤ ︽ᠠᠷᠪᠠᠨ ᠨᠢᠭᠡᠳᠦᠭᠡᠷ ᠬᠤᠭᠤᠴᠠᠭᠠᠨ ᠤ ᠠᠽᠢᠶ᠎ᠠ ᠲᠢᠪ ᠤᠨ ᠤᠷᠠᠯᠢᠭ ᠤᠨ ᠴᠤᠭᠯᠠᠭᠠᠨ ᠵᠢᠴᠢ ᠤᠷᠳᠤᠰ ᠬᠤᠳᠠ ᠶᠢᠨ ᠨᠠᠭᠠᠳᠤᠮ ᠤᠨ ᠬᠤᠷᠠᠯ︾ ᠦᠪᠡᠳᠡᠭᠰᠢ ᠶᠡᠭᠡ ᠪᠠᠷ ᠶᠠᠪᠤᠭᠳᠠᠵᠠᠢ᠃ ᠲᠤᠰ ᠤᠳᠠᠭᠠᠨ ᠤ ᠨᠠᠭᠠᠳᠤᠮ ᠤᠨ ᠬᠤᠷᠠᠯ ᠤᠨ ᠡᠭᠢᠯᠡᠯᠳᠡ ᠶᠢᠨ ᠶᠤᠰᠤᠯᠠᠯ ᠳᠤ ᠤᠶᠤᠨᠳᠠᠯᠠᠢ ᠶᠢᠨ ᠲᠡᠪᠰᠢᠭᠦᠯᠦᠭᠰᠡᠨ ᠢᠷᠦᠭᠡᠯ ᠮᠠᠭᠳᠠᠭᠠᠯ ᠨᠢ ᠤᠯᠠᠨ ᠨᠡᠶᠢᠳᠡ ᠶᠢᠨ ᠠᠩᠬᠠᠷᠤᠯ ᠢ ᠭᠦᠴᠦᠳᠡᠢ ᠲᠠᠳᠠᠵᠠᠢ᠃      2010 ᠤᠨ ᠳᠤ ᠱᠠᠩᠬᠠᠢ ᠶᠢᠨ ᠤᠯᠠᠨ ᠤᠯᠤᠰ ᠤᠨ ᠴᠤᠭᠯᠠᠭᠠᠨ ᠳᠤ ᠤᠶᠤᠨᠳᠠᠯᠠᠢ ᠦᠪᠦᠷ ᠮᠤᠩᠭᠤᠯ ᠤᠨ ᠭᠤᠤᠯ ᠤᠳᠤᠷᠢᠳᠬᠤ ᠨᠦᠭᠦᠳ ᠪᠠ ᠲᠦᠯᠦᠭᠡᠯᠡᠭᠴᠢ ᠶᠢᠨ ᠪᠦᠯᠭᠦᠮ ᠲᠠᠢ ᠬᠠᠮᠳᠤ ᠡᠨ᠋ᠨ ᠭᠦ ᠲᠡᠦᠭᠡᠨ ᠴᠢᠨᠠᠷ ᠲᠠᠢ ᠠᠤᠭ᠎ᠠ ᠶᠡᠭᠡ ᠭᠦᠳᠡᠯᠭᠡᠭᠡᠨ ᠳᠤ ᠤᠷᠤᠯᠴᠠᠵᠤ᠂ ᠮᠤᠩᠭᠤᠯ ᠢᠷᠦᠭᠡᠯ ᠡᠷᠭᠦᠵᠤ᠂ ᠪᠦᠭᠦ ᠲᠡᠯᠡᠭᠡᠢ ᠶᠢᠨ ᠨᠦᠭᠦᠷᠰᠡᠭ ᠠᠷᠠᠳ ᠲᠦᠮᠡᠨ ᠳᠤ ᠦᠪᠦᠷ ᠮᠤᠩᠭᠤᠯ ᠤᠨ ᠡᠯ᠎ᠡ ᠦᠨᠳᠦᠰᠦᠳᠡᠨ ᠤ ᠠᠷᠠᠳ ᠲᠦᠮᠡᠨ ᠤ ᠭᠦᠨ ᠵᠤᠵᠠᠭᠠᠨ ᠬᠠᠶᠢᠷ᠎ᠠ  ᠶᠢ ᠲᠡᠪᠰᠢᠭᠦᠯᠵᠡᠢ᠃      ᠤᠶᠤᠨᠳᠠᠯᠠᠢ ᠪᠤᠯ ᠤᠷᠤᠨ ᠤ ᠲᠡᠰ ᠤᠨ ᠢᠷᠦᠭᠡᠯ ᠮᠠᠭᠳᠠᠭᠠᠯ ᠤᠨ ᠤᠯᠠᠮᠵᠢᠯᠠᠭᠴᠢ ᠪᠤᠯᠤᠨ᠎ᠠ᠃ ᠲᠡᠷᠨ ᠤᠷᠴᠢᠮ ᠤᠨ ᠵᠢᠯ ᠤᠷᠳᠤᠰ ᠮᠤᠩᠭᠤᠯ ᠤᠨ ᠮᠠᠷᠳᠠᠭᠳᠠᠮᠠᠷ ᠪᠤᠯᠤᠭᠰᠠᠨ᠂  ᠬᠠᠶᠠᠭᠳᠠᠵᠤ ᠭᠡᠭᠡᠭᠳᠡᠭᠦ ᠶᠢᠨ ᠲᠤᠯᠭᠠᠮ ᠳᠤ ᠭᠦᠷᠦᠭᠰᠡᠨ ᠢᠷᠦᠭᠡᠯ ᠮᠠᠭᠳᠠᠭᠠᠯ ᠤᠨ ᠤᠷᠠᠯᠢᠭ ᠰᠤᠶᠤᠯ ᠢ ᠠᠪᠤᠷᠬᠠᠤ ᠪᠠᠷ ᠭᠦᠴᠦᠯᠡᠨ ᠴᠢᠷᠮᠠᠶᠢᠵᠤ᠂ ᠡᠨ᠋ᠨ ᠭᠦ ᠪᠤᠳᠠᠰ  ᠤᠨ ᠪᠤᠰᠤ ᠰᠤᠶᠤᠯ ᠤᠨ ᠦᠪ ᠪᠤᠯᠬᠤ ᠢᠷᠦᠭᠡᠯ ᠮᠠᠭᠳᠠᠭᠠᠯ ᠢ ᠤᠯᠠᠮ ᠴᠢᠨᠠᠭᠰᠢᠳᠠ ᠤᠯᠠᠮᠵᠢᠯᠠᠨ ᠪᠠᠳᠠᠷᠠᠭᠤᠯᠬᠤ ᠪᠠᠷ ᠴᠦᠭᠦᠷᠡᠯ ᠦᠭᠡᠢ ᠲᠡᠮᠦᠯᠡᠭᠰᠡᠭᠡᠷ ᠪᠠᠶᠢᠨ᠎ᠠ᠃
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ