ᠨᠤᠮ ᠤᠩᠰᠢᠬᠤ ᠦᠬᠡᠢ ᠪᠤᠯ ᠤᠬᠠᠭᠠᠨ ᠠᠳᠡᠷᠰᠢᠨ᠎ᠠ
ᠨᠡᠶᠢᠲᠡᠯᠡᠭᠰᠡᠨ ᠴᠠᠭ᠄
2020/9/23
     ᠨᠤᠮ ᠪᠤᠯ ᠤᠬᠠᠭᠠᠨ ᠪᠢᠯᠢᠭ ᠤᠨ ᠭᠡᠭᠡᠨ ᠵᠤᠯᠠ᠂ ᠤᠶᠤᠨ ᠰᠠᠨᠠᠭᠠᠨ ᠤ ᠰᠢᠮᠡᠲᠦ ᠷᠠᠰᠢᠶᠠᠨ᠃ ᠨᠤᠮ ᠤᠩᠰᠢᠬᠤ ᠲᠠᠯ᠎ᠠ ᠪᠠᠷ ᠢᠪᠷᠡᠶᠢᠴᠦᠳ ᠳᠡᠯᠡᠬᠡᠢ ᠳᠤ ᠲᠡᠷᠢᠬᠦᠯᠡᠵᠦ ᠪᠤᠢ᠂ ᠲᠡᠭᠰᠢᠳᠭᠡᠭᠡᠳ ᠬᠦᠮᠦᠨ ᠪᠦᠷᠢ ᠵᠢᠯ ᠳᠤ 64 ᠲᠡᠪᠲᠡᠷ ᠨᠤᠮ ᠤᠩᠰᠢᠳᠠᠭ᠃ ᠲᠡᠳᠡ ᠬᠡᠦᠬᠡᠳ ᠢᠶᠠᠨ ᠰᠤᠷᠭᠠᠨ ᠬᠦᠮᠦᠵᠢᠬᠦᠯᠬᠦ ᠳᠡᠭᠡᠨ ᠡᠳ᠋ ᠤᠨ ᠪᠠᠶᠠᠯᠢᠭ ᠢ ᠲᠡᠷᠢᠬᠦᠨ ᠪᠠᠶᠢᠷᠢᠨ ᠳᠤ ᠲᠠᠯᠪᠢᠬᠤ ᠪᠢᠰᠢ᠂ ᠬᠠᠷᠢᠨ ︽ᠨᠤᠮ ᠪᠤᠯ ᠮᠡᠳᠡᠯᠭᠡ ᠶᠢᠨ ᠬᠦᠮᠦᠷᠭᠡ᠂ ᠮᠡᠳᠡᠯᠬᠡ ᠪᠤᠯ ᠵᠤᠭᠤᠰ ᠮᠦᠩᠬᠦ᠂ ᠠᠯᠮᠠᠰ ᠴᠢᠯᠠᠭᠤ ᠠᠴᠠ ᠴᠤ ᠦᠨ᠎ᠡ ᠴᠡᠨ᠎ᠡ ᠲᠠᠢ ᠶᠤᠮ᠂ ᠴᠢᠨᠦ ᠰᠤᠷᠤᠭᠰᠠᠨ ᠮᠡᠳᠡᠯᠭᠡ ᠶᠢ ᠬᠡᠨ ᠬᠦᠮᠦᠨ ᠴᠤ ᠪᠤᠯᠢᠶᠠᠨ ᠠᠪᠴᠤ ᠴᠢᠳᠠᠬᠤ ᠦᠭᠡᠢ ᠶᠤᠮ︾ ᠬᠡᠵᠦ ᠲᠦᠪ ᠴᠢᠩᠭ᠎ᠠ ᠪᠠᠷ ᠰᠤᠷᠭᠠᠵᠤ ᠲᠡᠭᠦᠨ ᠤ ᠷᠢᠳᠢ ᠰᠢᠳᠢ ᠶᠢ ᠬᠡᠦᠬᠡᠳ ᠤᠨ ᠦᠪᠡᠷ ᠤᠨ ᠪᠡᠶ᠎ᠡ ᠪᠠᠷ ᠨᠢ ᠮᠡᠳᠡᠷᠡᠭᠦᠯᠳᠡᠭ ᠶᠤᠮ᠃      ᠮᠤᠩᠭᠤᠯᠴᠤᠳ ᠴᠤ ᠡᠷᠳᠡᠨ ᠠᠴᠠ ᠪᠠᠨ ᠠᠪᠤᠭᠠᠳ ᠨᠤᠮ ᠪᠢᠴᠢᠭ ᠢ ᠬᠦᠨᠳᠦᠳᠭᠡᠨ ᠦᠵᠡᠵᠦ᠂ ᠲᠤᠭᠤᠰᠤ ᠰᠢᠷᠤᠢ ᠳᠤ ᠲᠠᠷᠤᠭᠳᠠᠭᠤᠯᠬᠤ ᠦᠭᠡᠢ᠂ ᠤᠷᠠᠵᠤ ᠲᠠᠰᠤᠳᠠᠬᠤ ᠦᠬᠡᠢ᠂ ᠭᠠᠵᠠᠷ ᠬᠦᠰᠡᠷ ᠬᠠᠶᠠᠵᠤ ᠰᠢᠳᠡᠬᠦ ᠦᠬᠡᠢ᠂ ᠬᠠᠷᠢᠨ ᠲᠡᠭᠡᠳᠦ ᠬᠡᠮᠵᠢᠶ᠎ᠡ ᠪᠠᠷ ᠡᠷᠬᠢᠮᠯᠡᠨ ᠬᠦᠨᠳᠦᠳᠭᠡᠵᠦ ᠦᠵᠡᠳᠡᠭ ᠵᠠᠩᠰᠢᠯ ᠲᠠᠢ ᠪᠠᠶᠢᠳᠠᠭ᠃ ᠮᠤᠩᠭᠤᠯ ᠲᠦᠮᠡᠨ ᠤ ᠮᠢᠨᠢ ᠡᠷᠳᠡᠨ ᠠᠴᠠ ᠤᠯᠠᠮᠵᠢᠯᠠᠭᠰᠠᠨ ᠡᠶᠢᠮᠦᠷᠬᠦᠤ ᠰᠠᠶᠢᠬᠠᠨ ᠵᠠᠩᠰᠢᠯ ᠦᠨᠦᠲᠦᠷ ᠮᠠᠨ ᠳᠤ ᠶᠠᠭᠤ ᠨᠢᠭᠡ ᠶᠢ ᠰᠡᠷᠡᠭᠳᠡᠭᠦᠯᠵᠦ ᠰᠡᠩᠬᠡᠷᠡᠭᠦᠯᠵᠦ ᠪᠤᠢ᠃ ᠨᠤᠮ ᠤᠩᠰᠢᠬᠤ ᠪᠤᠯ ᠪᠢᠳᠡᠨ ᠤ ᠮᠡᠳᠡᠯᠭᠡ ᠶᠢᠨ ᠬᠦᠷᠢᠶ᠎ᠡ ᠬᠡᠪᠴᠢᠶ᠎ᠡ ᠶᠢ ᠦᠷᠭᠡᠳᠭᠡᠨ ᠲᠡᠯᠡᠬᠦ ᠪᠠᠷ ᠪᠠᠷᠠᠬᠤ ᠦᠭᠡᠢ ᠨᠡᠩ ᠴᠢᠬᠤᠯᠠ ᠨᠢ ᠤᠢ ᠪᠢᠯᠢᠭ ᠢ ᠴᠢᠨᠢ ᠬᠤᠷᠴᠠᠯᠠᠵᠤ᠂ ᠰᠡᠳᠭᠢᠯ ᠰᠠᠨᠠᠭ᠎ᠠ ᠶᠢ ᠠᠷᠢᠭᠤᠰᠬᠠᠨ᠂ ᠪᠤᠳᠤᠯ ᠤᠬᠠᠭᠠᠨ ᠢ ᠴᠢᠨᠢ ᠰᠠᠷᠠᠭᠤᠯᠵᠢᠭᠤᠯᠬᠤ ᠶᠤᠮ᠃      ᠨᠤᠮ ᠤᠩᠰᠢᠬᠤ ᠪᠠᠷ ᠨᠢ ᠦᠭᠡᠰ ᠤᠨ ᠰᠠᠩ ᠪᠠᠶᠠᠯᠢᠭᠵᠢᠵᠤ᠂ ᠮᠡᠳᠡᠯᠭᠡ ᠶᠢᠨ ᠬᠦᠷᠢᠶ᠎ᠡ ᠬᠡᠪᠴᠢᠶ᠎ᠡ ᠦᠷᠭᠡᠵᠢᠨ ᠬᠠᠷᠠᠭ᠎ᠠ ᠲᠡᠯᠡᠭᠳᠡᠨ᠎ᠡ᠃ ᠨᠤᠮ ᠤᠩᠰᠢᠭᠰᠠᠨ ᠬᠦᠮᠦᠨ ᠪᠠ ᠨᠤᠮ ᠤᠩᠰᠢᠭᠰᠠᠨ ᠦᠭᠡᠢ ᠬᠦᠮᠦᠨ ᠤ ᠵᠦᠷᠢᠶ᠎ᠡ ᠲᠤᠩ ᠶᠡᠭᠡ ᠪᠠᠶᠢᠳᠠᠭ᠃ ᠮᠤᠩᠭᠤᠯ ᠤᠯᠤᠰ ᠤᠨ ᠶᠡᠭᠡ ᠡᠷᠳᠡᠮᠳᠡᠨ ᠴ᠊ · ᠳᠠᠮᠳᠢᠨᠰᠦ᠋ᠷᠦᠩ᠄ ︽ᠨᠤᠮ ᠤᠨ ᠤᠳᠬ᠎ᠠ ᠠᠨᠤ ᠲᠡᠭᠷᠢ ᠮᠡᠲᠦ ᠠᠭᠤᠤ᠂ ᠲᠡᠯᠡᠬᠡᠢ ᠮᠡᠲᠦ ᠦᠷᠭᠡᠨ᠂ ᠲᠠᠯᠠᠢ ᠮᠡᠲᠦ ᠭᠦᠨ᠂ ᠨᠤᠮ ᠢ ᠤᠩᠰᠢᠬᠤ ᠠᠨᠤ ᠲᠡᠭᠷᠢ ᠳᠤ ᠨᠢᠰᠴᠤ᠂ ᠲᠡᠯᠡᠬᠡᠢ ᠶᠢ ᠲᠤᠭᠤᠷᠢᠵᠤ᠂ ᠲᠠᠯᠠᠢ ᠳᠤ ᠬᠦᠪᠬᠦ ᠮᠡᠲᠦ︾ ᠭᠡᠵᠦ ᠲᠡᠬᠦᠨ ᠤ ᠰᠢᠳᠢ ᠬᠦ᠋ᠴᠦᠨ ᠢ ᠤᠳᠬ᠎ᠠ ᠭᠦᠨ ᠳ᠋ᠦᠩᠨᠡᠭᠰᠡᠨ ᠪᠠᠶᠢᠳᠠᠭ᠃ ᠭᠠᠭᠴᠠ ᠬᠦ ᠨᠤᠮ ᠤᠨ ᠤᠬᠠᠭᠠᠨ ᠢ ᠤᠯᠵᠤ ᠨᠤᠮ ᠤᠨ ᠰᠢᠮ᠎ᠡ ᠶᠢ ᠬᠦᠷᠲᠡᠵᠦ ᠴᠢᠳᠠᠭᠰᠠᠨ ᠬᠦᠮᠦᠨ ᠰᠠᠶ᠋ᠢ ᠡᠬᠦᠨ ᠢ ᠴᠠᠭᠠᠨᠠᠬᠢ ᠤᠳᠬ᠎ᠠ ᠶᠢ ᠬᠦᠨᠵᠡᠬᠡᠢ ᠤᠶᠢᠢᠯᠠᠭᠠᠵᠤ ᠴᠢᠳᠠᠨ᠎ᠠ᠃      ᠨᠤᠮ ᠤᠩᠰᠢᠬᠤ ᠪᠠᠷ ᠬᠡᠯᠡᠨ ᠤ ᠮᠡᠳᠡᠷᠡᠮᠵᠢ ᠰᠠᠶᠢᠵᠢᠷᠠᠵᠤ ᠬᠡᠯᠡᠨ ᠤ ᠴᠢᠳᠠᠪᠬᠢ ᠲᠡᠭᠡᠭᠰᠢᠯᠡᠨ᠎ᠡ᠃ ᠨᠤᠮ ᠰᠠᠶᠢᠨ ᠤᠩᠰᠢᠳᠠᠭ ᠬᠦᠮᠦᠨ ᠬᠡᠯᠡᠨ ᠤ ᠲᠤᠬᠠᠢ ᠶᠢᠨ ᠤᠷᠴᠢᠨ ᠳᠤ ᠤᠳᠠᠭᠠᠨ ᠲᠠᠪᠳᠠᠭᠳᠠᠳᠠᠭ ᠪᠤᠯᠬᠤᠷ ᠬᠡᠯᠡᠨ ᠤ ᠲᠤᠬᠠᠢ ᠮᠡᠳᠡᠷᠡᠮᠵᠢ ᠰᠠᠶᠢᠳᠠᠢ ᠪᠤᠯᠵᠤ ᠤᠩᠰᠢᠭᠰᠠᠨ ᠶᠠᠭᠤᠮᠠᠨ ᠤ ᠪᠠᠨ ᠲᠤᠬᠠᠢ ᠭᠦᠨᠵᠡᠭᠡᠢ ᠰᠡᠳᠭᠢᠵᠦ ᠨᠡᠪᠲᠡᠷᠬᠡᠢ ᠤᠶᠢᠯᠠᠭᠠᠵᠤ ᠴᠢᠳᠠᠨ᠎ᠠ᠂ ᠢᠩᠭᠢᠬᠦ ᠲᠤᠰᠤᠮ ᠢᠶᠠᠨ ᠬᠡᠯᠡᠨ ᠳᠤ ᠤᠯᠠᠮ ᠴᠠᠭᠠᠷᠠᠵᠤ ᠪᠣᠯᠪᠠᠰᠣᠷᠠᠵᠣ ᠬᠡᠯᠡ ᠶᠢ ᠬᠡᠷᠡᠭᠯᠡᠬᠦ ᠳᠡᠭᠡᠨ ᠵᠢᠷᠤᠭ᠎ᠠ ᠮᠤᠷᠢᠨ ᠳᠤ ᠲᠠᠰᠢᠭᠤᠷ ᠦᠭᠬᠦ ᠠᠳᠠᠯᠢ ᠬᠦᠩᠭᠡᠨ ᠪᠤᠯᠳᠠᠭ᠃ ᠨᠤᠮ ᠵᠤᠬᠢᠶᠠᠯ ᠲᠠᠢ ᠢᠯᠡᠭᠦᠬᠡᠨ ᠤᠶᠢᠷᠠᠳᠤᠳᠠᠭ ᠬᠦᠮᠦᠨ ᠪᠢᠷ ᠪᠠᠷᠢᠭᠠᠳ ᠨᠢᠭᠡ ᠶᠠᠭᠤᠮ᠎ᠠ ᠪᠢᠴᠢᠬᠦ ᠪᠠᠷ ᠨᠢ ᠤᠰᠤᠨ ᠤ ᠤᠷᠤᠰᠬᠠᠯ ᠲᠠᠭᠠᠤ ᠤᠩᠭᠤᠴᠠ ᠰᠡᠯᠢᠵᠦ ᠪᠠᠶᠢᠭ᠎ᠠ ᠠᠳᠠᠯᠢ ᠢᠯᠳᠠᠮᠬᠠᠨ ᠪᠤᠯᠵᠤ ᠢᠷᠡᠳᠡᠭ᠃      ᠨᠤᠮ ᠤᠩᠰᠢᠬᠤ ᠪᠠᠷ ᠰᠡᠳᠭᠢᠯ ᠠᠷᠢᠭᠤᠰᠴᠤ ᠤᠬᠠᠭᠠᠨ ᠰᠠᠷᠠᠭᠤᠯ ᠪᠤᠯᠤᠨ᠎ᠠ᠃ ᠨᠢᠭᠡ ᠲᠡᠪᠳᠡᠷ ᠰᠠᠶᠢᠨ ᠨᠤᠮ ᠪᠤᠯ ᠴᠢᠨᠦ ᠰᠡᠳᠭᠢᠯ ᠤᠨ ᠴᠢᠨᠢ ᠢᠲᠡᠭᠡᠯᠲᠦ ᠨᠦᠬᠦᠷ᠂ ᠦᠪᠡᠷ ᠤᠨ ᠲᠤᠭᠤᠵᠤ ᠪᠠᠭ᠋ᠠᠷᠬᠠᠭᠰᠠᠨ ᠨᠤᠮ ᠢᠶᠠᠨ ᠤᠯᠵᠤ ᠤᠩᠰᠢᠬᠤ ᠭᠡᠳᠡᠭ ᠪᠤᠯ ᠨᠢᠭᠡ ᠵᠦᠢᠯ ᠤᠨ ᠵᠢᠷᠭᠠᠯ᠃ ᠤᠷᠤᠢ ᠶᠢᠨ ᠨᠠᠮ ᠵᠢᠮ ᠴᠠᠭ ᠢᠶᠠᠷ᠂ ᠡᠰᠡᠭᠦᠯ᠎ᠡ ᠪᠤᠷᠤᠭᠠᠨ ᠰᠢᠪᠡᠷᠡᠭᠰᠡᠨ ᠦᠳᠡ ᠶᠢᠨ ᠬᠤᠶᠢᠨ᠎ᠠ᠂ ᠡᠰᠡᠭᠦᠯ᠎ᠡ ᠨᠤᠮ ᠤᠨ ᠰᠠᠩ ᠤᠨ ᠰᠡᠯᠡᠬᠦᠬᠡᠨ ᠦᠷᠦᠭᠡᠨ ᠳᠤ᠂ ᠡᠰᠡᠬᠦᠯ᠎ᠡ ᠤᠶᠢᠳᠬᠠᠷ ᠪᠤᠬᠢᠨᠢᠳᠤᠯ ᠰᠡᠳᠭᠢᠯ ᠰᠠᠨᠠᠭ᠎ᠠ ᠶᠢ ᠣᠶᠢᠮᠦᠷᠠᠭᠤᠯᠣᠭᠰᠠᠨ ᠦᠶ᠎ᠡ ᠳᠤ ᠨᠤᠮ ᠤᠩᠰᠢᠬᠤ ᠨᠢ ᠴᠢᠨᠦ ᠰᠡᠳᠭᠢᠯ ᠰᠠᠨᠠᠭ᠎ᠠ ᠶᠢ ᠲᠠᠶᠢᠪᠤᠩ ᠪᠤᠯᠭᠠᠵᠤ᠂ ᠠᠯᠢ ᠪᠠᠶᠢᠭᠰᠠᠨ ᠭᠤᠨᠢᠭ ᠤᠶᠢᠳᠬᠠᠷ᠂ ᠰᠡᠳᠭᠢᠯ ᠳᠤ ᠲᠠᠭᠠᠯᠠᠮᠵᠢ ᠦᠭᠡᠢ ᠵᠦᠢᠯ ᠤᠳ ᠢ ᠦᠯᠦ ᠮᠡᠳᠡᠬᠦ ᠶᠢᠨ ᠵᠠᠪᠰᠠᠷ ᠠᠷᠢᠯᠭᠠᠵᠤ᠂ ᠰᠡᠳᠭᠢᠯ ᠰᠠᠨᠠᠭᠠᠨ ᠤ ᠲᠠᠶᠢᠳᠬᠤᠷᠠᠯ ᠢ ᠤᠯᠬᠤ ᠮᠦᠷᠲᠡᠭᠡᠨ ᠦᠪᠡᠷ ᠢ ᠪᠠᠨ ᠵᠢᠩᠬᠢᠨᠢ ᠲᠠᠨᠢᠵᠤ ᠡᠬᠢᠯᠡᠳᠡᠭ᠃ ᠨᠤᠮ ᠲᠠᠢ ᠨᠦᠬᠦᠷᠯᠡᠵᠦ ᠴᠢᠳᠠᠭᠰᠠᠨ ᠬᠦᠮᠦᠨ ᠤ ᠰᠠᠨᠠᠭ᠎ᠠ ᠠᠷᠢᠭᠤᠰᠴᠤ ᠰᠡᠳᠭᠢᠯ ᠲᠠᠯᠪᠢᠭᠤᠷᠠᠭᠠᠳ ᠶᠢᠷᠲᠢᠨᠴᠤ ᠶᠢᠨ ᠶᠠᠭᠤᠮ᠎ᠠ ᠪᠦᠬᠦᠨ ᠢ ᠲᠤᠩᠭᠠᠯᠠᠭ ᠬᠠᠷᠠᠵᠤ ᠴᠢᠳᠠᠬᠤ ᠪᠤᠯᠤᠨ᠎ᠠ᠃      ᠤᠳᠤᠬᠠᠨ ᠳᠤ ᠲᠡᠯᠡᠬᠡᠢ ᠳ᠋ᠠᠬᠢᠨ ᠢᠶᠠᠷ ᠢᠶᠠᠨ ᠨᠤᠮ ᠤᠩᠰᠢᠬᠤ ᠰᠢᠨ᠎ᠡ ᠦᠷᠨᠢᠯᠳᠡ ᠭᠠᠷᠴᠤ ᠪᠤᠢ᠃ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠶᠢᠨ ᠰᠤᠷᠭᠠᠨ ᠬᠦᠮᠦᠵᠢᠯ ᠰᠢᠨᠵᠢᠯᠡᠬᠦ ᠤᠬᠠᠭᠠᠨ ᠰᠤᠶᠤᠯ ᠤᠨ ᠵᠤᠬᠢᠶᠠᠨ ᠪᠠᠶᠢᠭᠤᠯᠤᠯᠳᠠ ᠠᠴᠠ 1995 ᠤᠨ ᠳᠤ ᠵᠢᠯ ᠪᠦᠷᠢ ᠶᠢᠨ 4 ᠰᠠᠷ᠎ᠠ ᠶᠢᠨ 23 ᠤ ᠡᠳᠦᠷ ᠢ ︽ᠲᠡᠯᠡᠬᠡᠢ ᠶᠢᠨ ᠨᠤᠮ ᠤᠩᠰᠢᠬᠤ ᠡᠳᠦᠷ︾ ᠭᠡᠵᠦ ᠲᠤᠭᠳᠠᠭᠠᠭᠰᠠᠨ ᠪᠠᠶᠢᠨ᠎ᠠ᠃ ᠦᠨᠦᠳᠦᠷ ᠲᠤᠤᠷ ᠰᠦᠯᠵᠢᠶ᠎ᠡ ᠲᠦᠭᠡᠮᠡᠯᠵᠢᠵᠦ ᠭᠠᠷ ᠤᠳᠠᠰᠤ ᠭᠠᠵᠠᠷ ᠠᠪᠴᠤ ᠪᠠᠶᠢᠭ᠎ᠠ ᠴᠠᠭ ᠲᠤ ᠨᠤᠮ ᠤᠩᠰᠢᠬᠤ ᠠᠵᠢᠯᠯᠠᠭ᠎ᠠ ᠶᠢ ᠣᠷᠢᠶᠠᠯᠠᠬᠤ ᠨᠢ ᠴᠠᠭ ᠦᠶ᠎ᠡ ᠳᠡᠭᠡᠨ ᠶᠠᠭᠠᠬᠢᠬᠤ ᠶᠢᠨ ᠠᠷᠭ᠎ᠠ ᠦᠭᠡᠢ ᠲᠤᠬᠢᠷᠠᠭᠰᠠᠨ ᠪᠦᠭᠡᠳ ᠵᠠᠪᠠᠯ ᠢᠩᠭᠢᠵᠦ ᠬᠢᠬᠦ ᠴᠢᠬᠤᠯᠠ ᠲᠠᠢ ᠪᠤᠯᠵᠠᠢ᠃      ︽ᠨᠤᠮ ᠤᠩᠰᠢᠬᠤ ᠦᠭᠡᠢ ᠪᠤᠯ ᠤᠬᠠᠭᠠᠨ ᠠᠳᠠᠷᠰᠢᠨ᠎ᠠ᠂ ᠪᠢᠴᠢᠭ ᠰᠤᠷᠬᠤ ᠦᠭᠡᠢ ᠪᠤᠯ ᠪᠢᠯᠢᠭ ᠠᠳᠠᠷᠰᠢᠨ᠎ᠠ ︾ ᠭᠡᠳᠡᠭ᠃ ᠵᠠᠯᠠᠭᠤᠴᠤᠤᠨ ᠪᠠᠭᠠᠴᠤᠳ ᠮᠢᠨᠢ᠂ ᠨᠤᠮ ᠲᠠᠢ ᠢᠯᠡᠭᠦᠬᠡᠨ ᠤᠶᠢᠷᠠᠳᠴᠤ᠂ ᠨᠤᠮ ᠲᠠᠢ ᠨᠦᠬᠦᠷᠯᠡᠵᠤ᠂ ᠨᠤᠮ ᠢᠶᠠᠷ ᠪᠠᠭᠰᠢ ᠪᠠᠷᠢᠵᠤ᠂ ᠨᠤᠮ ᠤᠨ ᠤᠬᠠᠭᠠᠨ ᠢᠶᠠᠷ ᠦᠪᠡᠷ ᠢ ᠪᠠᠨ ᠰᠠᠷᠠᠭᠤᠯᠵᠢᠭᠤᠯᠵᠤ ᠶᠠᠪᠤᠭᠠᠷᠠᠢ︕
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号