ᠡᠷᠲᠡᠨᠢ ᠰᠢᠰᠢ ᠶᠢᠨ ᠲᠤᠯᠪᠤᠳᠤ ᠡᠪᠡᠳᠴᠢᠨ ᠢ ᠵᠠᠰᠠᠬᠤ ᠠᠷᠭ᠎ᠠ
ᠨᠡᠶᠢᠲᠡᠯᠡᠭᠰᠡᠨ ᠴᠠᠭ᠄
2020/9/25
     ᠡᠷᠳᠡᠨᠢ ᠰᠢᠰᠢ ᠶᠢᠨ ᠲᠤᠯᠪᠤᠳᠤ ᠡᠪᠡᠳᠴᠢᠨ ᠪᠤᠯ ᠡᠷᠳᠡᠨᠢ ᠰᠢᠰᠢ ᠶᠢᠨ ᠨᠠᠪᠴᠢ ᠪᠤᠶᠤ ᠨᠠᠪᠴᠢ ᠶᠢᠨ ᠲᠤᠭᠳᠤᠢ ᠂ ᠨᠠᠪᠴᠢᠰᠤ ᠶᠢᠨ ᠭᠡᠰᠡᠭ ᠲᠤ ᠤᠯᠠᠨ ᠭᠠᠷᠳᠠᠭ ᠲᠤᠯᠪᠤᠳᠤ ᠡᠪᠡᠳᠴᠢᠨ ᠪᠤᠯᠤᠨ᠎ᠠ᠃ ᠶᠠᠷᠤ ᠶᠢᠨ ᠪᠠᠶᠢᠳᠠᠯ ᠲᠤᠤᠷ᠎ᠠ ᠡᠰᠢ ᠶᠢᠨ ᠲᠤᠤᠷ᠎ᠠ ᠲᠠᠯ᠎ᠠ ᠶᠢᠨ ᠨᠠᠪᠴᠢ ᠠᠴᠠ ᠡᠬᠢᠯᠠᠨ ᠭᠠᠷᠳᠠᠭ᠃ ᠡᠪᠡᠳᠴᠢᠨ ᠨᠢ ᠠᠩᠬ᠎ᠠ ᠡᠬᠢᠯᠠᠭᠦ ᠳᠤ ᠪᠠᠨ ᠤᠰᠤᠩᠬᠢᠷᠠᠭᠰᠠᠨ ᠭᠡᠯᠪᠡᠷᠢ ᠶᠢᠨ ᠦᠨᠡᠰᠤᠨ ᠦᠡᠭᠭᠡ ᠲᠠᠢ ᠲᠤᠯᠪᠤ ᠪᠠᠶᠢᠵᠤ ᠠᠭᠠᠵᠢᠮ ᠢᠶᠠᠷ ᠨᠠᠪᠴᠢ ᠶᠢᠨ ᠭᠤᠤᠯ ᠰᠤᠳᠠᠰᠤ ᠶᠢᠨ ᠬᠤᠶᠠᠷ ᠲᠠᠯ᠎ᠠ ᠪᠠᠷ ᠬᠤᠶᠠᠷ ᠲᠠᠰᠢ ᠵᠠᠳᠠᠷᠠᠵᠤ ᠰᠢᠷ᠎ᠠ ᠭᠦᠷᠠᠩ ᠦᠡᠭᠭᠡ ᠲᠠᠢ ᠪᠤᠯᠵᠤ ᠬᠤᠪᠢᠷᠠᠳᠠᠭ᠃ ᠲᠤᠯᠪᠤ ᠶᠢᠨ ᠶᠡᠭᠡ ᠪᠠᠭ᠎ᠠ ᠨᠢ 50 ᠠᠴᠠ 100 ᠰᠡᠨᠲ᠋ᠢᠮᠧᠳ᠋ᠷ 5 ᠠᠴᠠ 10 ᠰᠡᠨᠲ᠋ᠢᠮᠧᠳ᠋ᠷ ᠪᠠᠶᠢᠵᠤ᠂ ᠵᠠᠷᠢᠮ ᠡᠪᠡᠳᠴᠢᠨ ᠤ ᠲᠤᠯᠪᠤ ᠶᠢᠨ ᠤᠷᠳᠤ ᠨᠢ 200 ᠰᠡᠨᠲ᠋ᠢᠮᠧᠳ᠋ᠷ ᠲᠤ ᠭᠦᠷᠳᠡᠭ᠃ ᠨᠠᠪᠴᠢ ᠶᠢᠨ ᠲᠠᠭᠡᠷ᠎ᠠ ᠲᠤᠯᠪᠤ ᠠᠷᠪᠢᠳᠤᠬᠤ ᠦᠶ᠎ᠠ ᠳᠤ ᠡᠷᠳᠡᠨᠢ ᠰᠢᠰᠢ ᠰᠢᠷᠠᠯᠠᠵᠤ ᠦᠭᠦᠳᠡᠭ᠃ ᠴᠢᠬᠢᠭ ᠤᠨ ᠭᠡᠮᠵᠢᠶ᠎ᠠ ᠶᠡᠭᠡ ᠦᠶ᠎ᠠ ᠳᠤ ᠲᠤᠯᠪᠤ ᠨᠢ ᠨᠠᠪᠴᠢᠨ ᠤ ᠠᠷᠤ ᠦᠪᠤᠷ ᠲᠤ ᠶᠡᠭᠡ ᠭᠡᠮᠵᠢᠶᠠᠨ ᠤ ᠭᠦᠷᠠᠩ ᠬᠠᠷ᠎ᠠ ᠦᠡᠭᠭᠡᠳᠤ ᠭᠦᠭᠡᠴᠤ ᠡᠭᠦᠰᠭᠡᠳᠡᠭ᠃ ᠲᠤᠯᠠᠭᠠᠨ ᠤ ᠭᠡᠮᠵᠢᠶ᠎ᠠ 20 — 25 ᠭᠷᠠᠳᠦ᠋ᠰ᠂ ᠴᠢᠬᠢᠭ ᠤᠨ ᠭᠡᠮᠵᠢᠶ᠎ᠠ 90% ᠠᠴᠠ ᠲᠠᠭᠡᠭᠰᠢ ᠦᠶ᠎ᠠ ᠳᠤ ᠡᠪᠡᠳᠴᠢᠨ ᠤ ᠪᠠᠺᠲ᠋ᠧᠷᠢ ᠠᠮᠠᠷᠬᠠᠨ ᠡᠭᠦᠰᠳᠡᠭ᠃ ᠮᠠᠨ ᠤ ᠠᠶᠢᠮᠠᠭ ᠤᠨ ᠪᠤᠳᠠᠳᠤ ᠪᠠᠶᠢᠳᠠᠯ ᠠᠴᠠ ᠦᠵᠠᠪᠠᠯ 7 ᠠᠴᠠ 8 ᠰᠠᠷ᠎ᠠ ᠳᠤ ᠲᠤᠰ ᠡᠪᠡᠳᠴᠢᠨ ᠠᠮᠠᠷᠬᠠᠨ ᠲᠡᠯᠭᠡᠷᠡᠭᠦ ᠤᠯᠠᠷᠢᠯ ᠪᠤᠯᠤᠨ᠎ᠠ᠃      ᠡᠭᠦᠨ ᠢ ᠰᠠᠷᠭᠡᠶᠢᠯᠠᠭᠦ ᠠᠷᠭ᠎ᠠ᠄ ᠪᠠᠺᠲ᠋ᠧᠷᠢ ᠶᠢᠨ ᠢᠷᠠᠯᠳᠠ ᠶᠢ ᠪᠠᠭᠠᠰᠬᠠᠨ᠎ᠠ᠃ ᠡᠪᠡᠳᠴᠢᠨ ᠠᠩᠬ᠎ᠠ ᠡᠭᠦᠰᠭᠦ ᠦᠶ᠎ᠠ ᠳᠤ ᠲᠤᠯᠪᠤ ᠲᠠᠢ ᠨᠠᠪᠴᠢ ᠶᠢ ᠲᠠᠷᠤᠢ ᠳᠤᠨᠢ ᠠᠪᠴᠤ ᠬᠠᠶᠠᠵᠤ ᠲᠠᠷᠢᠶᠠᠨ ᠤ ᠭᠠᠳᠠᠨ᠎ᠠ ᠠᠪᠠᠴᠢᠵᠤ ᠰᠢᠢᠳᠪᠤᠷᠢᠯᠠᠨ᠎ᠠ᠃ ᠨᠠᠮᠤᠷ ᠤᠨ ᠬᠤᠷᠢᠶᠠᠯᠳᠠ ᠶᠢᠨ ᠲᠠᠷᠠᠭ᠎ᠠ ᠦᠯᠡᠳᠡᠪᠤᠷᠢ ᠡᠪᠡᠳᠴᠢᠨ ᠲᠠᠢ ᠨᠠᠪᠴᠢ ᠶᠢ ᠰᠠᠶᠢᠳᠦᠷ ᠰᠢᠢᠳᠪᠤᠷᠢᠯᠠᠨ᠎ᠠ᠃ ᠲᠠᠷᠢᠶᠠᠨ ᠤ ᠠᠷᠠᠴᠢᠯᠠᠯᠳᠠ ᠬᠠᠮᠢᠶᠠᠷᠤᠯᠳᠠ ᠪᠠᠨ ᠴᠢᠩᠭᠠᠳᠬᠠᠵᠤ᠂ ᠤᠷᠭᠠᠨᠢᠭ ᠪᠤᠷᠳᠤᠭᠤᠷ ᠢᠯᠠᠭᠦᠦ ᠤᠷᠤᠭᠤᠯᠵᠤ᠂ ᠹᠤᠰᠹᠤᠷᠳᠤ ᠺᠠᠯᠢ ᠶᠢᠨ ᠪᠤᠷᠳᠤᠭᠤᠷ ᠤᠷᠤᠭᠤᠯᠤᠨ᠎ᠠ᠂ ᠵᠤᠷᠬ᠎ᠠ ᠶᠢᠨ ᠬᠤᠭᠤᠷᠤᠨᠳᠤᠬᠢ ᠰᠠᠯᠬᠢ ᠨᠡᠪᠳᠡᠷᠡᠭᠦ ᠶᠢ ᠪᠠᠳᠤᠯᠠᠵᠤ᠂ ᠲᠠᠷᠢᠶᠠᠨ ᠤ ᠴᠢᠬᠢᠭ ᠤᠨ ᠭᠡᠮᠵᠢᠶ᠎ᠠ ᠶᠢ ᠪᠠᠭᠠᠰᠬᠠᠨ᠎ᠠ᠃ ᠬᠢᠮᠢ ᠶᠢᠨ ᠠᠷᠭ᠎ᠠ ᠪᠠᠷ ᠰᠠᠷᠭᠡᠶᠢᠯᠠᠭᠦ ᠠᠷᠭ᠎ᠠ ᠶᠢ ᠠᠪᠴᠤ ᠪᠤᠯᠤᠨ᠎ᠠ᠃ 50% ᠤᠨ ᠳ᠋ᠦᠸᠧ ᠵᠢᠶᠦ᠋ᠨ ᠯᠢᠩ ᠢ 500 ᠲᠠᠬᠢᠨ ᠤ ᠠᠭᠤᠰᠤᠮᠠᠯ ᠪᠤᠯᠭᠠᠵᠤ ᠡᠷᠳᠡᠨᠢ ᠰᠢᠰᠢ ᠲᠤᠯᠤᠭᠠᠢ ᠬᠠᠶᠠᠬᠤ ᠦᠶ᠎ᠠ ᠳᠤ ᠬᠤᠶᠠᠷ ᠤᠳᠠᠭ᠎ᠠ ᠰᠦᠷᠴᠢᠨ᠎ᠠ᠃
ᠢᠷᠡᠯᠲᠡ᠄ ᠤᠷᠲᠤᠰ ᠤᠨ ᠡᠲᠤᠷ ᠤᠨ ᠰᠤᠨᠢᠨ