ᠨᠡᠶᠢᠭᠡᠮ ᠤᠨ ᠬᠦᠭᠵᠢᠯᠳᠡ᠂ ᠤᠳᠤ ᠦᠶ᠎ᠡ ᠶᠢᠨ ᠭᠡᠷ ᠪᠦᠯᠢ ᠶᠢᠨ ᠠᠵᠢᠯ ᠤᠨ ᠬᠤᠪᠢᠶᠠᠷᠢᠯᠠᠯ ᠢᠶᠠᠷ ᠭᠡᠷ | ᠪᠦᠯᠢ ᠶᠢᠨ ᠰᠤᠷᠭᠠᠨ ᠬᠦᠮᠦᠵᠢᠯ ᠳᠤ ᠰᠢᠨ᠎ᠡ ᠪᠤᠰᠤ ᠨᠢᠭᠡᠨ ᠠᠰᠠᠭᠤᠳᠠᠯ ᠤᠯᠠᠮ ᠢᠶᠠᠷ ᠳᠤᠳᠤᠷᠠᠵᠤ ᠪᠠᠶᠢᠨ᠎ᠠ᠃ | ᠲᠡᠷᠡ ᠨᠢ ᠪᠤᠯ ᠳᠠᠷᠤ᠋ ᠢ ᠠᠪᠤ ᠶᠢᠨ ᠬᠠᠶᠢᠷ᠎ᠠ ᠶᠢᠨ ᠳᠤᠳᠠᠭᠤᠳᠠᠯ ᠪᠤᠯᠤᠨ᠎ᠠ᠃ ᠪᠦᠷᠢᠨ ᠪᠤᠰᠤ ᠪᠠᠶᠢᠴᠠᠭᠠᠯᠳᠠ ᠶᠢ | ᠦᠨᠳᠦᠰᠦᠯᠡᠪᠡᠯ 60% ᠶᠢᠨ ᠡᠵᠢ ᠬᠦᠮᠦᠨ ᠭᠡᠷ ᠪᠦᠯᠢ ᠶᠢᠨ ᠰᠤᠷᠭᠠᠨ ᠬᠦᠮᠦᠵᠢᠯ ᠳᠤᠮᠳᠠ ᠲᠤᠯᠭᠠᠭᠤᠷᠢ ᠦᠢᠯᠡᠳᠦᠯ | ᠦᠵᠡᠭᠦᠯᠵᠤ᠂ ᠠᠪᠤ ᠬᠦᠮᠦᠨ ᠤ ᠦᠨᠡᠨ ᠬᠦ ᠦᠵᠡᠭᠦᠯᠵᠤ ᠪᠠᠶᠢᠭ᠎ᠠ ᠦᠢᠯᠡᠳᠦᠯ ᠤᠨ ᠬᠠᠷᠢᠴᠠᠯ ᠨᠢ 15% ᠯᠡ | ᠪᠠᠶᠢᠨ᠎ᠠ᠃ ᠠᠪᠤ ᠡᠵᠢ ᠨᠢ ᠬᠠᠮᠳᠤ ᠳᠠᠭᠠᠨ ᠰᠤᠷᠭᠠᠨ ᠬᠦᠮᠦᠵᠢᠯ ᠤᠨ ᠬᠠᠷᠢᠭᠤᠴᠠᠯᠭ᠎ᠠ ᠡᠭᠦᠷᠭᠡᠯᠡᠵᠤ ᠪᠠᠶᠢᠭ᠎ᠠ ᠨᠢ | ᠭᠤᠷᠪᠠᠨ ᠤ ᠨᠢᠭᠡ ᠬᠤᠪᠢ ᠳᠤ ᠴᠦ ᠬᠦᠷᠬᠦ ᠦᠭᠡᠢ᠂ ᠭᠡᠷ ᠪᠦᠯᠢ ᠶᠢᠨ ᠰᠤᠷᠭᠠᠨ ᠬᠦᠮᠦᠵᠢᠯ ᠤᠨ ᠳᠤᠮᠳᠠ ᠠᠪᠤ | ᠬᠦᠮᠦᠨ ᠤ ᠬᠦᠮᠦᠵᠢᠯ ᠳᠤᠳᠠᠬᠳᠠᠵᠤ ᠪᠠᠶᠢᠭ᠎ᠠ ᠪᠠᠶᠢᠳᠠᠯ ᠮᠠᠰᠢ ᠬᠦᠨᠳᠦ ᠨᠤᠴᠢᠳᠠᠢ᠃ | ᠤᠯᠠᠩᠬᠢ ᠠᠪᠤ ᠨᠠᠷ ︽ᠡᠷᠡᠭᠳᠡᠢ ᠨᠢ ᠭᠠᠳᠠᠨᠠᠬᠢ ᠠᠵᠢᠯ᠂ ᠡᠮᠡᠭᠳᠡᠢ ᠨᠢ ᠳᠤᠳᠤᠨᠠᠬᠢ ᠠᠵᠢᠯ︾ ᠭᠡᠬᠦ | ᠤᠯᠠᠮᠵᠢᠯᠠᠯᠳᠤ ᠠᠵᠢᠯ ᠤᠨ ᠬᠤᠪᠢᠶᠠᠷᠢᠯᠠᠯ ᠤᠨ ᠨᠦᠯᠦᠭᠡᠯᠡᠯ ᠢ ᠬᠦᠷᠳᠡᠵᠤ᠂ ᠬᠡᠦᠬᠡᠳ ᠤᠨ ᠰᠤᠷᠭᠠᠨ ᠬᠦᠮᠦᠵᠢᠯ ᠳᠤ | ᠤᠯᠠᠨ ᠵᠦᠢᠯ ᠤᠨ ᠰᠢᠯᠳᠠᠭ ᠢᠶᠠᠷ ᠬᠤᠯᠠᠳᠠᠵᠤ ᠬᠡᠦᠬᠡᠳ ᠲᠤ ᠳᠡᠰᠪᠦᠷᠢ ᠳᠡᠪᠴᠢᠶᠠᠷᠢ ᠪᠠᠷ ᠲᠤᠳᠠᠮᠠᠬ ᠪᠤᠯᠵᠤ᠂ ᠤᠯᠠᠨ | ᠰᠢᠯᠳᠠᠭ ᠢᠶᠠᠷ ᠬᠠᠷᠢᠭᠤᠴᠠᠯᠭ᠎ᠠ ᠪᠠᠨ ᠲᠦᠯᠬᠢᠬᠦ᠂ ᠬᠠᠳᠠᠭᠤ ᠨᠢ ᠤᠯᠠᠨ ᠵᠦᠭᠡᠯᠡᠨ ᠨᠢ ᠴᠦᠭᠡᠨ᠂ ᠬᠠᠷᠠᠯᠳᠠ ᠳᠤᠳᠤ | ᠪᠤᠰᠤ ᠵᠡᠷᠭᠡ ᠨᠠᠵᠠᠭᠠᠢ ᠤᠨᠴᠠᠯᠢᠭ ᠢᠶᠠᠷ ᠭᠡᠷ ᠪᠦᠯᠢ ᠶᠢᠨ ᠰᠤᠷᠭᠠᠨ ᠬᠦᠮᠦᠵᠢᠯ ᠳᠤ ︽ᠬᠦᠡᠭᠭᠡᠷᠡᠵᠤ︾ ᠪᠠᠶᠢᠨ᠎ᠠ᠃ | ᠠᠪᠤ ᠬᠦᠮᠦᠨ ᠡᠷᠴᠢ ᠵᠤᠷᠢᠭ ᠰᠦᠷ ᠬᠦᠴᠦᠨ ᠲᠠᠢ᠂ ᠡᠷᠡᠰ ᠰᠢᠭᠤᠷᠬᠠᠢ ᠵᠠᠩ ᠴᠢᠨᠠᠷ ᠲᠠᠢ᠃ ᠭᠡᠷ ᠪᠦᠯᠢ ᠶᠢᠨ | ᠰᠤᠷᠭᠠᠨ ᠬᠦᠮᠦᠵᠢᠯ ᠳᠤᠮᠳᠠ ᠡᠵᠢ ᠬᠦᠮᠦᠨ ᠠᠴᠠ ᠨᠡᠩ ᠢᠯᠡᠭᠦᠦ ᠲᠦᠯᠦᠪᠯᠡᠭᠡ ᠲᠠᠢ᠂ ᠬᠠᠷᠠᠯᠳᠠ ᠲᠠᠢ᠂ | ᠮᠡᠳᠡᠯᠭᠡ ᠶᠢᠨ ᠬᠡᠪᠴᠢᠶ᠎ᠡ ᠦᠷᠭᠡᠨ ᠵᠡᠷᠭᠡ ᠰᠢᠨᠵᠢ ᠴᠢᠨᠠᠷ ᠦᠢᠯᠡᠳᠦᠯ ᠲᠠᠢ ᠶᠤᠮ᠃ ᠲᠡᠬᠡᠬᠦ ᠪᠠᠷ ᠡᠬᠦᠨ ᠢ ᠨᠢ ᠡᠵᠢ | ᠪᠤᠯᠤᠬᠰᠠᠳ ᠪᠦᠷᠢᠮᠦᠰᠦᠨ ᠤᠷᠤᠯᠠᠭᠤᠯᠵᠤ ᠦᠯᠦ ᠴᠢᠳᠠᠬᠤ ᠶᠤᠮ᠃ | ᠠᠪᠤ ᠬᠦᠮᠦᠨ ᠬᠡᠦᠬᠡᠳ ᠲᠠᠢ ᠪᠠᠨ ᠨᠠᠭᠠᠳᠴᠤ ᠳᠤᠭᠯᠠᠬᠤ ᠳᠤ ᠬᠠᠮᠤᠭ ᠤᠨ ᠰᠠᠶᠢᠨ ᠬᠠᠨᠢ ᠪᠦᠬᠡᠳ ᠬᠡᠦᠬᠡᠳ ᠤᠨ | ᠨᠡᠶᠢᠭᠡᠮᠴᠢ ᠴᠢᠨᠠᠷ ᠤᠨ ᠬᠦᠭᠵᠢᠯᠳᠡ ᠳᠤ ᠰᠠᠶᠢᠨ ᠪᠠᠶᠢᠳᠠᠭ᠃ ᠠᠪᠤ ᠶᠢᠨ ᠬᠠᠶᠢᠷ᠎ᠠ ᠨᠢ ᠬᠡᠦᠬᠡᠳ ᠤᠨ ᠰᠠᠶᠢᠨ ᠰᠠᠶᠢᠬᠠᠨ | ᠵᠠᠩ ᠴᠢᠨᠠᠷ ᠤᠨ ᠪᠦᠷᠢᠯᠳᠦᠯ ᠳᠤ ᠠᠰᠢᠬᠳᠠᠢ᠃ ᠠᠪᠤ ᠶᠢᠨ ᠬᠠᠶᠢᠷ᠎ᠠ ᠨᠢ ᠬᠡᠦᠬᠡᠳ ᠤᠨ ᠦᠪᠡᠷ ᠤᠨ ᠴᠢᠨᠠᠷ ᠤᠨ | ᠢᠯᠭᠠᠯ ᠤᠨ ᠳᠠᠨᠢᠯᠳᠠ ᠳᠤ ᠮᠠᠰᠢ ᠶᠡᠭᠡ ᠨᠦᠯᠦᠭᠡ ᠲᠠᠢ᠃ ᠬᠦᠦ ᠬᠦᠮᠦᠨ ᠳᠤ ᠠᠪᠤ ᠪᠤᠯ ᠡᠷᠡᠭᠳᠡᠢ ᠬᠦᠮᠦᠨ ᠤ | ᠪᠠᠷᠢᠮᠵᠢᠶ᠎ᠠ᠂ ᠬᠡᠦᠬᠡᠨ ᠬᠦᠮᠦᠨ ᠠᠪᠤ ᠪᠠᠷ ᠢᠶᠠᠨ ᠡᠷᠡᠭᠳᠡᠢ ᠬᠦᠮᠦᠨ ᠤ ᠠᠮᠢᠳᠤᠷᠠᠯ ᠤᠨ ᠠᠷᠭ᠎ᠠ ᠬᠡᠯᠪᠡᠷᠢ ᠵᠡᠷᠭᠡ ᠶᠢ | ᠳᠠᠨᠢᠳᠠᠭ᠃ ᠠᠪᠤ ᠶᠢᠨ ᠬᠠᠶᠢᠷ᠎ᠠ ᠨᠢ ᠪᠠᠰᠠ ᠬᠡᠦᠬᠡᠳ ᠤᠨ ᠤᠶᠤᠨ ᠪᠢᠯᠢᠭ ᠤᠨ ᠬᠦᠭᠵᠢᠯᠳᠡ ᠳᠤ ᠠᠰᠢᠬᠳᠠᠢ᠃ ᠠᠪᠤ | ᠬᠦᠮᠦᠨ ᠪᠠᠰᠠ ᠭᠡᠷ ᠪᠦᠯᠢ ᠶᠢᠨ ᠰᠤᠷᠭᠠᠨ ᠬᠦᠮᠦᠵᠢᠯ ᠪᠠ ᠭᠡᠷ ᠪᠦᠯᠢ ᠶᠢᠨ ᠵᠦᠷᠢᠴᠡᠯ ᠳᠤᠮᠳᠠ ᠳᠡᠩᠴᠡᠭᠦᠯᠬᠦ | ᠦᠢᠯᠡᠳᠦᠯ ᠦᠵᠡᠬᠦᠯᠳᠡᠭ᠃ ᠠᠪᠤ ᠶᠢᠨ ᠬᠠᠶᠢᠷ᠎ᠠ ᠪᠤᠯ ᠭᠡᠷ ᠪᠦᠯᠢ ᠶᠢᠨ ᠰᠤᠷᠭᠠᠨ ᠬᠦᠮᠦᠵᠢᠯ ᠳᠤᠮᠳᠠᠬᠢ | ᠰᠡᠳᠬᠢᠴᠡ ᠶᠢᠨ ᠲᠤᠯᠭᠠᠭᠤᠷᠢ᠂ ᠭᠡᠷ ᠪᠦᠯᠢ ᠶᠢᠨ ᠰᠡᠳᠬᠢᠴᠡ ᠶᠢᠨ ᠲᠤᠬᠢᠷᠠᠭᠤᠯᠤᠬᠴᠢ ᠪᠤᠯᠤᠨ᠎ᠠ᠃ | ᠭᠡᠷ ᠪᠦᠯᠢ ᠶᠢᠨ ᠬᠦᠮᠦᠵᠢᠯ ᠳᠤ ᠠᠪᠤ ᠶᠢᠨ ᠤᠷᠤᠯᠴᠠᠯᠭ᠎ᠠ ᠳᠤᠳᠠᠬᠳᠠᠪᠠᠯ ᠬᠡᠦᠬᠡᠳ ᠤᠨ ᠦᠰᠦᠨ | ᠪᠤᠶᠢᠵᠢᠯᠳᠡ ᠳᠤ ᠨᠠᠵᠠᠭᠠᠢ ᠦᠷ᠎ᠠ ᠳ᠋ᠦᠩ ᠠᠪᠴᠢᠷᠠᠳᠠᠭ᠃ ᠤᠷᠳᠤ ᠬᠤᠭᠤᠴᠠᠭ᠎ᠠ ᠪᠠᠷ ᠠᠪᠤ ᠶᠢᠨ ᠬᠠᠶᠢᠷ᠎ᠠ | ᠳᠤᠳᠠᠬᠰᠠᠨ ᠬᠡᠦᠬᠡᠳ ︽ᠠᠪᠤ ᠶᠢᠨ ᠬᠠᠶᠢᠷ᠎ᠠ ᠳᠤᠳᠠᠬᠰᠠᠨ ᠭᠡᠮ︾ ᠤᠯᠳᠠᠭ᠃ ᠬᠡᠦᠬᠡᠳ ᠤᠨ ᠠᠮᠢᠳᠤᠷᠠᠯ ᠳᠤ ᠤᠯᠠᠨ | ᠶᠠᠷᠰᠢᠭ ᠲᠦᠪᠡᠭ ᠠᠪᠴᠢᠷᠠᠵᠤ᠂ ᠴᠢᠨᠠᠬᠰᠢᠯᠠᠨ ᠬᠡᠦᠬᠡᠳ ᠤᠨ ᠨᠠᠰᠤᠨ ᠲᠤᠷᠰᠢᠳᠠ ᠶᠢᠨ ᠦᠰᠦᠨ ᠪᠤᠶᠢᠵᠢᠯᠳᠠ ᠶᠢ | ᠨᠦᠯᠦᠭᠡᠯᠡᠳᠡᠭ᠃ ᠠᠮᠧᠷᠢᠺᠠ᠂ ᠠᠩᠭ᠍ᠯᠢ᠂ ᠭᠧᠷᠮᠠᠨ ᠤ ᠵᠠᠷᠢᠮ ᠰᠤᠳᠤᠯᠭᠠᠨ ᠤ ᠢᠯᠡᠷᠡᠭᠦᠯᠦᠯᠳᠡ ᠳᠤ᠂ ᠠᠪᠤ ᠶᠢᠨ | ᠬᠠᠶᠢᠷ᠎ᠠ ᠳᠤᠳᠠᠮᠠᠭ ᠬᠡᠦᠬᠡᠳ ᠤᠨ ᠨᠠᠰᠤ ᠨᠢ ᠬᠡᠳᠦᠢ ᠪᠠᠭ᠎ᠠ ᠪᠤᠯᠬᠤ ᠳᠤᠳᠤᠮ ᠡᠶᠢᠮᠦᠷᠬᠦᠤ ᠭᠡᠮ ᠢ ᠤᠯᠬᠤ ᠨᠤᠷᠮ᠎ᠠ ᠨᠢ | ᠬᠡᠳᠦᠢ ᠦᠨᠳᠦᠷ ᠪᠠᠶᠢᠵᠤ᠂ ᠤᠨᠴᠠᠭᠠᠶᠢᠢᠯᠠᠨ ᠬᠦᠦ ᠬᠦᠮᠦᠨ ᠳᠤ ᠬᠠᠮᠤᠭ ᠠᠴᠠ ᠬᠦᠨᠳᠦ ᠨᠤᠴᠢᠳᠠᠢ ᠭᠡᠰᠡᠨ ᠪᠠᠶᠢᠨ᠎ᠠ᠃ | | ︽ᠠᠪᠤ ᠶᠢᠨ ᠰᠤᠷᠭᠠᠯ ᠠᠯᠳᠠ︾ ᠬᠡᠳᠡᠭ ᠢᠶᠠᠷ ᠠᠪᠤ ᠬᠦᠮᠦᠨ ᠭᠡᠷ ᠤᠨ ᠬᠦᠮᠦᠵᠢᠯ ᠳᠤ ᠶᠠᠭᠠᠬᠢᠭᠰᠠᠨ ᠴᠦ | ᠳᠤᠳᠠᠵᠤ ᠪᠤᠯᠬᠤ ᠦᠭᠡᠢ᠃ ᠠᠪᠤ ᠪᠤᠯᠤᠭᠰᠠᠳ ᠪᠠᠰᠠ ᠦᠪᠡᠷ ᠤᠨ ᠬᠠᠶᠢᠷ᠎ᠠ ᠪᠠᠨ ᠵᠦᠪ ᠢᠶᠠᠷ ᠢᠯᠡᠳᠭᠡᠵᠤ | ᠰᠤᠷᠬᠤ ᠨᠢ ᠴᠢᠬᠤᠯᠠ᠂ ᠬᠠᠶᠢᠷ᠎ᠠ ᠶᠢ ᠶᠠᠷᠢᠵᠤ ᠢᠯᠡᠳᠭᠡᠬᠦ ᠠᠴᠠ ᠭᠠᠳᠠᠨ᠎ᠠ ᠪᠠᠰᠠ ᠪᠤᠳᠠᠳᠤ ᠠᠵᠢᠯᠯᠠᠭ᠎ᠠ ᠪᠠᠷ ᠢᠶᠠᠨ | ᠬᠡᠷᠡᠴᠢᠯᠡᠵᠤ ᠮᠡᠳᠡᠷᠡᠭᠦᠯᠬᠦ ᠬᠡᠷᠡᠭᠳᠡᠢ᠃ ︽ᠡᠵᠢ ᠶᠢᠨ ᠰᠤᠷᠭᠠᠯ ᠡᠷᠳᠡᠨᠢ︾ ᠴᠦ ᠠᠪᠤ ᠶᠢᠨ ᠰᠤᠷᠭᠠᠯ ᠦᠭᠡᠢ ᠪᠤᠶᠤ | ᠳᠤᠳᠠᠬᠤ ᠶᠤᠮ ᠪᠤᠯ ᠬᠡᠦᠬᠡᠳ ᠤᠨ ᠰᠡᠳᠬᠢᠯ ᠬᠡᠷᠡᠯ ᠬᠡᠬᠡ ᠪᠠᠷ ᠳᠤᠳᠠᠬᠤ ᠪᠤᠯᠤᠨ᠎ᠠ᠃ |