ᠬᠤᠳᠠ ᠶᠢᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠭᠴᠢ ᠴᠤᠭᠵᠢᠯᠨᠤᠷᠪᠤ
ᠨᠡᠶᠢᠲᠡᠯᠡᠭᠰᠡᠨ ᠴᠠᠭ᠄
2021/1/20
     ᠴᠤᠭᠵᠢᠯᠨᠤᠷᠪᠤ᠂ ︵ᠨᠠᠸ᠎ᠠ︶᠂ ᠰᠠᠭᠢᠯ ᠤᠨ ᠨᠡᠷ᠎ᠡ ᠤᠳᠽᠠᠷ ᠪᠠᠨᠳᠢᠳᠠ᠂ 1947 ᠤᠨ ᠳᠤ ᠤᠳᠤᠭ ᠬᠤᠰᠢᠭᠤᠨ ᠤ ᠠᠷᠪᠠᠰ ᠰᠤᠮᠤᠨ ᠳᠤ ᠲᠦᠷᠦᠪᠡ᠃ 5 ᠨᠠᠰᠤᠨ ᠳᠠᠭᠠᠨ  ᠤᠳᠽᠠᠷ ᠪᠠᠨᠳᠢᠳᠠ ᠶᠢᠨ ᠬᠤᠪᠢᠯᠭᠠᠨ ᠢᠶᠠᠷ ᠲᠤᠳᠤᠯᠠᠭᠳᠠᠵᠤ᠂ 6 ᠨᠠᠰᠤᠨ ᠳᠠᠭᠠᠨ ᠰᠦᠮ᠎ᠡ ᠳᠤ ᠵᠠᠯᠠᠭᠳᠠᠵᠤ᠂ ᠳ᠋ᠢᠶᠠᠨ ᠰᠦᠮ᠎ᠡ ᠶᠢᠨ ᠰᠢᠷᠡᠭᠡᠨ ᠳᠤ ᠰᠠᠭᠤᠪᠠ᠃      1958 ᠤᠨ ᠳᠤ ᠠᠷᠪᠠᠰ ᠰᠤᠮᠤᠨ ᠤ ᠪᠠᠭ᠎ᠠ ᠰᠤᠷᠭᠠᠭᠤᠯᠢ ᠳᠤ ᠰᠤᠷᠤᠯᠴᠠᠨ ᠪᠠᠭ᠎ᠠ ᠰᠤᠷᠭᠠᠭᠤᠯᠢ ᠪᠠᠨ ᠲᠡᠭᠦᠰᠦᠭᠡᠳ ᠨᠤᠳᠤᠭ ᠲᠠᠭᠠᠨ ᠮᠠᠯᠴᠢᠨ ᠪᠤᠯᠬᠤ ᠶᠢᠨ ᠲᠠᠭᠠᠤ ᠭᠦᠮᠦᠨ ᠤ ᠡᠮᠴᠢ᠂ ᠮᠠᠯ ᠤᠨ ᠡᠮᠴᠢ ᠶᠢ ᠬᠤᠤᠰᠯᠠᠭᠤᠯᠤᠨ ᠭᠢᠵᠤ ᠪᠠᠶᠢᠪᠠ᠃      1990 ᠤᠨ ᠳᠤ ᠬᠠᠮᠢᠶ᠎ᠠ ᠪᠦᠭᠦᠢ ᠪᠠᠶᠢᠭᠤᠯᠤᠯᠭ᠎ᠠ ᠶᠢᠨ ᠭᠦᠴᠦᠳᠡᠢ ᠲᠡᠮᠵᠢᠯᠭᠡ ᠪᠠ ᠦᠭᠯᠢᠭᠡ ᠶᠢᠨ ᠡᠵᠡᠨ  ᠤ ᠬᠠᠯᠠᠭᠤᠨ ᠬᠠᠪᠰᠤᠷᠤᠯᠭ᠎ᠠ ᠪᠠᠷ ᠳ᠋ᠢᠶᠠᠨ ᠰᠦᠮ᠎ᠡ ᠪᠠᠨ ᠰᠡᠷᠭᠦᠭᠡᠨ ᠪᠠᠶᠢᠭᠤᠯᠤᠭᠠᠳ ᠤᠯᠠᠨ ᠱᠠᠪᠢ ᠪᠠᠨ ᠲᠠᠭᠤᠳᠠᠵᠤ ᠢᠷᠡᠭᠦᠯᠦᠭᠡᠳ ᠱᠠᠰᠢᠨ ᠤ ᠠᠵᠢᠯᠯᠠᠭ᠎ᠠ ᠪᠠᠨ ᠦᠷᠨᠢᠭᠦᠯᠭᠦ ᠶᠢᠨ ᠬᠠᠮᠳᠤ ᠭᠦᠷᠦ ᠲᠠᠭᠤᠤ᠂ ᠰᠦᠮ᠎ᠡ ᠶᠢᠨ ᠤᠡᠭᠰᠢᠯᠭ᠎ᠠ ᠮᠡᠳᠥ ᠶᠢ ᠰᠡᠯᠪᠢᠪᠡ᠃      ᠤᠳᠤ ᠬᠤᠳᠠ ᠶᠢᠨ ᠲᠡᠰ ᠤᠨ ᠲᠡᠮᠴᠦ᠋ᠭ ᠭᠦᠷᠦ ᠶᠢᠨ ᠤᠯᠠᠮᠵᠢᠯᠠᠭᠴᠢ ᠪᠠᠷ ᠡᠷᠭᠦᠮᠵᠢᠯᠡᠭᠳᠡᠵᠤ ᠰᠦᠮ᠎ᠡ ᠳᠡᠭᠡᠨ ᠰᠠᠭᠤᠵᠤ ᠪᠠᠶᠢᠨ᠎ᠠ᠃                          ︽ᠤᠲᠤᠭ ᠬᠤᠰᠢᠭᠤᠨ ᠤ ᠮᠤᠩᠭᠤᠯ ᠦᠨᠳᠦᠰᠦᠲᠡᠨ ᠤ ᠪᠣᠳᠠᠰ ᠤᠨ ᠪᠤᠰᠤ ᠰᠤᠶᠤᠯ ᠤᠨ ᠥᠪ︾  ᠪᠠᠢ ᠭᠡᠷᠡᠯᠲᠦ ᠭᠤᠤᠯᠯᠠᠨ ᠨᠠᠶᠢᠷᠠᠭᠤᠯᠪᠠ   ︵ᠤᠲᠤᠭ ᠬᠤᠰᠢᠭᠤᠨ ᠤ ᠤᠯᠤᠰ ᠲᠦᠷᠥ ᠶᠢᠨ ᠵᠥᠪᠯᠡᠯᠭᠡᠨ︶
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ