ᠨᠢᠯᠬ᠎ᠠ ᠬᠤᠷᠠᠭᠠᠨ ᠤ ᠰᠢᠩᠭᠡᠭᠡᠯᠳᠡ ᠶᠢᠨ ᠴᠢᠳᠠᠪᠤᠷᠢ ᠶᠢ ᠰᠠᠶᠢᠵᠢᠷᠠᠭᠤᠯᠬᠤ ᠠᠷᠭ᠎ᠠ
ᠨᠡᠶᠢᠲᠡᠯᠡᠭᠰᠡᠨ ᠴᠠᠭ᠄
2021/1/20
            ᠨᠢᠯᠬ᠎ᠠ ᠬᠤᠷᠠᠭᠠᠨ ᠤ ᠰᠢᠩᠭᠡᠭᠡᠯᠳᠡ ᠶᠢᠨ ᠴᠢᠳᠠᠪᠤᠷᠢ ᠶᠢ ᠰᠠᠶᠢᠵᠢᠷᠠᠭᠤᠯᠬᠤ ᠠᠷᠭ᠎ᠠ      ᠰᠢᠩᠭᠡᠭᠡᠯᠳᠡ ᠶᠢᠨ ᠴᠢᠳᠠᠪᠤᠷᠢ ᠲᠤᠷᠤᠢ ᠪᠠᠶᠢᠳᠠᠭ ᠪᠤᠯ ᠬᠦᠬᠦᠯᠳᠡ ᠶᠢᠨ ᠬᠤᠭᠤᠴᠠᠭᠠᠨ ᠤ ᠨᠢᠯᠬ᠎ᠠ ᠬᠤᠷᠠᠭᠠᠨ ᠳᠤ ᠦᠷᠭᠦᠯᠵᠢ ᠲᠤᠬᠢᠶᠠᠯᠳᠤᠳᠠᠭ ᠦᠵᠡᠭᠳᠡᠯ ᠪᠤᠯᠬᠤ ᠶᠤᠮ᠃ ᠡᠨᠡ ᠨᠢ ᠭᠤᠤᠯᠳᠠᠭᠤ ᠬᠤᠷᠠᠭᠠᠨ ᠤ ᠭᠡᠳᠡᠰᠤ ᠬᠤᠳᠤᠭᠤᠳᠤᠨ ᠤ ᠰᠢᠰᠲ᠋ᠧᠮ ᠡᠮᠬᠢ ᠵᠠᠮᠪᠠᠷᠠᠭ᠎ᠠ ᠪᠠᠨ ᠠᠯᠳᠠᠭᠰᠠᠨ ᠠᠴᠠ ᠡᠭᠦᠰᠦᠭᠰᠡᠨ ᠦᠵᠡᠭᠳᠡᠯ ᠪᠤᠯᠬᠤ ᠪᠦᠭᠡᠳ ᠴᠢᠴᠠᠭ᠎ᠠ ᠠᠯᠳᠠᠬᠤ᠂ ᠡᠴᠡᠵᠤ ᠲᠤᠷᠠᠬᠤ ᠵᠡᠷᠭᠡ ᠢᠯᠡᠷᠡᠯ ᠲᠠᠢ ᠪᠠᠶᠢᠳᠠᠭ᠃      ᠨᠢᠭᠡ᠂ ᠬᠤᠷᠠᠭᠠᠨ ᠤ ᠰᠢᠩᠭᠡᠭᠡᠯᠳᠡ ᠶᠢᠨ ᠰᠢᠰᠲ᠋ᠧᠮ ᠲᠤᠷᠤᠢ ᠪᠠᠶᠢᠳᠠᠭ ᠤᠨ ᠰᠢᠯᠳᠠᠭᠠᠨ᠃ 1᠂ ᠡᠬᠡ ᠮᠠᠯ ᠨᠢ ᠬᠡᠭᠡᠯ ᠲᠠᠢ ᠬᠤᠭᠤᠴᠠᠭᠠᠠ ᠳᠤ ᠪᠠᠨ ᠤᠭᠤᠷᠠᠭ᠂ ᠡᠷᠤᠳᠡᠰᠤ᠂ ᠸᠢᠲ᠋ᠠᠮᠢᠨ ᠵᠡᠷᠭᠡ ᠰᠢᠮ᠎ᠡ ᠲᠡᠵᠢᠭᠡᠯ ᠲᠤᠳᠠᠭᠳᠠᠪᠡᠯ ᠬᠡᠪᠡᠯᠢ ᠳᠠᠬᠢ ᠬᠤᠷᠠᠭᠠᠨ ᠤ ᠦᠰᠤᠯᠳᠡ ᠶᠢ ᠨᠦᠯᠤᠭᠡᠯᠡᠬᠦ ᠪᠠᠷ ᠪᠠᠷᠠᠬᠤ ᠦᠭᠡᠢ᠂ ᠰᠦᠨ ᠤ ᠪᠠᠭᠤᠯᠳᠠ ᠶᠢ ᠴᠤ ᠨᠦᠯᠤᠭᠡᠯᠡᠵᠤ᠂ ᠬᠤᠷᠠᠭᠠᠨ ᠤ ᠰᠢᠩᠭᠡᠭᠡᠯᠳᠡ ᠶᠢᠨ ᠰᠢᠰᠲ᠋ᠧᠮ ᠤᠨ ᠡᠮᠬᠢ ᠵᠠᠮᠪᠠᠷᠠᠭ᠎ᠠ ᠶᠢ ᠠᠯᠳᠠᠭᠤᠯᠳᠠᠭ ᠪᠠᠶᠢᠨ᠎ᠠ᠃ 2 ᠂ ᠡᠬᠡ ᠮᠠᠯ ᠪᠠ ᠨᠢᠯᠬ᠎ᠠ ᠬᠤᠷᠠᠭ᠎ᠠ ᠶᠢ ᠲᠡᠵᠢᠭᠡᠵᠤ ᠠᠷᠠᠴᠢᠯᠠᠬᠤ ᠲᠠᠯ᠎ᠠ ᠪᠠᠷ ᠴᠠᠭ᠂ ᠬᠡᠮᠵᠢᠶ᠎ᠡ᠂ ᠲᠤᠯᠠᠭᠠᠨ ᠵᠡᠷᠭᠡ ᠶᠢ ᠵᠤᠬᠢᠰᠳᠠᠢ ᠲᠤᠬᠢᠷᠠᠭᠤᠯᠬᠤ ᠦᠭᠡᠢ ᠪᠤᠯ ᠪᠠᠰᠠ ᠬᠤᠷᠠᠭᠠᠨ ᠤ ᠰᠢᠩᠭᠡᠭᠡᠯᠳᠡ ᠶᠢᠨ ᠴᠢᠳᠠᠪᠤᠷᠢ ᠶᠢ ᠲᠤᠷᠦ᠋ᠢᠳᠠᠭᠤᠯᠳᠠᠭ᠃      ᠬᠤᠶᠠᠷ᠂ ᠬᠤᠷᠠᠭᠠᠨ ᠤ ᠰᠢᠩᠭᠡᠭᠡᠯᠳᠡ ᠶᠢᠨ ᠴᠢᠳᠠᠪᠤᠷᠢ ᠲᠤᠷᠦ᠋ᠢᠳᠠᠭᠰᠠᠨ ᠤ ᠢᠯᠡᠷᠡᠯ᠄ 1᠂ ᠡ᠊ᠩ ᠤᠨ ᠴᠢᠨᠠᠷᠳᠠᠢ ᠰᠢᠩᠭᠡᠭᠡᠯᠳᠡ ᠶᠢᠨ ᠴᠢᠳᠠᠪᠤᠷᠢ ᠮᠠᠭᠤᠳᠠᠬᠤ᠃ ᠬᠤᠷᠠᠭᠠᠨ ᠤ ᠪᠠᠶ᠎ᠠ ᠶᠢᠨ ᠲᠤᠯᠠᠭᠠᠨ ᠪᠠᠭ᠎ᠠ ᠲᠤᠤᠷ᠎ᠠ ᠪᠤᠶᠤ ᠬᠡᠪ ᠤᠨ ᠪᠠᠶᠢᠳᠠᠯ ᠳᠤ ᠪᠠᠶᠢᠵᠤ᠂ ᠪᠠᠭ᠎ᠠ ᠬᠡᠮᠵᠢᠶ᠎ᠡ ᠪᠠᠷ ᠴᠢᠴᠠᠭ᠎ᠠ ᠠᠯᠳᠠᠬᠤ ᠦᠵᠡᠭᠳᠡᠯ ᠢᠯᠡᠷᠡᠵᠤ᠂ ᠪᠠᠭᠠᠰᠤᠨ ᠤ ᠦᠩᠭᠡ ᠨᠢ ᠬᠦᠷᠡᠩ ᠰᠢᠷ᠎ᠠ ᠠᠴᠠ ᠬᠦᠷᠡᠩ ᠨᠤᠭᠤᠭᠠᠨ ᠪᠤᠯᠵᠤ ᠬᠤᠪᠢᠷᠠᠨ᠎ᠠ᠃ ᠭᠡᠳᠡᠰᠤ ᠨᠢ ᠲᠤᠤᠭᠠᠷᠬᠤ᠂ ᠡᠪᠡᠳᠬᠦ ᠵᠡᠷᠭᠡ ᠢᠯᠡᠷᠡᠯ ᠡᠭᠦᠰᠴᠤ᠂ ᠰᠤᠳᠠᠯ ᠤᠨ ᠯᠤᠭᠰᠢᠯᠳᠠ ᠪᠠ ᠠᠮᠢᠰᠬᠤᠬᠤ ᠲᠤᠭ᠎ᠠ ᠦᠨᠳᠤᠷᠵᠢᠵᠤ᠂ ᠦᠰᠤ ᠨᠢ ᠪᠤᠷᠵᠠᠶᠢᠨ ᠬᠢᠯᠪᠠᠭ᠎ᠠ ᠪᠠᠨ ᠠᠯᠳᠠᠵᠤ᠂ ᠡᠪᠡᠳᠴᠢᠨ ᠨᠢ ᠬᠦᠨᠳᠤᠷᠡᠪᠡᠯ ᠪᠦᠬᠦ ᠪᠡᠶ᠎ᠡ ᠨᠢ ᠴᠡᠴᠡᠷᠡᠬᠦ ᠦᠵᠡᠭᠳᠡᠯ ᠢᠯᠡᠷᠡᠵᠤ᠂ ᠨᠢᠯᠬ᠎ᠠ ᠬᠤᠷᠠᠭ᠎ᠠ ᠵᠤᠭᠰᠤᠵᠤ ᠴᠢᠳᠠᠬᠤ ᠦᠭᠡᠢ ᠪᠤᠯᠳᠠᠭ᠃ 2᠂ ᠬᠤᠤᠷᠳᠠᠭᠳᠠᠭᠰᠠᠨ ᠴᠢᠨᠠᠷᠳᠠᠢ ᠰᠢᠩᠭᠡᠭᠡᠯᠳᠡ ᠶᠢᠨ ᠴᠢᠳᠠᠪᠤᠷᠢ ᠮᠠᠭᠤᠳᠠᠬᠤ᠃ ᠡᠪᠡᠳᠴᠢᠯᠡᠭᠰᠡᠨ ᠬᠤᠷᠠᠭ᠎ᠠ ᠴᠤᠭ ᠵᠢᠪᠬᠤᠭ᠎ᠠ ᠪᠠᠨ ᠠᠯᠳᠠᠨ᠂ ᠢᠳᠡᠰᠢᠨ ᠤ ᠲᠤᠷᠠᠰᠢᠯ ᠨᠢ ᠮᠠᠭᠤᠳᠠᠵᠤ᠂ ᠭᠠᠵᠠᠷ ᠲᠤ ᠬᠡᠪᠳᠡᠨ ᠲᠤᠯᠤᠭᠠᠢ ᠪᠠᠨ ᠠᠷᠤᠠᠰᠢ ᠲᠠᠳᠠᠬᠤ ᠦᠵᠡᠭᠳᠡᠯ ᠢᠯᠡᠷᠡᠳᠡᠭ᠃ ᠪᠡᠶ᠎ᠡ ᠶᠢᠨ ᠲᠤᠯᠠᠭᠠᠨ ᠨᠢ ᠦᠨᠳᠤᠷᠵᠢᠵᠤ᠂ ᠪᠦᠬᠦ ᠪᠡᠶ᠎ᠡ ᠨᠢ ᠴᠡᠴᠡᠷᠡᠬᠦ ᠪᠠ ᠬᠦᠵᠤᠭᠦᠤ ᠨᠢ ᠲᠠᠳᠠᠵᠤ᠂ ᠡᠪᠡᠳᠴᠢᠨ ᠨᠢ ᠬᠦᠨᠳᠤᠷᠡᠪᠡᠯ ᠪᠡᠶ᠎ᠡ ᠶᠢᠨ ᠲᠤᠯᠠᠭᠠᠨ ᠨᠢ ᠲᠦᠷᠭᠡᠨ ᠲᠤᠷᠤᠭᠰᠢᠯᠠᠵᠤ ᠮᠡᠳᠡᠭᠡ ᠠᠯᠳᠠᠨ ᠴᠢᠨᠠᠭᠰᠢᠯᠠᠪᠡᠯ ᠦᠬᠦᠳᠡᠭ ᠪᠠᠶᠢᠨ᠎ᠠ᠃      ᠭᠤᠷᠪᠠ᠂ ᠰᠡᠷᠭᠡᠶᠢᠯᠡᠨ ᠵᠠᠰᠠᠬᠤ᠃ 1᠂ ᠰᠡᠷᠭᠡᠶᠢᠯᠡᠬᠦ ᠠᠷᠭ᠎ᠠ᠄ ᠡᠬᠡ ᠮᠠᠯ ᠪᠠ ᠨᠢᠯᠬ᠎ᠠ ᠬᠤᠷᠠᠭᠠᠨ ᠤ ᠠᠷᠠᠴᠢᠯᠠᠵᠤ ᠲᠤᠳᠤᠮᠳᠠᠬᠤ ᠶᠢ ᠴᠢᠩᠭᠠᠳᠬᠠᠨ᠂ ᠡᠷᠡᠭᠦᠯ ᠬᠠᠮᠠᠭᠠᠯᠠᠯ ᠢ ᠠᠩᠬᠠᠷᠴᠤ᠂ ᠵᠢᠷᠤᠬᠡᠨ ᠲᠠᠮᠢᠷ ᠢ ᠨᠢ ᠲᠡᠭᠡᠭᠰᠢᠯᠡᠭᠦᠯᠤᠨ᠂ ᠪᠠᠺᠲ᠋ᠧᠷᠢ ᠶᠢ ᠤᠰᠠᠳᠬᠠᠵᠤ᠂ ᠬᠦᠴᠢᠯ ᠳᠤ ᠬᠤᠤᠷᠳᠠᠭᠳᠠᠬᠤ ᠠᠴᠠ ᠰᠡᠷᠭᠡᠶᠢᠯᠡᠬᠦ ᠬᠡᠷᠡᠭᠳᠠᠢ᠃ ᠡᠭᠡ ᠬᠤᠨᠢᠨ ᠳᠤ ᠡᠪᠡᠰᠤ ᠶᠢ ᠭᠦᠢᠴᠡᠳ ᠨᠦᠬᠦᠪᠤᠷᠢᠯᠡᠨ ᠦᠭᠴᠤ᠂ ᠬᠠᠭᠤᠷᠠᠢ ᠡᠪᠡᠰᠤ ᠪᠠ ᠬᠤᠯᠤᠤᠪᠠᠩ ᠢᠶᠠᠷ ᠲᠡᠵᠢᠭᠡᠪᠡᠯ ᠰᠠᠶᠢᠨ᠃      ᠲᠦᠷᠪᠠ᠂ ᠵᠠᠰᠠᠬᠤ ᠠᠷᠭ᠎ᠠ᠄ ᠬᠤᠨᠢ ᠪᠠᠨ ᠲᠤᠯᠠᠭᠠᠨ ᠪᠦᠭᠡᠳ ᠬᠠᠭᠤᠷᠠᠢ ᠬᠠᠰᠢᠶ᠎ᠠ ᠰᠠᠷᠠᠪᠴᠢᠨ ᠳᠤ ᠪᠠᠶᠢᠯᠭᠠᠵᠤ᠂ ᠴᠠᠬᠢᠯᠭᠠᠨ ᠵᠠᠳᠠᠯᠤᠭᠴᠢ ᠠᠭᠤᠰᠤᠮᠠᠯ ᠤᠨ ᠰᠢᠩᠭᠡᠨ ᠢ ᠤᠤᠭᠤᠯᠭᠠᠨ᠎ᠠ᠃ ᠨᠢᠯᠬ᠎ᠠ ᠬᠤᠷᠠᠭᠠᠨ ᠳᠤ ᠲᠤᠰᠤᠨ ᠤ ᠵᠦᠢᠯ ᠪᠤᠶᠤ ᠲᠠᠪᠤᠰᠤᠨ ᠤ ᠲᠦᠷᠤᠯ ᠤᠨ ᠤᠮᠳᠠᠭᠠᠨ ᠢ ᠤᠤᠭᠤᠯᠭᠠᠵᠤ᠂ ᠭᠡᠳᠠᠰᠤᠨ ᠳᠠᠬᠢ ᠦᠯᠡᠳᠡᠭᠳᠡᠯ ᠪᠤᠳᠠᠰ ᠢ ᠤᠭᠢᠶᠠᠨ᠂ ᠪᠠᠺᠲ᠋ᠧᠷᠢ ᠦᠷᠡᠵᠢᠬᠦ ᠠᠴᠠ ᠰᠡᠷᠭᠡᠶᠢᠯᠡᠨ᠎ᠡ᠃
ᠢᠷᠡᠯᠲᠡ᠄ ᠲᠤᠮᠲᠠᠲᠤ ᠤᠯᠤᠰ ᠤᠨ ᠮᠤᠩᠭᠤᠯ ᠬᠡᠯᠡᠨ ᠤ ᠰᠤᠨᠢᠨ ᠮᠡᠲᠡᠭᠡ ᠶᠢᠨ ᠰᠥᠯᠵᠢᠶ᠎ᠡ