ᠴᠢᠰᠤᠨ ᠳᠠᠷᠤᠯᠳᠠ ᠦᠨᠳᠦᠷ ᠬᠦᠮᠦᠰ ᠲᠤ ᠳᠤᠬᠢᠷᠠᠬᠤ 6 ᠢᠳᠡᠰᠢᠨ ᠨᠤᠭᠤᠭ᠎ᠠ
ᠨᠡᠶᠢᠲᠡᠯᠡᠭᠰᠡᠨ ᠴᠠᠭ᠄
2021/1/5
              ᠴᠢᠰᠤᠨ ᠳᠠᠷᠤᠯᠳᠠ ᠦᠨᠳᠦᠷ ᠬᠦᠮᠦᠰ ᠲᠤ ᠳᠤᠬᠢᠷᠠᠬᠤ 6 ᠢᠳᠡᠰᠢᠨ ᠨᠤᠭᠤᠭ᠎ᠠ      ᠵᠤᠨ ᠪᠤᠯᠪᠠᠯ ᠬᠦᠮᠦᠨ ᠤ ᠬᠦᠳᠡᠯᠭᠡᠭᠡᠨ ᠶᠡᠬᠡᠰᠳᠡᠭ᠂ ᠳᠡᠭᠷᠢ ᠬᠠᠯᠠᠭᠤᠨ ᠪᠤᠯᠬᠤᠷ ᠬᠦᠯᠦᠰᠦ ᠶᠡᠭᠡ ᠭᠠᠷᠤᠨ᠎ᠠ᠂ ᠴᠢᠰᠦᠨ ᠳᠠᠷᠤᠯᠳᠠ ᠶᠢᠨ ᠬᠡᠯᠪᠡᠯᠵᠡᠯᠳᠡ ᠴᠤ ᠶᠡᠭᠡ ᠪᠠᠶᠢᠳᠠᠭ᠃ ᠴᠢᠰᠦᠨ ᠳᠠᠷᠤᠯᠳᠠ ᠦᠨᠳᠦᠷ ᠬᠦᠮᠦᠰ ᠲᠤ ᠠᠪᠴᠤ ᠬᠡᠯᠡᠪᠡᠯ᠂ ᠬᠠᠯᠠᠭᠤᠨ ᠤ ᠴᠠᠭ ᠭᠡᠳᠡᠭ ᠭᠡᠴᠡᠭᠦᠦ᠂ ᠳᠤᠯᠤᠭᠠᠢ ᠳᠦᠨᠡᠷᠡᠬᠦ᠂ ᠴᠡᠭᠡᠵᠢ ᠪᠢᠳᠡᠭᠦᠷᠡᠬᠦ᠂ ᠵᠢᠷᠦᠭᠡ ᠳᠦᠭᠰᠢᠬᠦ ᠵᠡᠷᠭᠡ ᠡᠪ ᠦᠭᠡᠢ ᠪᠠᠶᠢᠳᠠᠯ ᠭᠠᠷᠤᠨ᠎ᠠ᠃ ᠵᠤᠨ ᠤ ᠤᠯᠠᠷᠢᠯ ᠪᠤᠯ ᠴᠢᠰᠦᠨ ᠳᠠᠷᠤᠯᠳᠠ ᠦᠨᠳᠦᠷ ᠡᠪᠡᠳᠴᠢᠳᠠᠨ ᠤ ᠳᠠᠷᠢᠬᠢ ᠵᠢᠷᠦᠭᠡᠨ ᠴᠢᠰᠦᠨ ᠰᠤᠳᠠᠯ ᠤᠨ ᠡᠪᠡᠳᠴᠢᠨ ᠳᠤ ᠨᠡᠷᠪᠡᠭᠳᠡᠳᠡᠭ ᠭᠡᠴᠡᠭᠦᠦ ᠤᠯᠠᠷᠢᠯ ᠪᠤᠯᠤᠨ᠎ᠠ᠂ ᠳᠡᠶᠢᠮᠤ ᠠᠴᠠ ᠤᠨᠴᠠᠭᠠᠢ ᠬᠢᠴᠢᠶᠡᠬᠦ ᠭᠡᠷᠡᠭᠳᠡᠢ᠂ ᠡᠭᠦᠨ ᠳᠤ ᠡᠳᠦᠷ ᠳᠤᠳᠤᠮ ᠤᠨ ᠢᠳᠡᠭᠡᠨ ᠤᠮᠳᠠᠭᠠᠨ ᠤ ᠳᠠᠯ᠎ᠠ ᠪᠠᠷ ᠠᠩᠬᠠᠷᠬᠤ ᠨᠢ ᠨᠢᠭᠡ ᠳᠠᠯ᠎ᠠ ᠪᠤᠯᠳᠠᠭ᠃      ᠭᠠᠰᠢᠭᠤᠨ ᠭᠡᠮᠭᠡ — ᠰᠡᠷᠢᠭᠦᠨ ᠴᠢᠨᠠᠷ ᠲᠠᠢ᠂ ᠭᠠᠰᠢᠭᠤᠨ ᠠᠮᠳᠠ ᠲᠠᠢ᠂ ᠬᠠᠯᠠᠭᠤᠨ ᠪᠠ ᠬᠡᠢ ᠶᠢ ᠳᠠᠷᠤᠬᠤ ᠦᠢᠯᠡᠳᠦᠯ ᠲᠠᠢ ᠠᠴᠠ ᠭᠠᠳᠠᠨ᠎ᠠ᠂ ᠳᠡᠭᠦᠨ ᠳᠤ ᠠᠭᠤᠯᠤᠭᠳᠠᠳᠠᠭ ᠭᠠᠰᠢᠭᠤᠨ ᠬᠡᠮᠬᠡ ᠶᠢᠨ ᠠᠨᠳᠤᠤ ᠶᠢᠨ ᠡᠪᠦᠴᠡᠯ ᠰᠢᠬᠢᠷ ᠨᠢ ᠨᠦᠢᠷ ᠤᠨ ᠠᠷᠠᠯ ᠤᠨ ᠡᠳ᠋ ᠲᠠᠢ ᠠᠳᠠᠯᠢᠪᠳᠤᠷ ᠦᠢᠯᠡᠳᠦᠯ ᠲᠠᠢ ᠪᠠᠶᠢᠵᠤ᠂ ᠨᠦᠢᠷ ᠤᠨ ᠠᠷᠠᠯ ᠤᠨ ᠡᠳ᠋ ᠤᠨ ᠡᠰᠡᠷᠭᠦᠴᠡᠯ ᠢ ᠪᠠᠭᠠᠰᠬᠠᠨ᠂ ᠭᠯᠢᠼᠧᠷᠢᠨ ᠤ ᠭᠤᠷᠪᠠᠨ ᠡᠰᠲ᠋ᠧᠷ ᠪᠠ ᠳᠤᠤᠷ᠎ᠠ ᠨᠢᠬᠳᠠᠴᠠᠳᠤ ᠦᠭᠡᠬᠦᠨ ᠤ ᠤᠭᠤᠷᠠᠭᠳᠤ ᠰᠦᠰᠦᠨ ᠤ ᠭᠤᠨᠠᠨ ᠠᠯᠺᠤᠤᠯ ᠤᠨ ᠦᠳᠭᠡᠴᠡ ᠶᠢ ᠪᠠᠭᠤᠷᠠᠭᠤᠯᠵᠤ᠂ ᠯᠤᠬᠰᠢᠭᠤᠨ ᠰᠤᠳᠠᠯ ᠤᠨ ᠬᠠᠳᠠᠭᠤᠷᠠᠯ ᠢ ᠬᠤᠷᠢᠬᠯᠠᠳᠠᠭ ᠪᠤᠯᠬᠤᠷ ᠴᠢᠰᠦᠨ ᠳᠠᠷᠤᠯᠳᠠ ᠦᠨᠳᠦᠷᠵᠢᠬᠦ ᠶᠢ ᠬᠤᠷᠢᠬᠯᠠᠬᠤ ᠦᠢᠯᠡᠳᠦᠯ ᠲᠠᠢ ᠪᠠᠶᠢᠳᠠᠭ      ᠯᠢᠩᠬᠸ᠎ᠠ ᠶᠢᠨ ᠦᠷ᠎ᠡ — ᠠᠮᠳᠠ ᠨᠢ ᠭᠠᠰᠢᠭᠤᠨ᠂ ᠵᠤᠨ ᠴᠠᠭ ᠯᠢᠩᠬᠸ᠎ᠠ ᠶᠢᠨ ᠦᠷ᠎ᠡ ᠶᠢ ᠴᠢᠢᠯᠡᠵᠦ ᠤᠤᠭᠤᠬᠤ ᠪᠤᠶᠤ ᠰᠢᠩᠭᠡᠨ ᠪᠤᠳᠠᠭ᠎ᠠ ᠱᠦᠯᠦ ᠬᠢᠵᠦ ᠤᠤᠭᠤᠪᠠᠯ ᠰᠡᠳᠭᠢᠯ ᠢ ᠳᠤᠭᠳᠠᠪᠤᠷᠢᠵᠢᠭᠤᠯᠵᠤ ᠵᠢᠷᠦᠭᠡ ᠶᠢ ᠠᠮᠤᠷᠯᠢᠭᠤᠯᠳᠠᠭ᠂ ᠪᠠᠰᠠ ᠬᠠᠯᠠᠭᠤᠨ ᠢ ᠳᠠᠭᠤᠳᠠᠭ᠃ ᠯᠢᠩᠬᠸ᠎ᠠ ᠶᠢᠨ ᠦᠷ᠎ᠡ ᠳᠤ ᠠᠭᠤᠯᠤᠭᠳᠠᠳᠠᠭ ᠳᠦᠪ ᠬᠤᠯᠪᠤᠯᠳᠤ ᠱᠦᠯᠳᠤ ᠨᠢ ᠬᠦᠮᠦᠨ ᠤ ᠪᠡᠶ᠎ᠡ ᠳᠤᠳᠤᠷ᠎ᠠ ᠬᠤᠪᠢᠷᠠᠯ ᠭᠠᠷᠴᠤ ᠴᠢᠰᠦᠨ ᠳᠠᠷᠤᠯᠳᠠ ᠶᠢ ᠪᠠᠭᠤᠷᠠᠭᠤᠯᠬᠤ ᠦᠢᠯᠡᠳᠦᠯ ᠦᠵᠡᠭᠦᠯᠦᠨ᠂ ᠴᠢᠰᠦᠨ ᠳᠠᠷᠤᠯᠳᠠ ᠦᠨᠳᠦᠷ ᠡᠪᠡᠳᠴᠢᠳᠠᠨ ᠵᠤᠬᠢᠬᠤ ᠬᠡᠮᠵᠢᠶ᠎ᠡ ᠪᠠᠷ ᠢᠳᠡᠪᠡᠯ ᠵᠢᠷᠦᠭᠡᠨ ᠪᠤᠯᠴᠢᠩ ᠤᠨ ᠠᠪᠴᠢᠯᠳᠠ ᠶᠢ ᠰᠠᠶᠢᠵᠢᠷᠠᠭᠤᠯᠬᠤ᠂ ᠵᠢᠷᠦᠭᠡᠨ ᠴᠤᠬᠢᠯᠠᠭ᠎ᠠ ᠶᠢ ᠳᠤᠭᠳᠠᠪᠤᠷᠢᠵᠢᠭᠤᠯᠬᠤ ᠳᠤ ᠳᠤᠰᠠᠳᠠᠢ ᠪᠠᠶᠢᠳᠠᠭ᠃      ᠡᠷᠳᠡᠨᠢ ᠰᠢᠰᠢ — ᠠᠮᠳᠠ ᠨᠢ ᠰᠢᠬᠢᠷᠯᠢᠭ᠂ ᠴᠢᠨᠠᠷ ᠨᠢ ᠳᠡᠭᠰᠢ᠂ ᠴᠢᠬᠢᠭ ᠪᠤᠯᠠᠩᠭᠢᠷ ᠢ ᠠᠷᠢᠯᠭᠠᠬᠤ ᠵᠡᠷᠭᠡ ᠦᠢᠯᠡᠳᠦᠯ ᠲᠠᠢ᠃ ᠡᠷᠳᠡᠨᠢ ᠰᠢᠰᠢ ᠳᠤ ᠠᠭᠤᠯᠤᠭᠳᠠᠳᠠᠭ ᠳᠤᠤᠷ᠎ᠠ ᠪᠦᠭᠡᠮᠨᠡᠷᠡᠯᠳᠦ ᠫᠧᠫᠲ᠋ᠢᠳ᠋ ᠨᠢ ᠴᠢᠰᠦᠨ ᠳᠠᠷᠤᠯᠳᠠ ᠶᠢ ᠪᠠᠭᠤᠷᠠᠭᠤᠯᠬᠤ ᠦᠢᠯᠡᠳᠦᠯ ᠲᠠᠢ᠃ ᠬᠤᠭᠤᠯᠠ ᠬᠢᠬᠦ ᠳᠡᠭᠡᠨ ᠡᠷᠳᠡᠨᠢ ᠰᠢᠰᠢ ᠶᠢᠨ ᠳᠤᠰᠤ ᠭᠡᠷᠡᠭᠯᠡᠪᠡᠯ ᠴᠢᠰᠦᠨ ᠳᠤᠳᠤᠷᠠᠬᠢ ᠳᠤᠤᠷ᠎ᠠ ᠨᠢᠬᠳᠠᠴᠠᠳᠤ ᠦᠭᠡᠬᠦᠨ ᠤ ᠤᠭᠤᠷᠠᠭᠳᠤ ᠰᠦᠰᠦᠨ ᠤ ᠭᠤᠨᠠᠨ ᠠᠯᠺᠤᠤᠯ ᠤᠨ ᠦᠳᠭᠡᠴᠡ ᠶᠢ ᠪᠠᠭᠤᠷᠠᠭᠤᠯᠬᠤ ᠦᠢᠯᠡᠳᠦᠯ ᠦᠵᠡᠭᠦᠯᠦᠨ᠎ᠠ᠃      ᠴᠤᠭᠤᠷ ᠨᠤᠭᠤᠭ᠎ᠠ — ᠭᠠᠰᠢᠭᠤᠨ ᠰᠢᠬᠢᠷᠯᠢᠭ ᠠᠮᠳᠠ ᠲᠠᠢ᠂ ᠰᠡᠷᠢᠭᠦᠨ ᠴᠢᠨᠠᠷᠳᠠᠢ᠂ ᠰᠡᠳᠭᠢᠯ ᠢ ᠳᠤᠭᠳᠠᠪᠤᠷᠢᠵᠢᠭᠤᠯᠬᠤ᠂ ᠬᠠᠪᠤᠳᠠᠷ ᠢ ᠬᠠᠷᠢᠭᠤᠯᠬᠤ᠂ ᠡᠯᠢᠭᠡ ᠶᠢ ᠳᠡᠭᠰᠢᠯᠡᠵᠦ ᠬᠠᠯᠠᠭᠤᠨ ᠢ ᠳᠠᠭᠤᠬᠤ᠂ ᠴᠢᠰᠦᠨ ᠤ ᠬᠠᠯᠠᠭᠤᠨ ᠢ ᠳᠠᠷᠤᠵᠤ ᠴᠢᠰᠦ ᠵᠤᠬᠰᠤᠭᠠᠬᠤ᠂ ᠬᠠᠳᠠᠭᠰᠠᠨ ᠢ ᠵᠦᠭᠡᠯᠡᠷᠡᠭᠦᠯᠵᠦ ᠴᠢᠭᠢᠭ ᠢ ᠨᠦᠬᠦᠬᠦ᠂ ᠬᠤᠳᠤᠭᠤᠳᠤ ᠶᠢ ᠳᠡᠮᠢᠷᠵᠢᠭᠤᠯᠵᠤ ᠴᠢᠰᠦ ᠶᠢ ᠳᠦᠯᠵᠢᠭᠦᠯᠬᠦ᠂ ᠭᠡᠳᠡᠰᠦ ᠶᠢ ᠴᠡᠪᠡᠷᠯᠡᠵᠦ ᠬᠤᠷᠭᠤᠰᠤ ᠶᠢ ᠰᠢᠯᠤᠭᠤᠳᠬᠠᠬᠤ᠂ ᠠᠮᠢᠰᠬᠤᠯ ᠢ ᠠᠭᠤᠵᠢᠷᠠᠭᠤᠯᠵᠤ ᠬᠠᠨᠢᠶᠠᠳᠤ ᠶᠢ ᠳᠠᠷᠤᠬᠤ᠂ ᠬᠤᠤᠷ᠎ᠠ ᠶᠢ ᠳᠠᠶᠢᠯᠵᠤ ᠠᠭᠤᠰᠬᠢ ᠶᠢ ᠠᠭᠤᠵᠢᠷᠠᠭᠤᠯᠬᠤ ᠦᠢᠯᠡᠳᠦᠯ ᠲᠠᠢ᠃ ᠦᠷᠭᠡᠰᠦᠳᠦ ᠨᠤᠭᠤᠭ᠎ᠠ ᠳᠤ ᠠᠭᠤᠯᠤᠭᠳᠠᠳᠠᠭ ᠦᠷᠭᠡᠰᠦᠳᠦ ᠨᠤᠭᠤᠭ᠎ᠠ ᠶᠢᠨ ᠡᠳ᠋ ᠨᠢ ᠵᠠᠬ᠎ᠠ ᠶᠢᠨ ᠴᠢᠰᠦᠨ ᠰᠤᠳᠠᠯ ᠢ ᠳᠡᠯᠡᠵᠦ᠂ ᠴᠢᠰᠦᠨ ᠤᠷᠤᠰᠬᠠᠯ ᠳᠤ ᠤᠴᠠᠷᠠᠵᠤ ᠮᠡᠳᠡᠬᠦ ᠰᠠᠭᠠᠳᠠᠯ ᠢ ᠪᠠᠭᠠᠰᠬᠠᠨ ᠴᠢᠰᠦᠨ ᠳᠠᠷᠤᠯᠳᠠ ᠶᠢ ᠪᠠᠭᠤᠷᠠᠭᠤᠯᠬᠤ ᠦᠢᠯᠡᠳᠦᠯ ᠭᠠᠷᠭᠠᠳᠠᠭ᠃      ᠬᠠᠷ᠎ᠠ ᠳᠡᠯᠳᠡᠦ — ᠬᠠᠷ᠎ᠠ ᠳᠡᠯᠳᠡᠦ ᠳᠤ ᠰᠢᠭᠤᠳ ᠴᠢᠰᠦᠨ ᠳᠠᠷᠤᠯᠳᠠ ᠶᠢ ᠪᠠᠭᠤᠷᠠᠭᠤᠯᠬᠤ ᠦᠢᠯᠡᠳᠦᠯ ᠦᠭᠡᠢ᠂ ᠬᠠᠷᠢᠨ ᠴᠢᠰᠦᠨ ᠰᠤᠳᠠᠯ ᠢ ᠰᠠᠶᠢᠵᠢᠷᠠᠭᠤᠯᠬᠤ ᠪᠠᠷ ᠳᠠᠮᠵᠢᠨ ᠴᠢᠰᠦᠨ ᠳᠠᠷᠤᠯᠳᠠ ᠶᠢ ᠪᠠᠭᠤᠷᠠᠭᠤᠯᠬᠤ ᠳᠤ ᠦᠢᠯᠡᠴᠢᠯᠡᠵᠦ ᠪᠠᠶᠢᠳᠠᠭ᠃ ᠵᠤᠨ ᠤ ᠬᠠᠯᠠᠭᠤᠨ ᠳᠤ ᠴᠢᠰᠦᠨ ᠳᠠᠷᠤᠯᠳᠠ ᠦᠨᠳᠦᠷ ᠬᠦᠮᠦᠰ ᠬᠠᠷ᠎ᠠ ᠳᠡᠯᠳᠡᠦ ᠦᠷᠭᠦᠯᠵᠢ ᠢᠳᠡᠵᠦ ᠪᠠᠶᠢᠪᠠᠯ ᠴᠢᠰᠦᠨ ᠰᠤᠳᠠᠯ ᠢ ᠴᠡᠪᠡᠷᠯᠡᠵᠤ᠂ ᠡᠷᠡᠭᠦᠯ ᠮᠡᠨᠳᠦ ᠳᠤ ᠳᠤᠰᠠᠳᠠᠢ ᠪᠠᠶᠢᠳᠠᠭ᠃      ᠨᠤᠭᠤᠭᠠᠨ ᠪᠤᠷᠴᠠᠭ — ᠬᠠᠪᠤᠳᠠᠷ ᠢ ᠬᠠᠷᠢᠭᠤᠯᠵᠤ ᠬᠡᠢ ᠶᠢ ᠨᠡᠪᠳᠡᠷᠡᠭᠦᠯᠬᠦ᠂ ᠬᠠᠯᠠᠭᠤᠨ ᠢ ᠳᠠᠷᠤᠵᠤ ᠬᠤᠤᠷ᠎ᠠ ᠶᠢ ᠳᠠᠶᠢᠯᠬᠤ ᠦᠢᠯᠡᠳᠦᠯ ᠲᠠᠢ᠃ ᠵᠤᠨ ᠤ ᠤᠯᠠᠷᠢᠯ ᠳᠤ ᠦᠷᠭᠦᠯᠵᠢ ᠢᠳᠡᠪᠡᠯ ᠬᠡᠢ ᠶᠢ ᠳᠡᠭᠰᠢᠯᠡᠵᠦ᠂ ᠳᠠᠪᠤᠨ ᠴᠤᠯᠤ ᠶᠢ ᠵᠤᠬᠢᠴᠠᠭᠤᠯᠳᠠᠭ᠃ ᠨᠤᠭᠤᠭᠠᠨ ᠪᠤᠷᠴᠠᠭ ᠨᠢ ᠪᠠᠰᠠ ᠴᠢᠰᠦᠨ ᠳᠠᠷᠤᠯᠳᠠ ᠦᠨᠳᠦᠷ ᠡᠪᠡᠳᠴᠢᠨ ᠤ ᠪᠠᠶᠢᠳᠠᠯ ᠢ ᠨᠠᠮᠳᠠᠭᠤᠯᠬᠤ᠂ ᠴᠢᠰᠦᠨ ᠤ ᠦᠭᠡᠬᠦ ᠦᠨᠳᠦᠷᠵᠢᠬᠦ ᠶᠢ ᠬᠤᠷᠢᠬᠯᠠᠬᠤ ᠦᠢᠯᠡᠳᠦᠯ ᠲᠠᠢ᠃
ᠢᠷᠡᠯᠲᠡ᠄ ᠲᠤᠮᠲᠠᠲᠤ ᠤᠯᠤᠰ ᠤᠨ ᠮᠤᠩᠭᠤᠯ ᠬᠡᠯᠡᠨ ᠤ ᠰᠤᠨᠢᠨ ᠮᠡᠲᠡᠭᠡ ᠶᠢᠨ ᠰᠥᠯᠵᠢᠶ᠎ᠡ