ᠰᠢᠬᠢᠷ ᠬᠡᠲᠦ ᠤᠯᠠᠨ ᠢᠲᠡᠬᠦ ᠨᠢ ᠰᠡᠳᠬᠢᠯ ᠤᠨ ᠲᠠᠷᠤᠯᠲᠠ ᠶᠢ ᠤᠯᠠᠮ ᠨᠡᠮᠡᠭᠲᠡᠬᠦᠯᠬᠦ ᠪᠤᠯᠤᠨ᠎ᠠ ᠭᠡᠵᠦ ᠰᠤᠲᠤᠯᠭᠠᠨ ᠨᠤᠲᠠᠯᠠᠪᠠ
ᠨᠡᠶᠢᠲᠡᠯᠡᠭᠰᠡᠨ ᠴᠠᠭ᠄
2021/10/28
     ᠰᠢᠨᠬᠤᠧᠠ ᠬᠤᠷᠢᠶ᠎ᠠ ᠪᠡᠭᠡᠵᠢᠩ ᠤᠨ 12 ᠰᠠᠷ᠎ᠠ ᠶᠢᠨ 15 ᠤ ᠡᠲᠦᠷ ᠤᠨ ᠴᠠᠬᠢᠯᠭᠠᠨ ᠮᠡᠲᠡᠭᠡ ᠠᠮᠧᠷᠢᠺᠠ ᠶᠢᠨ ᠺᠠᠨᠰᠠᠰ ᠶᠡᠭᠡ ᠰᠤᠷᠭᠠᠭᠤᠯᠢ ᠶᠢᠨ ᠤᠶᠢᠷ᠎ᠠ ᠳᠤ ᠨᠡᠶᠢᠲᠡᠯᠡᠭᠰᠡᠨ ᠨᠢᠭᠡ ᠰᠤᠲᠤᠯᠭᠠᠨ ᠳᠤ ᠨᠤᠲᠠᠯᠠᠭᠰᠠᠨ ᠢᠶᠠᠷ ᠰᠢᠬᠢᠷ ᠬᠡᠲᠦ ᠤᠯᠠᠨ ᠢᠲᠡᠬᠦ ᠨᠢ ᠰᠡᠳᠬᠢᠯ ᠤᠨ ᠲᠠᠷᠤᠯᠲᠠ ᠶᠢ ᠤᠯᠠᠮ ᠨᠡᠮᠡᠭᠲᠡᠬᠦᠯᠬᠦ ᠪᠤᠯᠤᠨ᠎ᠠ ᠭᠡᠵᠡᠢ᠃ ᠺᠠᠨᠰᠠᠰ ᠶᠡᠭᠡ ᠰᠤᠷᠭᠠᠭᠤᠯᠢ ᠶᠢᠨ ᠰᠤᠲᠤᠯᠭᠠᠲᠠᠨ ᠠᠴᠠ ᠨᠡᠶᠢᠲᠡᠯᠡᠭᠰᠡᠨ ᠰᠤᠨᠢᠨ ᠮᠡᠲᠡᠭᠡᠨ ᠤ ᠡᠬᠡ ᠪᠢᠴᠢᠭ ᠲᠡᠭᠡᠨ᠂ ᠡᠪᠦᠯ ᠤᠨ ᠤᠯᠠᠷᠢᠯ ᠪᠤᠯ ᠰᠡᠳᠬᠢᠯ ᠤᠨ ᠬᠢᠮᠤᠷᠠᠯ ᠠᠮᠠᠷᠬᠠᠨ ᠬᠦᠲᠡᠯᠬᠦ ᠴᠠᠭ ᠪᠤᠯᠬᠤ ᠶᠤᠮ᠃ ᠡᠪᠦᠯ ᠤᠨ ᠤᠯᠠᠷᠢᠯ ᠳᠤ ᠨᠠᠷᠠᠨ ᠤ ᠲᠤᠰᠤᠯᠲᠠ ᠪᠠᠭᠠᠰᠤᠭᠰᠠᠨ ᠠᠴᠠ ᠪᠤᠯᠵᠤ ᠬᠦᠮᠦᠰ ᠤᠨ ᠡᠲᠦᠷ ᠰᠦᠨᠢ ᠶᠢᠨ ᠠᠶᠢᠵᠠᠮ ᠢ ᠰᠠᠮᠠᠭᠤᠷᠠᠭᠤᠯᠤᠨ ᠤᠨᠲᠠᠯᠭ᠎ᠠ ᠶᠢ ᠨᠦᠯᠦᠭᠡᠯᠡᠲᠡᠭ᠃ ᠰᠡᠳᠬᠢᠯ ᠤᠨ ᠬᠢᠮᠤᠷᠠᠯ ᠲᠠᠢ ᠬᠦᠮᠦᠨ ᠰᠢᠬᠢᠷᠯᠢᠭ ᠢᠲᠡᠭᠡᠨ ᠢᠲᠡᠬᠦ ᠨᠢ ᠤᠬᠤᠷᠬᠠᠨ ᠬᠤᠭᠤᠴᠠᠭᠠᠨ ᠳᠤ ᠤᠷᠮ᠎ᠠ ᠰᠡᠳᠬᠢᠯ ᠢ ᠨᠢ ᠬᠤᠪᠢᠷᠠᠭᠤᠯᠬᠤ ᠪᠤᠯᠪᠠᠴᠤ ᠤᠷᠲᠤ ᠬᠤᠭᠤᠴᠠᠭᠠᠨ ᠳᠤ ᠰᠡᠳᠬᠢᠴᠡ ᠶᠢᠨ ᠡᠷᠡᠬᠦᠯ ᠮᠡᠨᠳᠦ ᠳᠤ ᠰᠦᠷᠬᠦ ᠨᠦᠯᠦᠭᠡ ᠪᠤᠯᠲᠠᠭ ᠭᠡᠵᠡᠢ᠃ ᠤᠶᠢᠷ᠎ᠠ ᠳᠤ ᠰᠤᠲᠤᠯᠭᠠᠲᠠᠳ ᠠᠴᠠ ᠠᠩᠭ᠍ᠯᠢ ᠶᠢᠨ ︽ᠡᠮᠨᠡᠯᠭᠡ ᠶᠢᠨ ᠤᠬᠠᠭᠠᠨ ᠤ ᠲᠠᠭᠠᠮᠠᠭ︾ ᠰᠡᠳᠬᠦᠯ ᠳᠤ ᠬᠤᠯᠪᠤᠭᠲᠠᠯ ᠪᠦᠬᠦᠢ ᠦᠬᠦᠯᠡᠯ ᠨᠡᠶᠢᠲᠡᠯᠡᠪᠡ᠃ ᠲᠡᠲᠡᠨᠦᠰ ᠰᠢᠬᠢᠷ ᠢᠲᠡᠭᠰᠡᠨ ᠠᠴᠠ ᠪᠤᠯᠵᠤ ᠪᠢᠤᠯᠤᠬᠢ ᠪᠤᠯᠤᠨ ᠰᠡᠳᠬᠢᠴᠡ ᠳᠤ ᠦᠵᠡᠬᠦᠯᠬᠦ ᠨᠦᠯᠦᠭᠡᠨ ᠤ ᠲᠤᠬᠠᠢ ᠵᠠᠲᠠᠯᠤᠨ ᠰᠢᠨᠵᠢᠯᠡᠵᠦ᠂ ᠬᠡᠲᠦ ᠤᠯᠠᠨ ᠢᠲᠡᠭᠰᠡᠨ ᠠᠴᠠ ᠪᠤᠯᠵᠤ ᠠᠮᠠᠷᠬᠠᠨ ᠡᠪᠡᠳᠴᠢᠨ ᠢᠯᠡᠷᠡᠨ᠂ ᠡᠪᠡᠳᠴᠢᠨ ᠲᠠᠢ ᠬᠤᠯᠪᠤᠭ᠎ᠠ ᠲᠠᠢ ᠵᠠᠷᠢᠮ ᠬᠤᠷᠮᠤᠨ ᠨᠢ ᠶᠡᠭᠡ ᠲᠠᠷᠢᠬᠢ ᠶᠢ ᠬᠢᠮᠤᠷᠠᠯ ᠲᠠᠢ ᠪᠠᠶᠢᠲᠠᠯ ᠳᠤ ᠤᠷᠤᠭᠤᠯᠲᠠᠭ ᠭᠡᠵᠤ ᠵᠠᠲᠠᠯᠤᠨ ᠰᠢᠨᠵᠢᠯᠡᠪᠡ᠃
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ