ᠲᠤᠰᠬᠠᠢ ᠮᠡᠷᠭᠡᠵᠢᠯᠲᠡᠨ ᠄ ᠤᠶᠢᠷ᠎ᠠ ᠬᠠᠷᠠᠭ᠎ᠠ ᠲᠠᠢ ᠬᠡᠦᠬᠡᠳ ᠨᠢᠲᠦᠨ ᠰᠢᠯ ᠵᠡᠬᠦᠬᠦ ᠪᠠᠨ ᠲᠦᠷᠢᠮᠵᠢᠬᠦᠯᠵᠦ ᠲᠤᠭᠲᠠᠭᠰᠠᠨ ᠬᠤᠭᠤᠴᠠᠭ᠎ᠠ ᠲᠠᠢ ᠪᠠᠶᠢᠴᠠᠭᠠᠯᠭᠠᠬᠤ ᠬᠡᠷᠡᠭᠲᠡᠢ
ᠨᠡᠶᠢᠲᠡᠯᠡᠭᠰᠡᠨ ᠴᠠᠭ᠄
2021/10/28
     ᠰᠢᠨᠬᠤᠧᠠ ᠬᠤᠷᠢᠶ᠎ᠠ ᠪᠡᠭᠡᠵᠢᠩ ᠤᠨ 12 ᠰᠠᠷ᠎ᠠ ᠶᠢᠨ 4 ᠤ ᠡᠲᠦᠷ ᠤᠨ ᠴᠠᠬᠢᠯᠭᠠᠨ ᠮᠡᠲᠡᠭᠡ ︵ᠰᠤᠷᠪᠤᠯᠵᠢᠯᠠᠭᠴᠢ ᠸᠠᠩ ᠪᠢᠩ ᠶᠠᠩ︶ ᠤᠲᠤᠬᠠᠨ ᠳᠤ ᠮᠠᠨ ᠤ ᠤᠯᠤᠰ ᠤᠨ ᠤᠶᠢᠷ᠎ᠠ ᠬᠠᠷᠠᠭ᠎ᠠ ᠲᠠᠢ ᠬᠡᠦᠬᠡᠳ ᠤᠯᠠᠨ ᠪᠤᠯᠵᠤ ᠪᠠᠶᠢᠬᠤ ᠪᠠᠶᠢᠲᠠᠯ ᠲᠠᠢ᠃ ᠤᠯᠤᠰ ᠤᠨ ᠡᠷᠡᠬᠦᠯ ᠮᠡᠨᠲᠦ ᠡᠷᠡᠬᠦᠯ ᠬᠠᠮᠠᠭᠠᠯᠠᠯ ᠤᠨ ᠵᠦᠪᠯᠡᠯ ᠤᠨ ᠨᠡᠶᠢᠲᠡᠯᠡᠭᠰᠡᠨ 2018 ᠤᠨ ᠤ ᠪᠦᠬᠦ ᠤᠯᠤᠰ ᠤᠨ ᠬᠡᠦᠬᠡᠳ ᠪᠠᠭᠠᠴᠤᠳ ᠤᠨ ᠤᠶᠢᠷ᠎ᠠ ᠬᠠᠷᠠᠭᠠᠨ ᠤ ᠲᠤᠬᠠᠢ ᠪᠠᠶᠢᠴᠠᠭᠠᠯᠲᠠ ᠠᠴᠠ ᠦᠵᠡᠪᠡᠯ ᠮᠠᠨ ᠤ ᠤᠯᠤᠰ ᠤᠨ ᠬᠡᠦᠬᠡᠳ ᠪᠠᠭᠠᠴᠤᠳ ᠤᠨ ᠤᠶᠢᠷ᠎ᠠ ᠬᠠᠷᠠᠭ᠎ᠠ ᠲᠠᠢ ᠪᠠᠶᠢᠬᠤ ᠨᠢ ᠶᠡᠷᠦᠩᠬᠡᠢ ᠳᠡᠭᠡᠨ 53. 6% ᠶᠢ ᠡᠵᠡᠯᠡᠵᠦ ᠪᠤᠢ᠃ ᠲᠤᠰᠬᠠᠢ ᠮᠡᠷᠭᠡᠵᠢᠯᠲᠡᠨ ᠠᠴᠠ᠂ ᠬᠡᠦᠬᠡᠳ ᠪᠠᠭᠠᠴᠤᠳ ᠬᠠᠷᠠᠭᠠᠨ ᠤ ᠬᠡᠪ ᠤᠨ ᠪᠤᠰᠤ ᠠᠵᠢᠯᠯᠠᠭ᠎ᠠ ᠪᠠᠨ ᠠᠩᠬᠠᠷᠤᠨ ᠦᠵᠡᠵᠦ᠂ ᠨᠢᠲᠦᠨ ᠰᠢᠯ ᠵᠡᠬᠦᠬᠦ ᠪᠠᠨ ᠲᠦᠷᠢᠮᠵᠢᠬᠦᠯᠬᠦ ᠶᠢᠨ ᠬᠠᠮᠲᠤ ᠲᠤᠭᠲᠠᠭᠰᠠᠨ ᠬᠤᠭᠤᠴᠠᠭᠠᠨ ᠳᠤ ᠪᠠᠶᠢᠴᠠᠭᠠᠬᠤ ᠬᠡᠷᠡᠭᠲᠡᠢ ᠭᠡᠵᠡᠢ᠃ ᠨᠡᠶᠢᠰᠯᠡᠯ ᠤᠨ ᠠᠨᠠᠭᠠᠬᠤ ᠤᠬᠠᠭᠠᠨ ᠤ ᠶᠡᠭᠡ ᠰᠤᠷᠭᠠᠭᠤᠯᠢ ᠶᠢᠨ ᠬᠠᠷᠢᠶᠠᠲᠤ ᠪᠡᠭᠡᠵᠢᠩ ᠤᠨ ᠲᠦᠩ ᠿᠧᠨ ᠡᠮᠨᠡᠯᠭᠡ ᠶᠢᠨ ᠬᠠᠷᠠᠭᠠᠨ ᠰᠡᠷᠡᠯ ᠤᠨ ᠲᠦᠪ ᠤᠨ ᠡᠮᠴᠢ ᠵᠤᠤ ᠱᠢ ᠴᠢᠶᠠᠩ ᠤᠨ ᠬᠡᠯᠡᠬᠦ ᠪᠠᠷ᠂ ᠤᠶᠢᠷ᠎ᠠ ᠬᠠᠷᠠᠭᠠᠨ ᠳᠤ ᠲᠤᠬᠢᠷᠠᠭᠰᠠᠨ ᠨᠢᠲᠦᠨ ᠰᠢᠯ ᠵᠡᠬᠦᠬᠦ ᠨᠢ ᠬᠠᠷᠠᠭ᠎ᠠ ᠪᠠᠨ ᠰᠠᠶᠢᠵᠢᠷᠠᠭᠤᠯᠬᠤ ᠲᠡᠷᠢᠬᠦᠨ ᠰᠤᠩᠬᠤᠯᠲᠠ ᠪᠤᠯᠬᠤ ᠶᠤᠮ᠃      ᠭᠡᠷ ᠤᠨ ᠠᠬᠠᠮᠠᠳ ᠡᠮᠴᠢ ᠶᠢᠨ ᠰᠠᠨᠠᠭᠤᠯᠭ᠎ᠠ ᠪᠠᠷ ᠬᠡᠦᠬᠡᠳ ᠤᠨ ᠢᠶᠠᠨ ᠤᠶᠢᠷ᠎ᠠ ᠬᠠᠷᠠᠭᠠᠨ ᠳᠤ ᠲᠤᠬᠢᠷᠠᠭᠰᠠᠨ ᠨᠢᠲᠦᠨ ᠰᠢᠯ ᠢ ᠵᠡᠬᠦᠯᠭᠡᠬᠦ ᠬᠡᠷᠡᠭᠲᠡᠢ᠃ ᠰᠤᠷᠭᠠᠭᠤᠯᠢ ᠶᠢᠨ ᠨᠠᠰᠤᠨ ᠠᠴᠠ ᠡᠮᠦᠨᠡᠬᠢ ᠬᠡᠦᠬᠡᠳ 3 ᠰᠠᠷ᠎ᠠ ᠪᠤᠶᠤ ᠬᠠᠭᠠᠰ ᠵᠢᠯ ᠳᠤ᠂ ᠲᠤᠮᠲᠠᠲᠤ ᠪᠠᠭ᠎ᠠ ᠰᠤᠷᠭᠠᠭᠤᠯᠢ ᠶᠢᠨ ᠰᠤᠷᠤᠭᠴᠢᠳ ᠬᠠᠭᠠᠰ ᠵᠢᠯ ᠪᠤᠶᠤ ᠨᠢᠭᠡ ᠵᠢᠯ ᠳᠤ ᠬᠠᠷᠠᠭᠠᠨ ᠰᠡᠷᠡᠯ ᠤᠨ ᠪᠠᠶᠢᠴᠠᠭᠠᠯᠲᠠ ᠬᠢᠯᠭᠡᠪᠡᠯ ᠵᠤᠬᠢᠨ᠎ᠠ᠃ ᠬᠡᠷᠪᠡ ᠬᠠᠷᠠᠭ᠎ᠠ ᠮᠠᠭᠤᠲᠠᠵᠤ ᠪᠠᠶᠢᠬᠤ ᠳᠤ ᠬᠦᠷᠪᠡᠯ ᠲᠠᠷᠦ᠋ᠬᠠᠨ ᠡᠮᠴᠢ ᠶᠢᠨ ᠵᠢᠯᠤᠭᠤᠲᠤᠯᠭ᠎ᠠ ᠪᠠᠷ ᠲᠤᠬᠢᠷᠠᠭᠰᠠᠨ ᠨᠢᠲᠦᠨ ᠰᠢᠯ ᠵᠡᠬᠦᠬᠦ ᠬᠡᠷᠡᠭᠲᠡᠢ ᠭᠡᠪᠡ᠃      ᠤᠲᠤᠬᠠᠨ ᠳᠤ ᠬᠡᠦᠬᠡᠳ ᠪᠠᠭᠠᠴᠤᠳ ᠡᠯᠧᠺᠳ᠋ᠷᠤᠨ ᠪᠦᠲᠦᠭᠡᠭᠲᠡᠬᠦᠨ ᠢ ᠰᠢᠨᠵᠢᠯᠡᠬᠦ ᠤᠬᠠᠭᠠᠨᠴᠢ ᠪᠤᠰᠤ ᠪᠠᠷ ᠬᠡᠷᠡᠭᠯᠡᠵᠦ ᠪᠠᠶᠢᠬᠤ ᠨᠢ ᠤᠶᠢᠷ᠎ᠠ ᠬᠠᠷᠠᠭ᠎ᠠ ᠲᠠᠢ ᠪᠤᠯᠵᠤ ᠪᠠᠶᠢᠬᠤ ᠶᠢᠨ ᠭᠤᠤᠯ ᠰᠢᠯᠲᠠᠭᠠᠨ ᠤ ᠨᠢᠭᠡ ᠪᠤᠯᠤᠨ᠎ᠠ᠃ 6 ᠨᠠᠰᠤᠨ ᠠᠴᠠ ᠪᠠᠭ᠎ᠠ ᠬᠡᠦᠬᠡᠳ ᠭᠠᠷ ᠤᠲᠠᠰᠤ᠂ ᠺᠤᠮᠫᠢᠦ᠋ᠲ᠋ᠧᠷ ᠵᠡᠷᠭᠡ ᠶᠢ ᠲᠤᠭᠯᠠᠬᠠᠤ ᠠᠴᠠ ᠲᠠᠲᠠᠭᠠᠯᠵᠠᠬᠤ ᠬᠡᠷᠡᠭᠲᠡᠢ᠂ ᠪᠠᠰᠠ ᠨᠤᠮ ᠦᠵᠡᠵᠦ ᠪᠢᠴᠢᠭ ᠪᠢᠴᠢᠬᠦ ᠳᠡᠭᠡᠨ ᠵᠦᠪ ᠰᠠᠭᠤᠬᠤ ᠬᠡᠷᠡᠭᠲᠡᠢ ᠭᠡᠵᠦ ᠪᠡᠭᠡᠵᠢᠩ ᠤᠨ ᠲᠦᠩ ᠿᠧᠨ ᠡᠮᠨᠡᠯᠭᠡ ᠶᠢᠨ ᠨᠢᠲᠤᠨ ᠤ ᠰᠠᠯᠠᠭᠠᠨ ᠤ ᠡᠮᠴᠢ ᠯᠢ ᠰᠦᠩ ᠹᠧᠩ ᠶᠠᠷᠢᠨ᠎ᠠ᠃ ︽ᠪᠡᠶ᠎ᠡ ᠶᠢᠨ ᠲᠠᠮᠢᠷ ᠤᠨ ᠬᠦᠲᠡᠯᠭᠡᠭᠡᠨ ᠳᠤ ᠢᠯᠡᠬᠦᠭᠡᠨ ᠤᠷᠤᠯᠴᠠᠵᠤ ᠰᠠᠯᠬᠢᠨ ᠳᠤ ᠭᠠᠷᠴᠤ ᠬᠤᠯᠠ ᠶᠢ ᠬᠠᠷᠠᠬᠤ ᠨᠢ ᠤᠶᠢᠷ᠎ᠠ ᠬᠠᠷᠠᠭ᠎ᠠ ᠶᠢ ᠰᠡᠷᠭᠡᠶᠢᠯᠡᠵᠦ ᠴᠢᠲᠠᠨ᠎ᠠ᠂ ᠬᠡᠦᠬᠡᠳ ᠪᠠᠭᠠᠴᠤᠳ ᠡᠲᠦᠷ ᠲᠤ 2 ᠴᠠᠭ᠂ ᠭᠠᠷᠠᠭ ᠲᠤ 10 ᠴᠠᠭ ᠭᠡᠷ ᠤᠨ ᠭᠠᠲᠠᠨᠠᠬᠢ ᠬᠦᠲᠡᠯᠭᠡᠭᠡᠨ ᠳᠤ ᠤᠷᠤᠯᠴᠠᠪᠠᠯ ᠵᠤᠬᠢᠨ᠎ᠠ︾ ᠭᠡᠵᠦ ᠯᠢ ᠰᠦᠩ ᠹᠧᠩ ᠰᠠᠨᠠᠭᠤᠯᠪᠠ᠃ ᠤᠲᠤᠬᠠᠨ ᠳᠤ ᠬᠡᠦᠬᠡᠳ ᠪᠠᠭᠠᠴᠤᠳ ᠡᠯᠧᠺᠳ᠋ᠷᠤᠨ ᠪᠦᠲᠦᠭᠡᠭᠲᠡᠬᠦᠨ ᠢ ᠰᠢᠨᠵᠢᠯᠡᠬᠦ ᠤᠬᠠᠭᠠᠨᠴᠢ ᠪᠤᠰᠤ ᠪᠠᠷ ᠬᠡᠷᠡᠭᠯᠡᠵᠦ ᠪᠠᠶᠢᠬᠤ ᠨᠢ ᠤᠶᠢᠷ᠎ᠠ ᠬᠠᠷᠠᠭ᠎ᠠ ᠲᠠᠢ ᠪᠤᠯᠵᠤ ᠪᠠᠶᠢᠬᠤ ᠶᠢᠨ ᠭᠤᠤᠯ ᠰᠢᠯᠲᠠᠭᠠᠨ ᠤ ᠨᠢᠭᠡ ᠪᠤᠯᠤᠨ᠎ᠠ᠃ 6 ᠨᠠᠰᠤᠨ ᠠᠴᠠ ᠪᠠᠭ᠎ᠠ ᠬᠡᠦᠬᠡᠳ ᠭᠠᠷ ᠤᠲᠠᠰᠤ᠂ ᠺᠤᠮᠫᠢᠦ᠋ᠲ᠋ᠧᠷ ᠵᠡᠷᠭᠡ ᠶᠢ ᠲᠤᠭᠯᠠᠬᠠᠤ ᠠᠴᠠ ᠲᠠᠲᠠᠭᠠᠯᠵᠠᠬᠤ ᠬᠡᠷᠡᠭᠲᠡᠢ᠂ ᠪᠠᠰᠠ ᠨᠤᠮ ᠦᠵᠡᠵᠦ ᠪᠢᠴᠢᠭ ᠪᠢᠴᠢᠬᠦ ᠳᠡᠭᠡᠨ ᠵᠦᠪ ᠰᠠᠭᠤᠬᠤ ᠬᠡᠷᠡᠭᠲᠡᠢ ᠭᠡᠵᠦ ᠪᠡᠭᠡᠵᠢᠩ ᠤᠨ ᠲᠦᠩ ᠿᠧᠨ ᠡᠮᠨᠡᠯᠭᠡ ᠶᠢᠨ ᠨᠢᠲᠤᠨ ᠤ ᠰᠠᠯᠠᠭᠠᠨ ᠤ ᠡᠮᠴᠢ ᠯᠢ ᠰᠦᠩ ᠹᠧᠩ ᠶᠠᠷᠢᠨ᠎ᠠ᠃ ︽ᠪᠡᠶ᠎ᠡ ᠶᠢᠨ ᠲᠠᠮᠢᠷ ᠤᠨ ᠬᠦᠲᠡᠯᠭᠡᠭᠡᠨ ᠳᠤ ᠢᠯᠡᠬᠦᠭᠡᠨ ᠤᠷᠤᠯᠴᠠᠵᠤ ᠰᠠᠯᠬᠢᠨ ᠳᠤ ᠭᠠᠷᠴᠤ ᠬᠤᠯᠠ ᠶᠢ ᠬᠠᠷᠠᠬᠤ ᠨᠢ ᠤᠶᠢᠷ᠎ᠠ ᠬᠠᠷᠠᠭ᠎ᠠ ᠶᠢ ᠰᠡᠷᠭᠡᠶᠢᠯᠡᠵᠦ ᠴᠢᠲᠠᠨ᠎ᠠ᠂ ᠬᠡᠦᠬᠡᠳ ᠪᠠᠭᠠᠴᠤᠳ ᠡᠲᠦᠷ ᠲᠤ 2 ᠴᠠᠭ᠂ ᠭᠠᠷᠠᠭ ᠲᠤ 10 ᠴᠠᠭ ᠭᠡᠷ ᠤᠨ ᠭᠠᠲᠠᠨᠠᠬᠢ ᠬᠦᠲᠡᠯᠭᠡᠭᠡᠨ ᠳᠤ ᠤᠷᠤᠯᠴᠠᠪᠠᠯ ᠵᠤᠬᠢᠨ᠎ᠠ︾ ᠭᠡᠵᠦ ᠯᠢ ᠰᠦᠩ ᠹᠧᠩ ᠰᠠᠨᠠᠭᠤᠯᠪᠠ᠃
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ