ᠬᠤᠰᠢᠭᠤ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠭᠴᠢ  ᠴᠢᠯᠠᠭᠤ
ᠨᠡᠶᠢᠲᠡᠯᠡᠭᠰᠡᠨ ᠴᠠᠭ᠄
2021/10/28
     ᠴᠢᠯᠠᠭᠤ᠂ ᠮᠤᠩᠭᠤᠯ ᠦᠨᠳᠦᠰᠦᠳᠡᠨ᠂ 1966 ᠤᠨ ᠳᠤ ᠤᠳᠤᠭ ᠬᠤᠰᠢᠭᠤᠨ ᠤ ᠤᠤᠯ ᠤᠨ ᠡᠷᠭᠡᠳᠥ ᠰᠤᠮᠤᠨ ᠤ ᠡᠷᠢᠶᠡᠨᠳᠤᠯᠤᠭᠠᠢ ᠳᠤ ᠲᠦᠷᠦᠵᠡᠢ᠃ ᠵᠢᠷᠠᠭᠠᠳ ᠤᠨ ᠤ ᠡᠴᠤᠰ ᠠᠴᠠ ᠦᠤᠰᠢᠨ ᠬᠤᠰᠢᠭᠤᠨ ᠤ ᠲᠤᠯᠢ ᠰᠤᠮᠤᠨ ᠳᠤ ᠨᠡᠭᠦᠵᠤ ᠤᠴᠢᠭᠠᠳ ᠮᠠᠯᠴᠢᠨ ᠪᠤᠯᠤᠭᠠᠳ ᠡᠳᠦᠭᠡ ᠪᠤᠯᠵᠠᠢ᠃      ᠴᠢᠯᠠᠭᠤ ᠶᠢᠨ ᠠᠪᠤ ᠨᠢ ᠰᠠᠸᠠᠩᠳᠤᠷᠵᠢ ᠪᠤᠯ ᠪᠦᠭᠡ ᠪᠡᠯᠭᠦᠳᠡᠢ ᠶᠢᠨ ᠰᠢᠳᠦᠭᠡᠨ ᠤ ᠭᠤᠤᠯ ᠡᠵᠡᠨ ᠲᠠᠷᠬᠠᠳ ᠪᠠᠶᠢᠵᠤ᠂ ᠴᠢᠯᠦᠭᠡᠯᠡᠭᠦ ᠠᠴᠠ ᠡᠮᠤᠨ᠎ᠡ ᠰᠢᠳᠦᠭᠡᠨ  ᠤ ᠪᠦᠭᠦ ᠲᠠᠯ᠎ᠠ ᠶᠢᠨ ᠠᠵᠢᠯ ᠢ ᠬᠠᠷᠢᠭᠤᠴᠠᠨ ᠭᠢᠵᠤ ᠪᠠᠶᠢᠵᠠᠢ᠃ ᠲᠤᠬᠠᠢ ᠶᠢᠨ ᠴᠠᠭ ᠲᠤ ᠬᠤᠰᠢᠭᠤ ᠵᠠᠰᠠᠭ ᠤᠨ ᠭᠠᠵᠠᠷ ᠠᠴᠠ ᠲᠤᠰᠬᠠᠢ ᠲᠤᠮᠢᠯᠠᠭᠰᠠᠨ ᠰᠢᠳᠦᠭᠡᠨ ᠤ ᠬᠠᠮᠢᠶᠠᠷᠤᠭᠴᠢ ᠪᠠᠶᠢᠵᠠᠢ᠃ ᠡᠳᠡᠨ ᠤ ᠬᠢᠨ ᠦᠶ᠎ᠡ ᠤᠯᠠᠷᠢᠨ ᠪᠦᠭᠡ ᠪᠡᠯᠭᠦᠳᠡᠢ ᠶᠢᠨ ᠰᠢᠳᠦᠭᠡᠨ ᠢ ᠤᠰᠤᠯᠳᠠᠯ ᠦᠭᠡᠢ ᠲᠠᠭᠢᠵᠤ ᠪᠠᠶᠢᠭᠰᠠᠨ ᠠᠴᠠ ᠴᠢᠯᠠᠭᠤ ᠴᠤ ᠡᠨ᠋ᠨ ᠭᠦ ᠲᠦᠷᠦᠯ ᠵᠦᠢᠯ ᠢᠶᠠᠨ  ᠨᠠᠷᠢᠨ ᠭᠢᠨᠠᠮᠠᠭᠠᠢ ᠰᠤᠷᠤᠯᠴᠠᠨ ᠤᠯᠠᠮᠵᠢᠯᠠᠭᠤᠯᠵᠤ ᠪᠠᠶᠢᠨ᠎ᠠ᠃ ᠤᠳᠤ ᠲᠡᠷᠨ ᠪᠦᠭᠡ ᠪᠡᠯᠭᠦᠳᠡᠢ ᠶᠢᠨ ᠰᠢᠳᠦᠭᠡᠨ ᠤ ᠨᠡᠶᠢᠭᠡᠮᠯᠢᠭ ᠤᠨ ᠭᠡᠰᠢᠭᠦᠨ ᠢᠶᠠᠷ ᠡᠷᠭᠦᠮᠵᠢᠯᠡᠭᠳᠡᠵᠤ᠂ ᠰᠢᠳᠦᠭᠡᠨ ᠤ ᠠᠷᠤ ᠲᠠᠯ᠎ᠠ ᠶᠢᠨ ᠠᠵᠢᠯ ᠢ ᠬᠠᠪᠰᠤᠷᠤᠨ ᠭᠢᠵᠤ ᠪᠤᠢ᠃           ︽ᠤᠲᠤᠭ ᠬᠤᠰᠢᠭᠤᠨ ᠤ ᠮᠤᠩᠭᠤᠯ ᠦᠨᠳᠦᠰᠦᠲᠡᠨ ᠤ ᠪᠤᠳᠠᠰ ᠤᠨ ᠪᠤᠰᠤ ᠰᠤᠶᠤᠯ ᠤᠨ ᠥᠪ︾   ᠪᠠᠢ ᠭᠡᠷᠡᠯᠲᠦ ᠭᠤᠤᠯᠯᠠᠨ ᠨᠠᠶᠢᠷᠠᠭᠤᠯᠪᠠ    ᠤᠲᠤᠭ ᠬᠤᠰᠢᠭᠤᠨ ᠤ ᠤᠯᠤᠰ ᠲᠦᠷᠦ ᠶᠢᠨ ᠵᠥᠪᠯᠡᠯᠭᠡᠨ
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ