ᠲᠠᠷᠢᠶᠠᠨ ᠡᠮ᠂ ᠬᠤᠷᠮᠣᠨ᠂ ᠠᠭᠠᠷ ᠤᠨ ᠪᠤᠵᠠᠷᠳᠤᠯ᠂ ᠣᠷᠴᠢᠨ ᠲᠣᠭᠤᠷᠢᠨ ᠵᠡᠷᠭᠡ ᠨᠥᠯᠥᠭᠡ ᠠᠴᠠ ᠢᠳᠡᠭᠡᠨ | ᠤᠮᠳᠠᠭᠠᠨ ᠤ ᠡᠷᠡᠭᠦᠯ ᠢ ᠰᠦᠷᠳᠡᠭᠦᠯᠬᠦ ᠡᠯᠧᠮᠧᠨ᠋ᠲ ᠤᠯᠠᠮ ᠠᠴᠠ ᠤᠯᠠᠮ ᠣᠯᠠᠰᠢᠷᠠᠵᠤ ᠪᠠᠶᠢᠨ᠎ᠠ᠂ ᠲᠠᠷᠢᠶᠠᠨ ᠡᠮ ᠤᠨ | ᠦᠯᠡᠳᠡᠭᠳᠡᠯ ᠤᠨ ᠪᠡᠶ᠎ᠡ ᠮᠠᠬᠠᠪᠣᠳ ᠲᠤ ᠦᠵᠡᠭᠦᠯᠬᠦ ᠨᠥᠯᠥᠭᠡ ᠶᠢ ᠬᠡᠷᠬᠢᠨ ᠬᠠᠮᠤᠭ ᠤᠨ ᠳᠣᠣᠷ᠎ᠠ ᠬᠡᠮᠵᠢᠶᠡᠨ ᠳᠤ | ᠬᠦᠷᠲᠡᠯ᠎ᠡ ᠪᠠᠭᠤᠷᠠᠭᠤᠯᠬᠤ ᠨᠢ ᠬᠥᠮᠦᠰ ᠤᠨ ᠠᠩᠬᠠᠷᠤᠯ ᠤᠨ ᠲᠥᠪ ᠪᠣᠯᠤᠭᠰᠠᠨ ᠪᠠᠶᠢᠨ᠎ᠠ᠃ ᠲᠡᠭᠡᠪᠡᠯ ᠵᠢᠮᠢᠰ | ᠨᠤᠭᠤᠭ᠎ᠠ ᠳᠠᠬᠢ ᠲᠠᠷᠢᠶᠠᠨ ᠡᠮ ᠤᠨ ᠦᠯᠡᠳᠡᠭᠳᠡᠯ ᠢ ᠶᠠᠭᠠᠬᠢᠪᠡᠯ ᠰᠠᠶ᠋ᠢ ᠪᠦᠲᠦᠮᠵᠢᠲᠡᠶ ᠠᠷᠢᠯᠭᠠᠵᠤ ᠴᠢᠳᠠᠬᠤ ᠪᠤᠢ︖ | | ᠨᠢᠭᠡ᠂ ︽ᠬᠠᠯᠢᠰᠤᠯᠠᠬᠤ︾ ᠠᠷᠭ᠎ᠠ ᠠᠯᠮᠤᠷᠠᠳ᠂ ᠠᠯᠢᠮ᠎ᠠ᠂ ᠲᠥᠮᠥᠰᠥ ᠵᠡᠷᠭᠡ ᠬᠠᠯᠢᠰᠤᠯᠠᠵᠦ ᠪᠣᠯᠳᠠᠭ | ᠵᠢᠮᠢᠰ ᠨᠣᠭᠤᠭ᠎ᠠ ᠳᠤ ᠠᠪᠴᠤ ᠬᠡᠯᠡᠪᠡᠯ᠂ ᠬᠠᠯᠢᠰᠤᠯᠠᠬᠤ ᠪᠣᠯ ᠲᠠᠷᠢᠶᠠᠨ ᠡᠮ ᠤᠨ ᠦᠯᠡᠳᠡᠭᠳᠡᠯ ᠢ ᠠᠷᠢᠯᠭᠠᠬᠤ | ᠨᠡᠯᠢᠶᠡᠳ ᠰᠠᠶᠢᠨ ᠠᠷᠭ᠎ᠠ ᠪᠣᠯᠤᠨ᠎ᠠ᠃ ᠬᠠᠯᠢᠰᠤᠯᠠᠭᠰᠠᠨ ᠵᠢᠮᠢᠰ ᠨᠣᠭᠤᠭ᠎ᠠ ᠶᠢ ᠬᠠᠯᠢᠰᠤᠯᠠᠭᠠᠳᠤᠢ ᠵᠢᠮᠢᠰ | ᠨᠣᠭᠤᠭ᠎ᠠ ᠲᠠᠢ ᠰᠠᠯᠭᠠᠨ ᠲᠠᠯᠪᠢᠵᠤ᠂ ᠳᠠᠬᠢᠨ ᠪᠤᠵᠠᠷᠲᠤᠬᠤ ᠠᠴᠠ ᠵᠠᠶᠢᠯᠠᠰᠬᠢᠬᠦ ᠬᠡᠷᠡᠭᠲᠡᠢ᠃ | ᠬᠤᠶᠠᠷ᠂ ︽ᠳᠡᠪᠲᠦᠭᠡᠬᠦ︾ ᠠᠷᠭ᠎ᠠ ᠬᠠᠯᠢᠰᠤᠯᠠᠵᠦ ᠪᠤᠯᠬᠤ ᠦᠭᠡᠢ ᠵᠢᠮᠢᠰ ᠨᠣᠭᠤᠭ᠎ᠠ ᠶᠢ ᠴᠡᠪᠡᠷ ᠤᠰᠤ ᠪᠠᠷ | ᠤᠬᠢᠶᠠᠭᠰᠠᠨ ᠤ ᠳᠠᠷᠠᠭ᠎ᠠ ᠂ ᠲᠠᠪᠤᠰᠣ ᠲᠠᠢ ᠤᠰᠤ᠂ ᠱᠦᠯᠲᠦᠲᠦ ᠤᠰᠤ ᠪᠤᠶᠤ ᠪᠣᠳᠠᠭ᠎ᠠ ᠣᠬᠢᠶᠠᠭᠰᠠᠨ ᠤᠰᠤ | ᠵᠡᠷᠭᠡ ᠪᠠᠷ ᠳᠡᠪᠲᠦᠭᠡᠨ᠎ᠡ᠃ ᠣᠷᠭᠠᠨᠢᠭ ᠹᠣᠰᠹᠣᠷᠲᠤ ᠬᠤᠷᠣᠬᠠᠶ ᠠᠯᠠᠬᠤ ᠡᠳ᠋ ᠨᠢ ᠱᠦᠯᠲᠦᠯᠢᠭ ᠣᠷᠴᠢᠨ | ᠲᠣᠭᠤᠷᠢᠨ ᠳᠤ ᠮᠠᠰᠢ ᠲᠦᠷᠭᠡᠨ ᠵᠠᠳᠠᠷᠠᠳᠠᠭ ᠪᠣᠯᠬᠤᠷ ᠱᠦᠯᠲᠦᠯᠢᠭ ᠤᠰᠤ ᠪᠠᠷ ᠵᠢᠮᠢᠰ ᠨᠣᠭᠤᠭ᠎ᠠ ᠶᠢ ᠳᠡᠪᠲᠦᠭᠡᠬᠦ ᠪᠣᠯ | ᠲᠠᠷᠢᠶᠠᠨ ᠡᠮ ᠤᠨ ᠦᠯᠡᠳᠡᠭᠳᠡᠯ ᠢ ᠠᠷᠢᠯᠭᠠᠬᠤ ᠪᠦᠲᠦᠮᠵᠢᠲᠡᠶ ᠠᠷᠭ᠎ᠠ ᠶᠢᠨ ᠨᠢᠭᠡ ᠪᠣᠯᠤᠨ᠎ᠠ᠃ ᠡᠭᠦᠨ ᠠᠴᠠ ᠭᠠᠳᠠᠨ᠎ᠠ᠂ | ᠳᠠᠪᠤᠰᠤ ᠲᠠᠢ ᠤᠰᠤ᠂ ᠪᠣᠳᠠᠭᠠᠨ ᠤ ᠤᠰᠤ ᠵᠡᠷᠭᠡ ᠪᠠᠷ ᠳᠡᠪᠲᠦᠭᠡᠭᠰᠡᠨ ᠵᠢᠮᠢᠰ ᠨᠣᠭᠤᠭ᠎ᠠ ᠨᠢ ᠪᠠᠰᠠ ᠲᠠᠷᠢᠶᠠᠨ | ᠡᠮ ᠤᠨ ᠦᠯᠡᠳᠡᠭᠳᠡᠯ ᠢ ᠠᠷᠢᠯᠭᠠᠵᠤ ᠳᠡᠶᠢᠯᠦᠨ᠎ᠡ᠃ | ᠭᠤᠷᠪᠠ᠂ ︽ᠠᠭᠤᠷᠰᠢᠭᠤᠯᠬᠤ︾ ᠠᠷᠭ᠎ᠠ ᠰᠢᠪᠳᠣᠷᠳᠣ ᠮᠧᠲ᠋ᠢᠯ ᠬᠦᠴᠢᠯ ᠤᠨ ᠲᠥᠷᠥᠯ ᠤᠨ ᠬᠤᠷᠤᠬᠠᠢ | ᠠᠯᠠᠬᠤ ᠡᠳ᠋ ᠢ ᠬᠠᠯᠠᠭᠠᠬᠤ ᠠᠷᠭ᠎ᠠ ᠪᠠᠷ ᠲᠠᠷᠢᠶᠠᠨ ᠡᠮ ᠤᠨ ᠦᠯᠡᠳᠡᠭᠳᠡᠯ ᠢ ᠠᠷᠢᠯᠭᠠᠵᠤ ᠪᠣᠯᠤᠨ᠎ᠠ᠃ ᠬᠠᠯᠠᠭᠤᠨ ᠤ | ᠬᠡᠮᠵᠢᠶ᠎ᠡ ᠶᠢᠨ ᠳᠡᠭᠡᠭᠰᠢᠯᠡᠬᠦ ᠶᠢ ᠳᠠᠭᠠᠯᠳᠤᠨ ᠲᠠᠷᠢᠶᠠᠨ ᠡᠮ ᠤᠨ ᠦᠯᠡᠳᠡᠭᠳᠡᠯ ᠲᠦᠷᠭᠡᠨ ᠵᠠᠳᠠᠷᠠᠨ᠎ᠠ᠃ ᠥᠷᠭᠡᠰᠦᠲᠦ | ᠨᠣᠭᠤᠭ᠎ᠠ᠂ ᠴᠤᠭᠤᠷ ᠨᠣᠭᠤᠭ᠎ᠠ ᠵᠡᠷᠭᠡ ᠰᠢᠢᠳᠪᠦᠷᠢᠯᠡᠬᠦ ᠳᠤ ᠬᠦᠴᠢᠷ ᠵᠢᠮᠢᠰ ᠨᠣᠭᠤᠭ᠎ᠠ ᠶᠢ ᠴᠡᠪᠡᠷ ᠤᠰᠤ ᠪᠠᠷ | ᠤᠬᠢᠶᠠᠭᠰᠠᠨ ᠤ ᠳᠠᠷᠠᠭ᠎ᠠ ᠪᠤᠴᠠᠯᠤᠭᠰᠠᠨ ᠤᠰᠤᠨ ᠳᠤ 2 — 5 ᠮᠢᠨᠦ᠋ᠲ ᠰᠢᠯᠵᠠᠯᠵᠦ᠂ ᠱᠦᠭᠦᠵᠦ | ᠭᠠᠷᠭᠠᠭᠰᠠᠨ ᠤ ᠳᠠᠷᠠᠭ᠎ᠠ ᠴᠡᠪᠡᠷ ᠤᠰᠤ ᠪᠠᠷ 1— 2 ᠤᠳᠠᠭ᠎ᠠ ᠤᠬᠢᠶᠠᠪᠠᠯ ᠪᠣᠯᠴᠢᠬᠠᠨ᠎ᠠ᠃ ᠡᠭᠦᠨ ᠠᠴᠠ ᠭᠠᠳᠠᠨ᠎ᠠ | ᠂ ᠣᠳᠣᠬᠠᠨ ᠳᠤ ᠵᠠᠬ᠎ᠠ ᠳᠡᠯᠭᠡᠭᠦᠷ ᠳᠡᠭᠡᠷ᠎ᠡ ᠮᠠᠰᠢ ᠣᠯᠠᠨ ᠬᠡᠲᠦ ᠳᠠᠭᠤᠨ ᠳᠣᠯᠭᠢᠶᠠᠨ ᠢᠶᠠᠷ ᠵᠢᠮᠢᠰ ᠨᠣᠭᠤᠭ᠎ᠠ | ᠠᠷᠢᠯᠭᠠᠬᠤ ᠮᠠᠰᠢᠨ ᠭᠠᠷᠴᠣ ᠪᠠᠶᠢᠨ᠎ᠠ᠂ ᠲᠡᠭᠦᠨ ᠤ ᠭᠤᠤᠯ ᠦᠨᠳᠦᠰᠦᠯᠡᠯ ᠨᠢ ᠣᠽᠣᠨ ᠪᠠ ᠬᠡᠲᠦ ᠳᠠᠭᠤᠨ | ᠲᠣᠯᠭᠢᠶᠠᠨ ᠢ ᠤᠶᠠᠯᠳᠤᠭᠤᠯᠬᠤ ᠶᠠᠪᠤᠳᠠᠯ ᠪᠣᠯᠤᠨ᠎ᠠ᠃ ᠭᠡᠳᠦ ᠲᠡᠭᠤᠠ ᠳᠣᠯᠭᠢᠶᠠᠨ ᠤ ᠣᠬᠢᠶᠠᠯᠭ᠎ᠠ ᠶᠢᠨ ᠰᠢᠩᠭᠡᠨ | ᠪᠡᠶᠡᠲᠦ ᠳᠣᠲᠣᠷ᠎ᠠ ᠳᠠᠮᠵᠢᠭᠤᠯᠬᠤ ᠦᠶ᠎ᠡ ᠶᠢᠨ ᠹᠢᠽᠢᠺ ᠤᠨ ᠣᠶᠢᠯᠡᠳᠣᠯ ᠳᠤ ᠰᠠᠭᠤᠷᠢᠯᠠᠵᠣ᠂ ᠰᠢᠨ᠎ᠡ ᠰᠣᠷᠭᠤᠭ ᠢ | ᠬᠠᠳᠠᠭᠠᠯᠠᠬᠤ ᠪᠠ ᠲᠠᠷᠢᠶᠠᠨ ᠡᠮ ᠤᠨ ᠦᠯᠡᠳᠡᠭᠳᠡᠯ ᠢ ᠴᠡᠪᠡᠷᠰᠢᠭᠦᠯᠬᠦ ᠦᠷ᠎ᠡ ᠪᠦᠲᠦᠮᠵᠢ ᠳᠤ ᠬᠦᠷᠳᠡᠭ᠃ | ᠲᠠᠷᠢᠶᠠᠨ ᠡᠮ ᠲᠠᠢ ᠢᠳᠡᠭᠡᠨ ᠢ ᠦᠷᠭᠦᠯᠵᠢ ᠢᠳᠡᠪᠡᠯ ᠳᠤᠷ᠎ᠠ ᠪᠤᠯᠭᠢᠵᠤ ᠪᠥᠭᠡᠯᠵᠢᠬᠦ᠂ ᠰᠠᠭᠤᠯᠭᠠᠬᠤ᠂ | ᠬᠠᠪᠣᠳᠬᠤ᠂ ᠲᠠᠲᠠᠪᠠᠯᠵᠠᠬᠤ᠂ ᠮᠠᠨᠠᠷᠠᠬᠤ ᠵᠡᠷᠭᠡ ᠡᠪᠡᠳᠴᠢᠨ ᠤ ᠢᠯᠡᠷᠡᠯ ᠢ ᠡᠭᠦᠰᠭᠡᠵᠦ ᠮᠡᠳᠡᠨ᠎ᠡ᠃ ᠡᠪᠡᠳᠴᠢᠨ ᠨᠢ | ᠬᠦᠳᠣᠷᠡᠪᠡᠯ ᠬᠤᠳᠣᠭᠤᠳᠤ ᠠᠴᠠ ᠴᠢᠰᠤ ᠭᠠᠷᠬᠤ ᠵᠡᠷᠭᠡ ᠪᠠᠶᠢᠳᠠᠯ ᠭᠠᠷᠴᠤ ᠮᠡᠳᠡᠨ᠎ᠡ᠃ ᠡᠶᠢᠮᠦ ᠠᠴᠠ ᠶᠠᠮᠠᠷ ᠠᠷᠭ᠎ᠠ ᠶᠢ | ᠬᠡᠷᠡᠭᠯᠡᠭᠰᠡᠨ ᠴᠦ ᠪᠤᠯᠤᠭ ᠵᠢᠮᠢᠰ ᠨᠣᠭᠤᠭ᠎ᠠ ᠶᠢ ᠡᠷᠬᠡᠪᠰᠢ ᠤᠬᠢᠶᠠᠵᠤ ᠴᠡᠪᠡᠷᠯᠡᠭᠰᠡᠨ ᠤ ᠳᠠᠷᠠᠭ᠎ᠠ ᠰᠠᠶ᠋ᠢ ᠢᠳᠡᠬᠦ | ᠬᠡᠷᠡᠭᠲᠡᠢ᠃ |