ᠴᠢᠩᠬᠢᠰ ᠬᠠᠭᠠᠨ ᠤ ᠪᠢᠯᠢᠭ ᠰᠤᠷᠭᠠᠯ ︵ᠳᠤᠯᠤᠭ᠎ᠠ︶
ᠨᠡᠶᠢᠲᠡᠯᠡᠭᠰᠡᠨ ᠴᠠᠭ᠄
2021/11/11
     ᠴᠢᠩᠬᠢᠰ ᠬᠠᠭᠠᠨ ᠪᠤᠷᠬᠠᠨ ᠬᠠᠯᠳᠤᠨ ᠠᠭᠤᠯᠠᠨ᠎ᠠ ᠭᠠᠷᠴᠤ ᠨᠠᠷᠠᠨ ᠰᠥᠷᠭᠡᠦ ᠰᠥᠭᠦᠳᠴᠦ ᠪᠦᠰᠡ ᠪᠠᠨ ᠬᠦᠵᠦᠭᠦᠨ  ᠳᠡᠭᠡᠨ ᠵᠡᠭᠦᠵᠦ᠂ ᠮᠠᠯᠠᠭᠠᠢ ᠪᠠᠨ ᠠᠪᠤᠨ ᠪᠠᠷᠠᠭᠤᠨ ᠭᠠᠷ ᠢᠶᠠᠷ ᠢᠶᠠᠨ ᠴᠡᠭᠡᠵᠢ ᠪᠠᠨ ᠳᠠᠷᠤᠨ ᠵᠠᠯᠪᠠᠷᠢᠵᠤ ᠲᠡᠭᠷᠢ ᠶᠢᠰᠦᠨᠲᠡ ᠮᠥᠷᠭᠦᠭᠡᠳ᠄      ᠰᠤᠯᠤᠩᠭ᠎ᠠ ᠮᠡᠲᠦ ᠰᠤᠨᠤᠰᠬᠤ      ᠰᠤᠷᠭᠤᠭ ᠬᠤᠸᠠᠭᠴᠢᠨ ᠤ ᠰᠤᠨᠤᠷ ᠤᠨ ᠬᠦᠴᠦ ᠪᠠᠷ      ᠦᠶᠡᠩ ᠮᠡᠲᠦ ᠦᠵᠡᠬᠦ ᠦᠨᠡᠨᠴᠢ ᠬᠤᠸᠠᠭᠴᠢᠨ ᠤ      ᠦᠵᠡᠭᠰᠡᠨ ᠤ ᠠᠴᠢ ᠪᠠᠷ      ᠠᠶᠤᠯᠲᠤ ᠳᠠᠶᠢᠰᠤᠨ ᠠᠴᠠ ᠠᠮᠵᠢᠨ ᠳᠤᠲᠠᠭᠠᠵᠤ      ᠪᠥᠲᠥᠨ ᠪᠡᠶ᠎ᠡ ᠪᠠᠨ ᠪᠥᠭᠭᠦᠨ ᠨᠢᠭᠤᠭᠳᠠᠵᠤ      ᠪᠦᠳᠡᠭᠢ ᠵᠠᠮ ᠢ ᠮᠥᠷᠳᠡᠨ ᠳᠠᠭᠠᠵᠤ      ᠪᠤᠭᠤ ᠶᠢᠨ ᠮᠥᠷ ᠢ ᠮᠦᠰᠬᠢᠨ ᠬᠥᠭᠡᠭᠡᠵᠦ      ᠪᠤᠷᠭᠠᠰᠤᠨ ᠭᠡᠷ ᠲᠤ ᠪᠤᠷᠤᠭᠤᠯᠠᠨ ᠨᠢᠭᠤᠭᠳᠠᠵᠤ      ᠪᠤᠷᠬᠠᠨ ᠬᠠᠯᠲᠤᠨ ᠳᠤ ᠠᠮᠢ ᠬᠤᠷᠭᠤᠳᠠᠪᠠ      ᠬᠠᠷᠢ ᠶᠢᠨ ᠳᠠᠶᠢᠰᠤᠨ ᠬᠠᠯᠳᠠᠨ ᠳᠤᠪᠲᠤᠯᠬᠤ ᠳᠤ      ᠬᠠᠷᠴᠠᠭᠠᠢ ᠠᠴᠠ ᠳᠤᠲᠠᠭᠠᠭᠰᠠᠨ ᠪᠤᠯᠵᠤᠮᠤᠷ ᠮᠡᠲᠦ      ᠬᠠᠨᠳᠠᠭᠠᠢ ᠪᠤᠭᠤ ᠶᠢᠨ ᠮᠥᠷ ᠢ ᠳᠠᠭᠠᠵᠤ      ᠬᠠᠳᠠ ᠬᠠᠪᠴᠢᠯ ᠠᠴᠠ ᠰᠥᠪᠡ ᠶᠢ ᠡᠷᠢᠵᠦ      ᠬᠠᠯᠲᠤᠨ ᠠᠭᠤᠯᠠᠨ ᠳᠤ ᠳᠤᠲᠠᠭᠠᠵᠤ ᠢᠷᠡᠭᠡᠳ      ᠬᠠᠯᠢᠰᠤ ᠬᠤᠯᠲᠤᠰᠤ ᠪᠠᠷ ᠭᠡᠷ ᠪᠠᠷᠢᠵᠤ      ᠬᠠᠯᠠᠭᠤᠨ ᠠᠮᠢ ᠪᠠᠨ ᠬᠠᠮᠠᠭᠠᠯᠠᠪᠠ ᠪᠢ      ᠪᠥᠭᠯᠡᠭᠦᠦ ᠤᠶᠢᠲᠤ ᠪᠤᠷᠬᠠᠨ ᠠᠭᠤᠯᠠ      ᠪᠥᠭᠡᠰᠦᠨ ᠴᠢᠨᠡᠭᠡ ᠠᠮᠢ ᠶᠢ ᠮᠢᠨᠢ ᠪᠥᠭᠡᠴᠡᠶᠢᠯᠡᠨ ᠠᠪᠤᠷᠠᠵᠤ      ᠪᠥᠭᠡᠷ᠎ᠡ ᠶᠢᠨ ᠴᠢᠨᠡᠭᠡ ᠪᠡᠶ᠎ᠡ ᠶᠢ ᠮᠢᠨᠢ      ᠪᠥᠲᠥᠨ ᠮᠡᠨᠳᠦ ᠦᠯᠡᠳᠡᠭᠡᠪᠡ      ᠥᠰᠢᠶᠡᠲᠦ ᠳᠠᠶᠢᠰᠤᠨ ᠠᠴᠠ ᠥᠷᠥᠰᠢᠶᠡᠨ ᠠᠪᠤᠷᠠᠵᠤ      ᠥᠨᠥᠴᠢᠨ ᠪᠢᠳᠠᠨ ᠤ ᠥᠮᠥᠭ ᠪᠤᠯᠤᠭᠰᠠᠨ      ᠦᠨᠳᠦᠷ ᠳᠡᠭᠡᠳᠦ ᠪᠤᠷᠬᠠᠨ ᠬᠠᠯᠳᠤᠨ ᠴᠢᠮᠠᠢᠢ      ᠥᠷᠯᠦᠭᠡ ᠪᠦᠷᠢ ᠮᠢᠯᠢᠶᠠᠵᠤ ᠪᠠᠶᠢᠶ᠎ᠠ      ᠡᠳᠦᠷ ᠪᠦᠷᠢ ᠳᠠᠬᠢᠵᠤ ᠪᠠᠶᠢᠶ᠎ᠠ      ᠦᠷ᠎ᠡ ᠶᠢᠨ ᠦᠷ᠎ᠡ ᠳᠤ ᠡᠭᠦᠷᠢᠳᠡ ᠳᠠᠬᠢᠵᠤ      ᠦᠶ᠎ᠡ ᠳᠤᠲᠤᠮ ᠦᠷᠭᠦᠯᠵᠢ ᠰᠢᠳᠦᠶ᠎ᠡ︕ ᠭᠡᠵᠦ      ᠥᠴᠢᠯ ᠥᠴᠢᠨ ᠰᠠᠴᠤᠯᠢ ᠡᠷᠭᠦᠪᠡ᠃                   ︵︽ᠮᠤᠩᠭᠤᠯ ᠤᠨ ᠨᠢᠭᠤᠴᠠ ᠳᠤᠪᠴᠢᠶᠠᠨ︾ ᠴ᠊ · ᠳᠠᠮᠳᠢᠨᠰᠦ᠋ᠷᠦᠩ ᠤᠨ ᠤᠷᠴᠢᠭᠤᠯᠭ᠎ᠠ ᠠᠴᠠ︶
 
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号