ᠠᠮᠠᠪᠴᠢ ᠶᠢ ᠤᠳᠠᠭᠠᠨ ᠵᠡᠭᠦᠵᠦ ᠪᠤᠯᠬᠤ ᠦᠭᠡᠢ
ᠨᠡᠶᠢᠲᠡᠯᠡᠭᠰᠡᠨ ᠴᠠᠭ᠄
2021/11/16
     ᠤᠶᠢᠷ᠎ᠠ ᠳᠤ᠂ ᠠᠮᠠᠪᠴᠢ ᠪᠤᠷᠤᠯᠠᠭᠤᠯᠭ᠎ᠠ ᠰᠠᠶᠢᠨᠳᠠᠢ ᠳᠠᠸᠠᠷ ᠪᠤᠯᠵᠤ᠂ ᠵᠡᠬᠡᠯᠢ ᠳᠡᠭᠡᠷ᠎ᠡ ᠠᠮᠠᠪᠴᠢ ᠵᠡᠬᠦᠵᠦ ᠶᠠᠪᠤᠬᠤ ᠬᠦᠮᠦᠰ ᠴᠤ ᠤᠯᠠᠨ ᠪᠤᠯᠵᠠᠢ᠃ ᠳᠤᠰᠬᠠᠢ ᠮᠡᠷᠭᠡᠵᠢᠯᠳᠡᠨ ᠠᠴᠠ᠂ ᠠᠮᠠᠪᠴᠢ ᠵᠡᠬᠦᠬᠦ ᠳᠡᠭᠡᠨ ᠴᠤ ᠰᠢᠨᠵᠢᠯᠡᠬᠦ ᠤᠬᠠᠭᠠᠨᠴᠢ ᠪᠠᠶᠢᠬᠤ ᠬᠡᠷᠡᠭᠳᠡᠢ᠂ ᠠᠮᠠᠪᠴᠢ ᠶᠢ ᠳᠤᠬᠢᠷᠠᠮᠵᠢᠳᠠᠢ ᠵᠡᠭᠦᠪᠡᠯ ᠰᠠᠶ᠋ᠢ ᠸᠢᠷᠦ᠋ᠰ ᠢ ᠬᠠᠮᠤᠭ ᠪᠦᠲᠦᠮᠵᠢᠳᠠᠢ ᠪᠠᠷ ᠳᠤᠰᠠᠭᠠᠷᠯᠠᠵᠤ᠂ ᠬᠢᠵᠢᠭ ᠡᠪᠡᠳᠴᠢᠨ ᠢ ᠪᠦᠲᠦᠮᠵᠢᠳᠠᠢ ᠰᠡᠷᠭᠡᠶᠢᠯᠡᠵᠦ ᠴᠢᠳᠠᠨ᠎ᠠ ᠭᠡᠵᠦ ᠰᠠᠨᠠᠭᠤᠯᠵᠤ ᠪᠤᠢ᠃ ᠪᠡᠭᠡᠵᠢᠩ ᠬᠤᠳᠠ ᠶᠢᠨ ᠬᠢᠵᠢᠭ ᠢ ᠰᠡᠷᠬᠡᠶᠢᠯᠡᠨ ᠡᠵᠡᠮᠳᠡᠬᠦ ᠲᠦᠪ ᠤᠨ ᠤᠷᠤᠨ ᠨᠤᠳᠤᠭ ᠤᠨ ᠬᠠᠯᠳᠠᠪᠤᠷᠢᠳᠤ ᠡᠪᠡᠳᠴᠢᠨ ᠢ ᠰᠡᠷᠭᠡᠶᠢᠯᠡᠬᠦ ᠭᠠᠵᠠᠷ ᠤᠨ ᠳᠤᠰᠬᠠᠢ ᠮᠡᠷᠭᠡᠵᠢᠯᠳᠡᠨ ᠸᠠᠩ ᠴᠢᠤᠸᠠᠨ ᠢ᠄ ︽ᠤᠯᠠᠨ ᠬᠦᠮᠦᠨ ᠲᠦᠪᠯᠡᠷᠡᠭᠰᠡᠨ᠂ ᠰᠠᠯᠬᠢ ᠠᠭᠠᠷ ᠰᠠᠶᠢᠨ ᠨᠡᠪᠳᠡᠷᠡᠬᠦ ᠦᠬᠡᠢ ᠤᠯᠠᠨ ᠨᠡᠶᠢᠳᠡ ᠶᠢᠨ ᠬᠦᠳᠡᠯᠬᠡᠬᠡᠨ ᠤ ᠭᠠᠵᠠᠷ ᠠᠮᠠᠪᠴᠢ ᠵᠡᠬᠦᠬᠦ ᠴᠢᠬᠤᠯᠠ ᠲᠠᠢ᠃ ᠶᠠᠮᠠᠷᠪᠠ ᠠᠮᠠᠪᠴᠢ ᠳᠤ ᠪᠦᠷ ᠰᠡᠷᠬᠡᠶᠢᠯᠡᠨ ᠬᠠᠮᠠᠭᠠᠯᠠᠬᠤ ᠦᠢᠯᠡᠳᠦᠯ ᠲᠠᠢ ᠲᠤᠯᠠ ᠵᠡᠭᠦᠬᠦ ᠨᠢ ᠶᠠᠭᠠᠬᠢᠪᠠᠴᠤ ᠵᠡᠬᠦᠭᠰᠡᠡ ᠦᠬᠡᠢ ᠠᠴᠠ ᠳᠡᠭᠡᠷ᠎ᠡ᠃ ᠭᠡᠪᠡᠴᠦ ᠨᠢᠬᠡ ᠬᠤᠶᠠᠷ ᠳᠠᠪᠬᠤᠷ ᠪᠤᠶᠤ ᠭᠤᠷᠪᠠ ᠲᠦᠷᠪᠡᠨ ᠳᠠᠪᠬᠤᠷ ᠤᠨ ᠠᠮᠠᠪᠴᠢ ᠨᠢ ᠲᠡᠳᠦᠢ ᠶᠡᠭᠡ ᠦᠢᠯᠡᠳᠦᠯ ᠦᠬᠡᠢ᠂ ᠵᠤᠵᠠᠭᠠᠨ ᠰᠢᠬ ᠨᠢ ᠨᠢᠮᠬᠡᠨ ᠠᠴᠠ ᠪᠠᠨ ᠳᠡᠭᠡᠷ᠎ᠡ ᠶᠤᠮ᠂ ᠭᠡᠪᠡᠴᠦ ᠪᠠᠰᠠ ᠬᠡᠳᠦᠷᠬᠡᠢ ᠵᠤᠵᠠᠭᠠᠨ ᠪᠠᠶᠢᠵᠤ ᠪᠤᠯᠬᠤ ᠦᠬᠡᠢ᠂ ᠬᠡᠳᠦ ᠵᠤᠵᠠᠭᠠᠨ ᠪᠤᠯᠵᠤ ᠠᠮᠢᠰᠬᠤᠯ ᠪᠦᠲᠡᠭᠰᠡᠪᠡᠯ ᠦᠢᠯᠡᠳᠦᠯ ᠨᠢ ᠴᠤ ᠰᠠᠶᠢᠨ ᠪᠤᠯᠵᠤ ᠳᠡᠶᠢᠯᠬᠦ ᠦᠭᠡᠢ︾ ᠭᠡᠯ᠎ᠡ᠃ ᠠᠩᠬᠠᠷᠬᠤ ᠴᠢᠬᠤᠯᠠ ᠲᠠᠢ ᠨᠢ᠂ ᠤᠯᠠᠩᠬᠢ ᠬᠦᠮᠦᠰ ᠤᠷᠴᠢᠨ ᠪᠠᠶᠢᠳᠠᠯ ᠪᠠ ᠴᠠᠭ ᠢ ᠬᠠᠮᠢᠶᠠᠷᠬᠤ ᠴᠤ ᠦᠭᠡᠢ ᠪᠠᠷ ᠬᠡᠳᠦᠨ ᠴᠠᠭ ᠦᠷᠭᠦᠯᠵᠢᠯᠡᠨ ᠠᠮᠠᠪᠴᠢ ᠵᠡᠬᠦᠬᠦ ᠨᠢ ᠴᠤ ᠰᠢᠨᠵᠢᠯᠡᠬᠦ ᠤᠬᠠᠭᠠᠨᠴᠢ ᠪᠢᠰᠢ ᠶᠤᠮ᠃ ᠠᠮᠠᠪᠴᠢ ᠶᠢ ᠳᠡᠩᠳᠡᠭᠦᠦ ᠤᠷᠳᠤ ᠬᠤᠭᠤᠴᠠᠭ᠎ᠠ ᠪᠠᠷ ᠦᠷᠭᠦᠯᠵᠢᠯᠡᠨ ᠵᠡᠭᠦᠵᠦ ᠪᠤᠯᠬᠤ ᠦᠭᠡᠢ ᠶᠤᠮ᠃ ᠡᠩ ᠤᠨ ᠪᠠᠶᠢᠳᠠᠯ ᠳᠤ ᠠᠮᠠᠪᠴᠢ ᠶᠢ 4 ᠴᠠᠭ ᠦᠷᠭᠦᠯᠵᠢᠯᠡᠨ ᠵᠡᠬᠦᠪᠡᠯ᠂ ᠠᠮᠠᠪᠴᠢ ᠳᠡᠭᠡᠷ᠎ᠡ ᠬᠦᠮᠦᠨ ᠤ ᠠᠮᠢᠰᠬᠤᠨ ᠭᠠᠷᠭᠠᠭᠰᠠᠨ ᠤᠭᠤᠷᠠᠭ ᠪᠠ ᠤᠰᠤᠨ ᠤ ᠠᠭᠤᠷ ᠵᠡᠷᠬᠡ ᠪᠤᠳᠠᠰ ᠬᠤᠷᠠᠨ ᠨᠠᠭᠠᠯᠳᠤᠵᠤ᠂ ᠪᠠᠺᠲ᠋ᠧᠷᠢ ᠦᠷᠡᠵᠢᠨ ᠳᠡᠯᠭᠡᠷᠡᠬᠦ ᠤᠷᠴᠢᠨ ᠢ ᠪᠤᠢ ᠪᠤᠯᠭᠠᠵᠤ᠂ ᠬᠦᠮᠦᠨ ᠤ ᠪᠡᠶ᠎ᠡ ᠳᠤ ᠬᠤᠤᠷ ᠬᠦᠨᠦᠬᠡᠯ ᠪᠤᠯᠳᠠᠭ ᠶᠤᠮ᠃ ︵ᠭᠡᠷᠡᠯᠲᠤᠶᠠᠭ᠎ᠠ︶
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ