ᠤᠳᠤᠬᠠᠨ ᠤ ᠬᠦᠮᠦᠰ ᠪᠡᠶ᠎ᠠ ᠳᠠᠬᠢ ᠬᠤᠤᠷ ᠢᠶᠠᠨ ᠬᠡᠷᠬᠢᠨ ᠭᠠᠳᠠᠭᠰᠢᠯᠠᠭᠤᠯᠬᠤ ᠲᠤᠬᠠᠢ ᠤᠯᠠᠮ ᠠᠩᠬᠠᠷᠬᠤ | ᠪᠤᠯᠵᠠᠢ᠂ ᠨᠡᠩ ᠴᠦ ᠵᠠᠯᠠᠭᠤ ᠡᠮᠡᠭᠳᠡᠶᠢᠴᠤᠳ ᠠᠷᠭ᠎ᠠ ᠪᠦᠬᠦᠨ ᠢ ᠰᠦᠪᠡᠭᠴᠢᠯᠡᠨ᠂ ᠲᠡᠷᠡᠴᠢᠯᠡᠨ ᠡᠷᠡᠭᠦᠯ ᠡᠩᠭᠡ ᠪᠠᠨ | ᠦᠷᠡᠭᠳᠡᠭᠦᠯᠵᠦ ᠪᠠᠶᠢᠭᠠᠳ ᠴᠦ ᠬᠤᠤᠷ ᠭᠠᠳᠠᠭᠰᠢᠯᠠᠭᠤᠯᠬᠤ ᠠᠷᠭ᠎ᠠ ᠠᠪᠴᠤ ᠪᠤᠢ᠂ ᠦᠨᠡᠨ ᠳᠡᠭᠡᠨ ᠡᠳᠦᠷ | ᠲᠤᠳᠤᠮ ᠤᠨ ᠢᠳᠡᠭᠡᠨ ᠤᠮᠳᠠᠭᠠᠨ ᠳᠠᠭᠠᠨ ᠬᠤᠤᠷ ᠭᠠᠳᠠᠭᠰᠢᠯᠠᠭᠤᠯᠬᠤ ᠦᠢᠯᠡᠳᠦᠯ ᠲᠠᠢ ᠢᠳᠡᠭᠡᠨ ᠢ ᠢᠯᠡᠭᠦᠭᠡᠨ | ᠢᠳᠡᠪᠡᠯ ᠡᠷᠡᠭᠦᠯ ᠴᠢᠬᠢᠷᠠᠭ ᠪᠦᠭᠡᠳ ᠵᠤᠭᠤᠰᠤᠨ ᠳᠤ ᠴᠦ ᠠᠷᠪᠢᠳᠠᠢ ᠪᠠᠶᠢᠳᠠᠭ᠃ ᠪᠡᠶ᠎ᠠ ᠳᠤ ᠬᠤᠤᠷ ᠪᠠᠶᠢᠬᠤ | ᠡᠰᠡᠬᠦ ᠶᠢᠨ 5 ᠢᠯᠡᠷᠡᠯ᠂ ᠲᠠ ᠤᠨᠤᠭᠳᠠᠪᠠᠦ︖ ᠬᠠᠴᠠᠷ ᠤᠨ ᠬᠤᠶᠠᠷ ᠬᠠᠪᠢ ᠪᠠᠷ ᠪᠤᠳᠤ ᠭᠠᠷᠬᠤ᠄ ᠬᠠᠴᠠᠷ ᠤᠨ | ᠬᠤᠶᠠᠷ ᠬᠠᠪᠢ ᠪᠤᠯ ᠡᠯᠢᠭᠡᠨ ᠤ ᠬᠠᠷᠢᠶ᠎ᠠ ᠭᠠᠵᠠᠷ ᠪᠤᠯᠤᠨ᠎ᠠ᠂ ᠡᠯᠢᠭᠡᠨ ᠳᠠᠬᠢ ᠬᠤᠤᠷ ᠢᠯᠭᠤᠮ ᠭᠠᠳᠠᠭᠰᠢᠯᠠᠭᠳᠠᠬᠤ | ᠦᠭᠡᠢ ᠪᠤᠯ ᠬᠠᠴᠠᠷ ᠤᠨ ᠬᠤᠶᠠᠷ ᠬᠠᠪᠢ ᠪᠠᠷ ᠪᠤᠳᠤ ᠢᠯᠡᠷᠡᠨ᠎ᠠ᠃ ᠬᠡᠯᠡ ᠰᠢᠷᠬᠠᠯᠠᠬᠤ᠄ ᠡᠮᠴᠢ ᠶᠢᠨ ᠦᠵᠡᠬᠦ ᠪᠠᠷ᠂ | ᠬᠡᠯᠡ ᠪᠤᠯᠤᠨ ᠵᠢᠷᠦᠭᠡ ᠨᠢᠭᠳᠠ ᠬᠠᠷᠢᠴᠠᠭ᠎ᠠ ᠲᠠᠢ᠂ ᠬᠡᠯᠡ ᠰᠢᠷᠬᠠᠯᠠᠬᠤ ᠨᠢ ᠶᠡᠷᠦᠳᠡᠭᠡᠨ ᠵᠢᠷᠦᠭᠡᠨ ᠬᠠᠯᠠᠭᠤᠨ | ᠶᠡᠬᠡᠳᠦᠭᠰᠡᠨ ᠠᠴᠠ ᠪᠤᠯᠵᠠᠢ᠃ ᠬᠠᠴᠠᠷ ᠲᠤ ᠦᠩᠭᠡᠨ ᠲᠤᠯᠪᠤ ᠭᠠᠷᠬᠤ᠄ ᠲᠡᠯᠢᠭᠦᠦ ᠪᠡᠶ᠎ᠠ ᠳᠠᠬᠢ ᠴᠢᠬᠢᠭ ᠢ | ᠭᠠᠳᠠᠭᠰᠢᠯᠠᠭᠤᠯᠬᠤ ᠴᠢᠳᠠᠮᠵᠢ ᠲᠠᠢ᠂ ᠲᠡᠯᠢᠭᠦᠦ ᠬᠤᠤᠷᠳᠠᠭᠳᠠᠪᠠᠯ ᠬᠤᠤᠷ ᠭᠠᠳᠠᠭᠰᠢᠯᠠᠭᠤᠯᠬᠤ ᠶᠢᠨ ᠠᠷᠭ᠎ᠠ ᠦᠭᠡᠢ | ᠪᠠᠶᠢᠵᠤ᠂ ᠬᠤᠷᠠᠮᠳᠤᠭᠰᠠᠨ ᠬᠤᠤᠷ ᠨᠢ ᠨᠦᠭᠦᠴᠡᠯ ᠡᠷᠢᠵᠦ ᠭᠠᠳᠠᠭᠰᠢᠯᠠᠳᠠᠭ᠃ ᠦᠷᠭᠦᠯᠵᠢ ᠬᠤᠷᠭᠤᠰᠤᠯᠠᠬᠤ᠄ | ᠠᠭᠤᠰᠬᠢ ᠪᠤᠯᠤᠨ ᠪᠦᠳᠦᠭᠦᠨ ᠭᠡᠳᠡᠰᠦ ᠪᠤᠯ ᠲᠦᠭᠦᠷ ᠰᠢᠰᠲ᠋ᠧᠮ ᠪᠤᠯᠤᠨ᠎ᠠ᠂ ᠠᠭᠤᠰᠬᠢᠨ ᠳᠤ ᠬᠤᠤᠷ ᠪᠠᠶᠢᠬᠤ | ᠦᠶᠡᠰ ᠪᠦᠳᠦᠭᠦᠨ ᠭᠡᠳᠡᠰᠦᠨ ᠳᠤ ᠴᠦ ᠬᠡᠪ ᠤᠨ ᠪᠤᠰᠤ ᠬᠤᠷᠠᠮᠳᠤᠯ ᠢᠯᠡᠷᠡᠵᠦ᠂ ᠬᠤᠷᠭᠤᠰᠤᠯᠠᠬᠤ ᠦᠵᠡᠭᠳᠡᠯ | ᠭᠠᠷᠤᠨ᠎ᠠ᠃ ᠠᠮᠠᠷᠬᠠᠨ ᠶᠠᠳᠠᠷᠠᠬᠤ᠄ ᠪᠡᠶ᠎ᠠ ᠲᠤᠳᠤᠷᠠᠬᠢ ᠬᠤᠤᠷ ᠨᠢ ᠪᠦᠭᠡᠷ᠎ᠠ ᠶᠢᠨ ᠡᠨᠧᠷᠬᠢ ᠶᠢ ᠬᠤᠷᠤᠭᠳᠠᠭᠤᠯᠤᠨᠠ᠂ | ᠪᠦᠭᠡᠷ᠎ᠠ ᠶᠢᠨ ᠬᠠᠩᠭᠠᠬᠤ ᠡᠨᠧᠷᠬᠢ ᠪᠠᠭᠠᠰᠬᠤ ᠶᠢ ᠲᠠᠭᠠᠯᠳᠤᠨ ᠪᠡᠶ᠎ᠠ ᠮᠠᠬᠠᠪᠤᠳ ᠶᠠᠳᠠᠷᠠᠵᠤ ᠲᠦᠢᠯᠳᠠᠬᠤ ᠢᠯᠡᠷᠡᠯ | ᠭᠠᠷᠤᠨ᠎ᠠ᠃ ᠲᠤᠤᠷᠠᠬᠢ ᠲᠦᠷᠪᠡᠨ ᠵᠦᠢᠯ ᠤᠨ ᠢᠳᠡᠭᠡᠨ ᠬᠤᠤᠷ ᠢ ᠭᠠᠳᠠᠭᠰᠢᠯᠠᠭᠤᠯᠬᠤ ᠳᠤ ᠲᠤᠰᠠᠳᠠᠢ᠄ ᠲᠠᠯᠠᠢ ᠶᠢᠨ | ᠵᠠᠮᠠᠭ ᠤᠨ ᠲᠦᠷᠦᠯ᠃ ᠲᠠᠯᠠᠢ ᠶᠢᠨ ᠵᠠᠮᠠᠭ ᠤᠨ ᠲᠦᠷᠦᠯ ᠤᠨ ᠢᠳᠡᠭᠡᠨ ᠳᠤ ᠬᠠᠶᠢᠳᠠᠢ᠂ ᠤᠯᠠᠭᠠᠨ ᠨᠤᠭᠤᠭ᠎ᠠ ᠵᠡᠷᠭᠡ | ᠪᠠᠭᠳᠠᠨ᠎ᠠ᠂ ᠡᠳᠡᠭᠡᠷ ᠨᠢ ᠰᠠᠴᠤᠷᠠᠮᠠᠬᠠᠢ ᠪᠤᠳᠠᠰ ᠢ ᠪᠠᠭᠠᠰᠬᠠᠳᠠᠭ᠂ ᠡᠭᠦᠨ ᠤ ᠲᠤᠳᠤᠷᠠᠬᠢ ᠴᠠᠪᠠᠤᠯᠢᠭ ᠡᠳ᠋ ᠨᠢ ᠪᠡᠶ᠎ᠠ | ᠲᠤᠳᠤᠷᠠᠬᠢ ᠰᠠᠴᠤᠷᠠᠮᠠᠬᠠᠢ ᠪᠤᠳᠠᠰ ᠢ ᠦᠳᠭᠡᠨ ᠮᠦᠷ ᠲᠠᠢ ᠬᠠᠮᠳᠤ ᠪᠡᠶ᠎ᠠ ᠶᠢᠨ ᠭᠠᠳᠠᠨ᠎ᠠ ᠭᠠᠳᠠᠭᠰᠢᠯᠠᠭᠤᠯᠬᠤ ᠠᠴᠠ | ᠪᠤᠯᠵᠤ ᠰᠠᠴᠤᠷᠠᠮᠠᠬᠠᠢ ᠪᠤᠳᠠᠰ ᠤᠨ ᠪᠡᠶ᠎ᠠ ᠳᠤ ᠬᠤᠷᠠᠮᠳᠤᠬᠤ ᠠᠴᠠ ᠰᠡᠷᠭᠡᠶᠢᠯᠡᠵᠦ᠂ ᠰᠠᠴᠤᠷᠠᠭ ᠤᠨ ᠴᠢᠨᠠᠷᠳᠠᠢ | ᠡᠪᠡᠳᠴᠢᠨ ᠬᠢᠵᠢᠭ ᠡᠭᠦᠰᠬᠦ ᠨᠤᠷᠮ᠎ᠠ ᠶᠢ ᠲᠤᠷᠤᠭᠰᠢᠯᠠᠭᠤᠯᠳᠠᠭ᠃ ᠪᠤᠷᠴᠠᠭ ᠤᠨ ᠲᠦᠷᠦᠯ ᠤᠨ ᠱᠦᠯᠦ᠃ | ᠪᠤᠷᠴᠠᠭ ᠤᠨ ᠲᠦᠷᠦᠯ ᠤᠨ ᠱᠦᠯᠦ ᠨᠢ ᠪᠡᠶ᠎ᠠ ᠲᠤᠳᠤᠷᠠᠬᠢ ᠤᠯᠠᠨ ᠵᠦᠢᠯ ᠤᠨ ᠬᠤᠤᠷ ᠢ ᠭᠠᠳᠠᠭᠰᠢᠯᠠᠭᠤᠯᠬᠤ ᠳᠤ | ᠬᠠᠪᠰᠤᠷᠴᠤ᠂ ᠪᠡᠶ᠎ᠠ ᠮᠠᠬᠠᠪᠤᠳ ᠤᠨ ᠰᠢᠨ᠎ᠠ ᠬᠠᠭᠤᠴᠢᠨ ᠤ ᠰᠤᠯᠢᠯᠴᠠᠭ᠎ᠠ ᠶᠢ ᠠᠬᠢᠭᠤᠯᠳᠠᠭ᠃ ᠡᠭᠦᠨ ᠠᠴᠠ ᠭᠠᠳᠠᠨ᠎ᠠ | ᠂ ᠰᠢᠷ᠎ᠠ ᠪᠤᠷᠴᠠᠭ ᠲᠤ ᠤᠷᠭᠤᠮᠠᠯ ᠤᠨ ᠡᠮ᠎ᠠ ᠬᠤᠷᠮᠤᠨ ᠠᠭᠤᠯᠤᠭᠳᠠᠵᠤ᠂ ᠪᠡᠶ᠎ᠠ ᠲᠤᠳᠤᠷᠠᠬᠢ ᠡᠷᠡᠮᠳᠡᠭ ᠪᠤᠯᠭᠠᠬᠤ | ᠪᠤᠳᠠᠰ ᠢ ᠠᠷᠢᠯᠭᠠᠵᠤ᠂ ᠡᠮᠡᠭᠳᠡᠶᠢᠴᠤᠳ ᠤᠨ ᠭᠤᠸ᠎ᠠ ᠭᠠᠯᠪᠢᠷ ᠢᠶᠠᠨ ᠬᠠᠳᠠᠭᠠᠯᠠᠬᠤ ᠳᠤ ᠲᠤᠰᠠᠯᠠᠮᠵᠢ ᠪᠤᠯᠳᠠᠭ᠃ | ᠮᠦᠬᠦ ᠶᠢᠨ ᠲᠦᠷᠦᠯ ᠤᠨ ᠤᠷᠭᠤᠮᠠᠯ᠃ ᠮᠦᠬᠦ ᠶᠢᠨ ᠲᠦᠷᠦᠯ ᠤᠨ ᠢᠳᠡᠭᠡᠨ ᠢ ᠦᠷᠭᠦᠯᠵᠢ ᠢᠳᠡᠪᠡᠯ ᠪᠡᠶ᠎ᠠ | ᠭᠠᠯᠪᠢᠷ ᠢᠶᠠᠨ ᠭᠤᠸ᠎ᠠ ᠰᠠᠶᠢᠬᠠᠨ ᠪᠠᠶᠢᠯᠭᠠᠬᠤ ᠳᠤ ᠲᠤᠰᠠᠳᠠᠢ᠂ ᠤᠨᠴᠠᠭᠠᠶᠢᠯᠠᠨ ᠬᠠᠷ᠎ᠠ ᠲᠡᠯᠳᠡᠦ ᠪᠤᠯᠤᠨ ᠦᠨᠦᠷᠳᠦ | ᠮᠦᠬᠦ ᠶᠢᠨ ᠤᠨᠴᠠᠭᠠᠢ ᠪᠦᠷᠢᠯᠳᠦᠭᠦᠨ ᠨᠢ ᠴᠢᠰᠤ ᠶᠢ ᠴᠡᠪᠡᠷᠰᠢᠭᠦᠯᠦᠨ ᠬᠤᠤᠷ ᠢ ᠲᠠᠶᠢᠯᠬᠤ ᠦᠢᠯᠡᠳᠦᠯ ᠲᠠᠢ᠃ | ᠡᠭᠦᠨ ᠠᠴᠠ ᠭᠠᠳᠠᠨ᠎ᠠ᠂ ᠮᠦᠬᠦ ᠶᠢᠨ ᠲᠦᠷᠦᠯ ᠢ ᠦᠷᠭᠦᠯᠵᠢ ᠢᠳᠡᠪᠡᠯ ᠴᠢᠰᠤᠨ ᠲᠠᠷᠤᠯᠳᠠ ᠪᠤᠯᠤᠨ ᠰᠦᠰᠦᠨ ᠤ | ᠭᠤᠨᠠᠨ ᠠᠯᠺᠤᠤᠯ ᠢ ᠪᠠᠭᠤᠷᠠᠭᠤᠯᠤᠨ᠂ ᠴᠢᠰᠤᠨ ᠰᠤᠳᠠᠯ ᠬᠠᠳᠠᠭᠤᠷᠠᠬᠤ ᠠᠴᠠ ᠰᠡᠷᠭᠡᠶᠢᠯᠡᠨ᠂ ᠪᠡᠶ᠎ᠠ ᠮᠠᠬᠠᠪᠤᠳ ᠤᠨ | ᠡᠭᠡᠯᠢᠯᠡᠭᠡ ᠶᠢᠨ ᠴᠢᠳᠠᠪᠤᠷᠢ ᠶᠢ ᠲᠡᠭᠡᠭᠰᠢᠯᠡᠭᠦᠯᠦᠨ᠎ᠠ᠂ ᠴᠢᠮᠦᠭᠡᠨ ᠤ ᠴᠢᠰᠤ ᠪᠦᠳᠦᠭᠡᠬᠦ ᠴᠢᠳᠠᠪᠤᠷᠢ ᠶᠢ ᠨᠡᠮᠡᠭᠳᠡᠭᠦᠯᠳᠡᠭ᠃ | ᠨᠤᠭᠤᠭ᠎ᠠ ᠵᠢᠮᠢᠰ ᠢ ᠲᠦᠭᠦᠭᠡᠢ ᠪᠠᠷ ᠢᠳᠡᠬᠦ᠃ ᠨᠤᠭᠤᠭ᠎ᠠ ᠵᠢᠮᠢᠰ ᠲᠤ ᠬᠤᠤᠷ ᠲᠠᠶᠢᠯᠬᠤ ᠡᠳ᠋ ᠡᠯᠪᠡᠭ | ᠠᠭᠤᠯᠤᠭᠳᠠᠳᠠᠭ᠃ ᠵᠢᠱᠢᠶᠡᠯᠡᠪᠡᠯ ᠬᠤᠯᠤᠤᠪᠠᠩ ᠨᠢ ᠬᠦᠨᠳᠦ ᠲᠡᠮᠦᠷᠯᠢᠭ ᠮᠦᠩᠭᠦᠨ ᠤᠰᠤ ᠲᠠᠢ ᠨᠡᠶᠢᠯᠡᠭᠡᠳ ᠰᠢᠨ᠎ᠠ | ᠪᠤᠳᠠᠰ ᠪᠤᠯᠵᠤ ᠪᠡᠶ᠎ᠠ ᠠᠴᠠ ᠭᠠᠳᠠᠭᠰᠢᠯᠠᠳᠠᠭ︔ ᠰᠠᠷᠢᠮᠰᠠᠭ ᠲᠠᠬᠢ ᠤᠨᠴᠠᠭᠠᠢ ᠪᠤᠳᠠᠰ ᠨᠢ ᠪᠡᠶ᠎ᠠ ᠲᠤᠳᠤᠷᠠᠬᠢ | ᠲᠤᠭᠤᠯᠭ᠎ᠠ ᠶᠢᠨ ᠦᠳᠭᠡᠴᠡ ᠶᠢ ᠪᠠᠭᠤᠷᠠᠭᠤᠯᠳᠠᠭ᠃ ᠭᠤᠭᠤᠳ ᠲᠤ ᠸᠢᠲ᠋ᠠᠮᠢᠨ ᠵᠡᠷᠭᠡ ᠪᠦᠷᠢᠯᠳᠦᠭᠦᠨ ᠠᠭᠤᠯᠤᠭᠳᠠᠵᠤ | ᠂ ᠪᠦᠳᠦᠭᠦᠯᠢᠭ ᠰᠢᠷᠭᠡᠭᠯᠢᠭ ᠨᠢ ᠠᠷᠢᠬᠢ ᠲᠠᠮᠠᠬᠢ ᠤᠤᠭᠤᠭᠴᠢᠳ ᠢ ᠬᠠᠪᠰᠤᠷᠴᠤ ᠬᠤᠤᠷ ᠢ ᠭᠠᠳᠠᠭᠰᠢᠯᠠᠭᠤᠯᠳᠠᠭ᠃ |