ᠵᠢᠷᠤᠭᠡᠡ ᠤ ᠬᠤᠤᠷ ᠢ ᠴᠡᠪᠡᠷᠯᠡᠬᠦ ᠠᠷᠭ᠎ᠠ
ᠨᠡᠶᠢᠲᠡᠯᠡᠭᠰᠡᠨ ᠴᠠᠭ᠄
2021/11/19
     ᠵᠢᠷᠦᠭᠡ ᠪᠤᠯ ᠬᠦᠮᠦᠨ ᠤ ᠡᠷᠡᠭᠦᠯ ᠡᠩᠬᠡ ᠶᠠᠪᠤᠬᠤ ᠶᠢᠨ ᠪᠡᠯᠭᠡ ᠳᠡᠮᠳᠡᠭ ᠪᠤᠯᠤᠨ᠎ᠠ᠃ ᠵᠦᠪᠬᠡᠨ ᠵᠢᠷᠦᠭᠡ ᠡᠷᠡᠭᠦᠯ ᠪᠠᠶᠢᠮᠠᠨᠵᠢᠨ ᠪᠦᠬᠦ ᠪᠡᠶ᠎ᠡ ᠶᠢᠨ ᠡᠯ᠎ᠠ ᠵᠦᠢᠯ ᠤᠨ ᠹᠢᠽᠢᠦᠯᠦᠭᠢ ᠶᠢᠨ ᠠᠵᠢᠯᠯᠠᠭ᠎ᠠ ᠰᠠᠶ᠋ᠢ ᠬᠡᠪ ᠤᠨ ᠪᠠᠶᠢᠳᠠᠯ ᠢᠶᠠᠷ ᠶᠠᠪᠤᠭᠳᠠᠵᠤ ᠴᠢᠳᠠᠨ᠎ᠠ᠃ ᠵᠢᠷᠦᠭᠡᠨ ᠳᠤ ᠬᠤᠤᠷᠳᠤ ᠪᠤᠳᠠᠰ ᠬᠤᠷᠠᠭᠰᠠᠨ ᠢᠯᠡᠷᠡᠯ᠄ 1. ᠬᠡᠯᠡ ᠰᠢᠷᠬᠠᠯᠠᠬᠤ᠃ ᠬᠢᠳᠠᠳ ᠡᠮᠨᠡᠯᠭᠡ ᠳᠤ ᠬᠡᠯᠡ ᠪᠤᠯᠤᠨ ᠵᠢᠷᠦᠭᠡ ᠨᠢ ᠨᠢᠬᠳᠠ ᠬᠠᠷᠢᠴᠠᠭ᠎ᠠ ᠲᠠᠢ᠂ ᠡᠶᠢᠮᠦ ᠠᠴᠠ ᠭᠡᠯᠡ ᠰᠢᠷᠬᠠᠯᠠᠪᠠᠯ ᠶᠡᠷᠦᠳᠡᠭᠡᠨ ᠵᠢᠷᠦᠭᠡᠨ ᠳᠤ ᠬᠠᠯᠠᠭᠤᠨ ᠰᠢᠷᠭᠤᠭᠰᠠᠨ ᠠᠴᠠ ᠪᠤᠯᠤᠭᠰᠠᠨ ᠭᠡᠵᠦ ᠦᠵᠡᠳᠡᠭ᠃ 2. ᠮᠠᠩᠨᠠᠢ ᠳᠡᠭᠡᠷ᠎ᠡ ᠰᠡᠪᠬᠡ ᠭᠠᠷᠬᠤ᠃ ᠮᠠᠩᠨᠠᠢ ᠨᠢ ᠵᠢᠷᠦᠭᠡᠨ ᠤ ᠰᠢᠭᠤᠳ ᠬᠠᠷᠢᠶ᠎ᠡ ᠤᠷᠤᠨ ᠪᠤᠯᠤᠨ᠎ᠠ᠂ ᠵᠢᠷᠦᠭᠡᠨ ᠤ ᠬᠠᠯᠠᠭᠤᠨ ᠶᠡᠬᠡᠰᠬᠦ ᠪᠠᠷ ᠬᠠᠷᠢᠶ᠎ᠠ ᠤᠷᠤᠨ ᠨᠢ ᠴᠤ ᠬᠠᠯᠠᠭᠤᠨ ᠳᠤ ᠳᠠᠭᠠᠷᠢᠬᠳᠠᠵᠤ᠂ ᠰᠡᠪᠬᠡ ᠶᠢᠨ ᠬᠡᠯᠪᠡᠷᠢ ᠪᠠᠷ ᠢᠯᠡᠷᠡᠳᠡᠭ᠃ 3. ᠨᠦᠢᠷ ᠬᠤᠯᠵᠢᠬᠤ᠂ ᠭᠤᠤᠯ ᠳᠡᠯᠡᠰᠬᠦ᠃ ᠵᠢᠷᠦᠭᠡ ᠪᠤᠯ ᠵᠤᠬᠰᠤᠭ᠎ᠠ ᠦᠭᠡᠢ ᠠᠵᠢᠯᠯᠠᠵᠤ ᠪᠠᠶᠢᠳᠠᠭ᠂ ᠵᠢᠷᠦᠭᠡᠨ ᠳᠤ ᠬᠠᠯᠠᠭᠤᠨ ᠰᠢᠷᠭᠤᠭᠠᠳ ᠭᠠᠳᠠᠭᠰᠢᠯᠠᠭᠤᠯᠵᠤ ᠳᠡᠶᠢᠯᠬᠦ ᠦᠭᠡᠢ ᠦᠶ᠎ᠡ ᠳᠤ ᠳᠠᠭᠠᠳᠠᠢ ᠤᠨᠳᠠᠬᠤ ᠪᠤᠯᠤᠮᠵᠢ ᠦᠭᠡᠢ ᠪᠤᠯᠳᠠᠭ᠃ 4. ᠴᠡᠭᠡᠵᠢ ᠪᠢᠳᠡᠭᠦᠷᠡᠬᠦ ᠪᠤᠶᠤ ᠬᠠᠳᠬᠤᠯᠠᠬᠤ᠃ ᠵᠢᠷᠦᠭᠡᠨ ᠳᠤᠳᠤᠷ᠎ᠠ ᠴᠢᠰᠦ ᠪᠦᠭᠡᠮᠨᠡᠷᠡᠬᠦ ᠪᠠᠶᠢᠳᠠᠯ ᠭᠠᠷᠬᠤ ᠪᠤᠯ ᠮᠦᠨ ᠬᠤᠤᠷᠳᠤ ᠪᠤᠳᠠᠰ ᠬᠤᠷᠠᠬᠰᠠᠨ ᠠᠴᠠ ᠪᠤᠯᠳᠠᠭ᠂ ᠡᠨᠡ ᠦᠶ᠎ᠠ ᠳᠤ ᠬᠦᠩᠬᠡᠨ ᠰᠢᠭ ᠪᠤᠯ ᠴᠡᠭᠡᠵᠢ ᠪᠢᠳᠡᠭᠦᠷᠡᠵᠦ᠂ ᠬᠦᠨᠳᠦ ᠰᠢᠭ ᠪᠤᠯ ᠬᠠᠳᠬᠤᠯᠠᠵᠤ ᠡᠪᠡᠳᠭᠦ ᠪᠠᠶᠢᠳᠠᠯ ᠭᠠᠷᠳᠠᠭ᠃      ᠳᠡᠭᠡᠪᠡᠯ ᠵᠢᠷᠦᠭᠡᠨ ᠳᠤ ᠬᠤᠷᠠᠭᠰᠠᠨ ︽ᠬᠤᠭ ᠨᠤᠪᠰᠢ︾ ᠶᠢ ᠶᠠᠭᠠᠬᠢᠵᠤ ᠴᠡᠪᠡᠷᠯᠡᠬᠦ ᠪᠤᠢ︖ 1. ᠭᠠᠰᠢᠭᠤᠨ ᠢ ᠢᠳᠡᠪᠡᠯ ᠬᠤᠤᠷ ᠢ ᠳᠠᠭᠤᠨ᠎ᠠ᠃ ᠯᠢᠩᠬᠸ᠎ᠠ ᠶᠢᠨ ᠦᠷ᠎ᠡ ᠶᠢᠨ ᠴᠦᠮ᠎ᠠ ᠶᠢ ᠭᠤᠤᠯ ᠪᠤᠯᠭᠠᠵᠤ ᠳᠠᠨᠢᠯᠴᠠᠭᠤᠯᠤᠶ᠎ᠠ᠄ ᠳᠡᠷᠡ ᠨᠢ ᠭᠠᠰᠢᠭᠤᠨ ᠠᠮᠳᠠ ᠲᠠᠢ᠂ ᠵᠢᠷᠦᠭᠡᠨ ᠤ ᠬᠠᠯᠠᠭᠤᠨ ᠢ ᠳᠠᠭᠤᠬᠤ ᠦᠢᠯᠡᠳᠦᠯ ᠲᠠᠢ᠂ ᠬᠦᠢᠳᠡᠨ ᠴᠢᠨᠠᠷᠲᠠᠢ ᠪᠤᠯᠪᠠᠴᠤ ᠬᠦᠮᠦᠨ ᠤ ᠠᠷᠭ᠎ᠠ ᠬᠡᠢ ᠶᠢ ᠬᠤᠬᠢᠷᠠᠭᠤᠯᠳᠠᠭ ᠦᠭᠡᠢ ᠪᠤᠯᠬᠤᠷ ᠵᠢᠷᠦᠭᠡᠨ ᠤ ᠬᠠᠯᠠᠭᠤᠨ ᠪᠤᠶᠤ ᠬᠤᠤᠷ ᠢ ᠳᠠᠭᠤᠬᠤ ᠬᠠᠮᠤᠭ ᠤᠨ ᠰᠠᠶᠢᠨ ᠢᠳᠡᠭᠡᠨ ᠳᠤ ᠳᠤᠭᠠᠴᠠᠬᠳᠠᠳᠠᠭ᠃ ᠯᠢᠩᠬᠸ᠎ᠠ ᠶᠢᠨ ᠦᠷ᠎ᠡ ᠶᠢᠨ ᠴᠦᠮ᠎ᠠ ᠪᠠᠷ ᠴᠠᠢ ᠴᠢᠢᠯᠡᠵᠦ ᠤᠤᠭᠤᠵᠤ ᠪᠤᠯᠤᠨ᠎ᠠ᠂ ᠪᠠᠭ᠎ᠠ ᠰᠠᠭ᠎ᠠ ᠬᠤᠯᠤᠰᠤᠨ ᠨᠠᠪᠴᠢ ᠪᠤᠶᠤ ᠳᠦᠭᠦᠬᠡᠢ ᠵᠡᠭᠡᠷᠭᠡᠨ᠎ᠠ ᠪᠠᠷ ᠬᠠᠪᠰᠤᠷᠭᠠᠪᠠᠯ ᠯᠢᠩᠬᠸ᠎ᠠ ᠶᠢᠨ ᠦᠷ᠎ᠡ ᠶᠢᠨ ᠴᠦᠮ᠎ᠠ ᠶᠢᠨ ᠬᠤᠤᠷ ᠢ ᠳᠠᠭᠤᠬᠤ ᠦᠢᠯᠡᠳᠦᠯ ᠢ ᠨᠢ ᠨᠡᠮᠡᠭᠳᠡᠭᠦᠯᠦᠨ᠎ᠠ᠃ 2. ᠵᠢᠷᠦᠭᠡᠨ ᠤ ᠬᠤᠤᠷ ᠢ ᠳᠠᠭᠤᠬᠤ ᠪᠡᠯᠴᠢᠷ ᠢ ᠨᠤᠬᠤᠯᠠᠨ᠎ᠠ᠃ ᠡᠨᠡ ᠨᠢ ᠱᠤᠤ ᠹᠦ᠋ ᠪᠡᠯᠴᠢᠷ ︵少府穴︶ ᠪᠤᠯᠤᠨ᠎ᠠ᠂ ᠭᠠᠷ ᠤᠨ ᠠᠯᠠᠭᠠᠨ ᠤ 4 ᠪᠠ 5 ᠳ᠋ᠤᠭᠠᠷ ᠠᠯᠠᠭᠠᠨ ᠶᠠᠰᠤᠨ ᠤ ᠬᠤᠭᠤᠷᠤᠨᠳᠤ᠂ ᠨᠢᠳᠤᠷᠭ᠎ᠠ ᠪᠠᠨ ᠵᠠᠩᠭᠢᠳᠬᠤ ᠦᠶ᠎ᠠ ᠳᠤ ᠰᠢᠭᠡᠵᠢ ᠬᠤᠷᠤᠭᠤ ᠪᠤᠯᠤᠨ ᠢᠳᠡᠮ ᠬᠤᠷᠤᠭᠤᠨ ᠤ ᠦᠵᠦᠭᠦᠷ ᠤᠨ ᠬᠤᠭᠤᠷᠤᠨᠳᠤ ᠪᠠᠶᠢᠳᠠᠭ᠃ ᠡᠨᠡ ᠪᠡᠯᠴᠢᠷ ᠢ ᠪᠠᠷᠠᠭᠤᠨ ᠵᠡᠭᠦᠨ ᠭᠠᠷ ᠢᠶᠠᠨ ᠡᠭᠡᠯᠵᠢᠯᠡᠨ ᠨᠡᠯᠢᠶᠡᠳ ᠬᠦᠴᠦᠳᠠᠢ ᠨᠤᠬᠤᠯᠠᠨ᠎ᠠ᠃ 3. ᠨᠤᠭᠤᠭᠠᠨ ᠪᠤᠷᠴᠠᠭ ᠨᠢ ᠰᠢᠭᠡᠬᠦ ᠶᠢ ᠰᠠᠶᠢᠵᠢᠷᠠᠭᠤᠯᠵᠤ ᠬᠤᠤᠷ ᠳᠠᠭᠤᠳᠠᠭ᠃ ᠨᠤᠭᠤᠭᠠᠨ ᠪᠤᠷᠴᠠᠭ ᠨᠢ ᠰᠢᠭᠡᠬᠦ ᠶᠢ ᠰᠠᠶᠢᠵᠢᠷᠠᠭᠤᠯᠬᠤ ᠪᠠᠷ ᠳᠠᠮᠵᠢᠨ ᠵᠢᠷᠦᠭᠡᠨ ᠳᠤ ᠬᠤᠷᠠᠭᠰᠠᠨ ᠬᠤᠤᠷᠳᠤ ᠪᠤᠳᠠᠰ ᠢ ᠵᠠᠳᠠᠷᠠᠭᠤᠯᠤᠨ ᠭᠠᠳᠠᠭᠰᠢᠯᠠᠭᠤᠯᠳᠠᠭ᠃ ᠨᠤᠭᠤᠭᠠᠨ ᠪᠤᠷᠴᠠᠭ ᠢ ᠵᠤᠳᠠᠩ᠂ ᠱᠦᠯᠦ ᠮᠡᠳᠦ ᠰᠢᠩᠭᠡᠨ ᠪᠠᠶᠢᠳᠠᠯ ᠢᠶᠠᠷ ᠢᠳᠡᠪᠡᠯ ᠰᠠᠶᠢᠨ᠂ ᠬᠠᠷᠢᠨ ᠨᠤᠭᠤᠭᠠᠨ ᠪᠤᠷᠴᠠᠭ ᠤᠨ ᠪᠤᠭᠤᠷᠰᠤᠭ ᠤᠨ ᠦᠢᠯᠡᠳᠦᠯ ᠨᠢ ᠪᠠᠷᠤᠭᠳᠠᠢ ᠪᠠᠶᠢᠳᠠᠭ᠃ 4. ᠬᠤᠤᠷ ᠢ ᠲᠠᠭᠤᠳᠠᠭ ᠢᠳᠡᠬᠡᠨ ᠢ ᠵᠤᠬᠢᠬᠤ ᠬᠡᠮᠵᠢᠶ᠎ᠡ ᠪᠠᠷ ᠢᠳᠡᠨ᠎ᠠ᠃ ᠦᠳᠡ ᠶᠢᠨ 11 ᠊᠊᠊᠊ 13 ᠴᠠᠭ ᠪᠤᠯ ᠵᠢᠷᠦᠭᠡ ᠬᠠᠮᠤᠭ ᠤᠨ ᠡᠷᠴᠢᠮ ᠲᠠᠢ ᠪᠠᠶᠢᠳᠠᠭ ᠬᠤᠭᠤᠴᠠᠭ᠎ᠠ ᠪᠤᠯᠤᠨ᠎ᠠ᠂ ᠡᠶᠢᠮᠦ ᠠᠴᠠ ᠰᠠᠮᠤᠷ᠂ ᠰᠢᠷ᠎ᠠ ᠪᠤᠷᠴᠠᠭ᠂ ᠬᠠᠷ᠎ᠠ ᠮᠠᠭᠠᠵᠢ᠂ ᠬᠠᠷ᠎ᠠ ᠴᠢᠪᠠᠭ᠎ᠠ᠂ ᠯᠢᠩᠬᠸ᠎ᠠ ᠶᠢᠨ ᠦᠷ᠎ᠡ ᠮᠡᠳᠦ ᠶᠢᠨ ᠵᠢᠷᠦᠭᠡ ᠶᠢ ᠬᠠᠮᠠᠭᠠᠯᠠᠵᠤ᠂ ᠬᠤᠤᠷ ᠢ ᠳᠠᠭᠤᠳᠠᠭ ᠢᠳᠡᠭᠡᠨ ᠢ ᠵᠤᠬᠢᠬᠤ ᠬᠡᠮᠵᠢᠶ᠎ᠠ ᠪᠠᠷ ᠢᠳᠡᠵᠦ ᠪᠤᠯᠤᠨ᠎ᠠ᠃
ᠢᠷᠡᠯᠲᠡ᠄ ᠲᠣᠲᠣᠷᠬᠠᠢ ᠦᠭᠡᠢ