ᠮᠢᠬᠠᠨ ᠢᠳᠡᠬᠡᠨ ᠤ ᠰᠢᠮ᠎ᠠ ᠳᠡᠵᠢᠬᠡᠯ ᠤᠨ ᠳᠤᠬᠠᠢ ᠭᠤᠷᠪᠠᠨ ᠵᠠᠷᠴᠢᠮ
ᠨᠡᠶᠢᠲᠡᠯᠡᠭᠰᠡᠨ ᠴᠠᠭ᠄
2021/11/22
     ᠰᠢᠮ᠎ᠠ ᠳᠡᠵᠢᠬᠡᠯ ᠤᠨ ᠳᠤᠰᠬᠠᠢ ᠮᠡᠷᠬᠡᠵᠢᠯᠳᠡᠳ ᠰᠠᠨᠠᠭᠤᠯᠤᠭᠰᠠᠨ ᠨᠢ᠂ ᠮᠢᠬ᠎ᠠ ᠢᠳᠡᠬᠦ ᠳᠤ ᠪᠠᠨ ᠵᠠᠪᠠᠯ ᠵᠢᠷᠤᠮᠯᠠᠬᠤ ᠬᠡᠷᠡᠭᠳᠡᠢ ᠨᠢᠬᠡᠨ ᠴᠢᠬᠤᠯᠠ ᠵᠤᠷᠪᠤᠰ ᠬᠡᠪᠡᠯ᠄ ᠬᠡᠷ ᠤᠨ ᠳᠡᠵᠢᠬᠡᠪᠤᠷᠢ ᠶᠢᠨ ᠮᠢᠬ᠎ᠠ ᠵᠢᠬᠦᠷᠳᠡᠨ ᠤ ᠮᠢᠬ᠎ᠠ ᠶᠢ ᠬᠦᠷᠬᠦ ᠦᠬᠡᠢ︔ ᠵᠢᠬᠦᠷᠳᠡᠨ ᠤ ᠮᠢᠬ᠎ᠠ ᠵᠢᠭᠠᠰᠤᠨ ᠤ ᠮᠢᠬ᠎ᠠ ᠶᠢ ᠬᠦᠷᠬᠦ ᠦᠬᠡᠢ᠃ ᠬᠡᠷ ᠤᠨ ᠳᠡᠵᠢᠬᠡᠪᠤᠷᠢ ᠶᠢᠨ ᠮᠢᠬ᠎ᠠ ᠶᠢᠨ ᠳᠤᠳᠤᠷ᠎ᠠ᠂ ᠭᠠᠭ᠋ᠠᠢ ᠶᠢᠨ ᠮᠢᠬᠠᠨ ᠤ ᠤᠭᠤᠷᠠᠭ ᠤᠨ ᠠᠭᠤᠯᠤᠭᠳᠠᠴᠠ ᠬᠠᠮᠤᠭ ᠳᠤᠤᠷ᠎ᠠ᠂ ᠦᠬᠡᠬᠦᠨ ᠤ ᠠᠭᠤᠯᠤᠭᠳᠠᠴᠠ ᠬᠠᠮᠤᠭ ᠦᠨᠳᠤᠷ᠂ ᠬᠡᠳᠦ᠋ᠢᠪᠡᠷ ᠬᠠᠷ᠎ᠠ ᠮᠢᠬ᠎ᠠ ᠪᠠᠶᠢᠭᠰᠠᠨ ᠴᠤ ᠮᠢᠬᠠᠨ ᠨᠢᠳᠤ ᠪᠠᠷ ᠤᠯᠵᠤ ᠦᠵᠡᠬᠦ ᠦᠬᠡᠢ ᠨᠢᠭᠤᠭᠳᠠᠮᠠᠯ ᠦᠬᠡᠬᠦ 28% ᠶᠢ ᠡᠵᠡᠯᠡᠵᠤ ᠪᠠᠶᠢᠳᠠᠭ᠃ ᠵᠢᠬᠦᠷᠳᠡᠨ ᠤ ᠮᠢᠬ᠎ᠠ ᠨᠢ ᠦᠨᠳᠤᠷ ᠤᠭᠤᠷᠠᠭ ᠲᠠᠢ᠂ ᠦᠬᠡᠬᠦ ᠶᠢᠨ ᠠᠭᠤᠯᠤᠭᠳᠠᠴᠠ ᠪᠠᠭ᠎ᠠ᠃ ᠶᠡᠷᠤᠩᠬᠡᠢ ᠦᠬᠡᠬᠦᠨ ᠤ ᠠᠭᠤᠯᠤᠭᠳᠠᠴᠠ ᠪᠠᠭ᠎ᠠ ᠪᠠᠷ ᠪᠠᠷᠠᠬᠤ ᠦᠬᠡᠢ ᠠᠭᠤᠯᠤᠭᠳᠠᠬᠤ ᠦᠬᠡᠬᠦᠨ ᠤ ᠬᠢᠮᠢ ᠶᠢᠨ ᠪᠦᠳᠤᠴᠠ ᠨᠢ ᠠᠷᠤᠷ᠎ᠠ ᠶᠢᠨ ᠳᠤᠰᠤ ᠲᠠᠢ ᠨᠡᠯᠢᠶᠡᠳ ᠤᠶᠢᠢᠷᠠᠯᠴᠠᠭ᠎ᠠ ᠪᠠᠶᠢᠵᠤ ᠂ ᠭᠤᠤᠯᠳᠠᠭᠤ ᠬᠠᠨᠤᠭᠠᠳᠤᠢ ᠦᠬᠡᠬᠦᠨ ᠬᠦᠴᠢᠯ ᠪᠠᠶᠢᠵᠤ᠂ ᠵᠢᠷᠤᠬᠡ ᠶᠢ ᠬᠠᠮᠠᠭᠠᠯᠠᠬᠤ ᠤᠶᠢᠢᠯᠡᠳᠤᠯ ᠲᠠᠢ᠃ ᠳᠤᠰᠤᠨ ᠤ ᠦᠬᠡᠬᠦ ᠶᠢᠨ ᠠᠭᠤᠯᠤᠭᠳᠠᠴᠠ ᠠᠴᠠ ᠠᠪᠴᠤ ᠬᠡᠯᠡᠪᠡᠯ᠂ ᠳᠦᠷᠪᠠᠨ ᠬᠦᠯᠳᠤ ᠠᠮᠢᠳᠠᠨ ᠤ ᠬᠢᠨ ᠬᠤᠶᠠᠷ ᠬᠦᠯᠳᠤ ᠠᠮᠢᠳᠠᠨ ᠤ ᠬᠢ ᠠᠴᠠ ᠦᠨᠳᠤᠷ ᠪᠠᠶᠢᠵᠤ᠂ ᠬᠤᠶᠠᠷ ᠬᠦᠯᠳᠤ ᠶᠢᠨ ᠬᠢ ᠨᠢ ᠬᠦᠯ ᠦᠬᠡᠢ ᠠᠮᠢᠳᠠᠨ ᠤ ᠬᠢ ᠠᠴᠠ ᠦᠨᠳᠤᠷ ᠪᠠᠶᠢᠳᠠᠭ᠃ ᠡᠳᠤᠷ ᠪᠦᠷᠢ ᠶᠢᠨ ᠢᠳᠡᠬᠦ ᠮᠢᠬᠠᠨ ᠤ ᠬᠡᠮᠵᠢᠶ᠎ᠠ 200 ᠭᠷᠠᠮ ᠠᠴᠠ ᠬᠡᠳᠤᠷᠡᠵᠤ ᠪᠤᠯᠬᠤ ᠦᠬᠡᠢ᠃ ᠮᠢᠬᠠᠨ ᠤ ᠳᠦᠷᠤᠯ ᠳᠤ ᠦᠬᠡᠬᠦᠨ ᠤ ᠠᠭᠤᠯᠤᠭᠳᠠᠭᠤᠨ ᠳᠡᠩᠳᠡᠬᠦᠤ ᠦᠨᠳᠤᠷ ᠪᠠᠶᠢᠬᠤ ᠠᠴᠠ ᠭᠠᠳᠠᠨ᠎ᠠ᠂ ᠫᠦᠷᠢᠨ ᠱᠦᠯᠳᠤ ᠠᠭᠤᠯᠤᠭᠳᠠᠵᠤ ᠪᠠᠶᠢᠬᠤ ᠪᠤᠯᠬᠤᠷ ᠬᠦᠮᠤᠨ ᠤ ᠪᠡᠶ᠎ᠠ ᠳᠤ ᠠᠮᠠᠷᠬᠠᠨ ᠰᠢᠬᠡᠰᠤᠨ ᠬᠦᠴᠢᠯ ᠢ ᠪᠦᠷᠢᠯᠳᠤᠬᠦᠯᠤᠨ᠎ᠠ᠃ ᠰᠢᠬᠡᠰᠤᠨ ᠬᠦᠴᠢᠯ ᠨᠢ ᠶᠡᠭᠡ ᠬᠡᠮᠵᠢᠶ᠎ᠠ ᠪᠠᠷ ᠨᠡᠮᠡᠭᠳᠡᠭᠰᠡᠨ ᠤ ᠰᠡᠬᠦᠯᠡᠷ᠂ ᠳᠦᠯᠠᠢ ᠡᠪᠡᠳᠴᠢᠨ᠂ ᠶᠠᠰᠤᠨ ᠤ ᠦᠰᠤᠨ ᠪᠤᠶᠢᠵᠢᠯᠳᠠ ᠬᠡᠪ ᠤᠨ ᠪᠤᠰᠤ ᠵᠡᠷᠬᠡ ᠡᠪᠡᠳᠴᠢᠨ ᠤ ᠪᠠᠶᠢᠳᠠᠯ ᠢᠯᠡᠷᠡᠵᠤ ᠮᠡᠳᠡᠨ᠎ᠠ᠃ ᠬᠠᠮᠤᠭ ᠤᠨ ᠰᠢᠨ᠎ᠠ ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠮᠢᠬ᠎ᠠ ᠶᠢ ᠬᠡᠮᠵᠢᠶᠡᠨ ᠠᠴᠠ ᠪᠠᠨ ᠬᠡᠳᠤᠷᠡᠳᠡᠯ᠎ᠠ ᠢᠳᠡᠬᠦ ᠨᠢ ᠬᠦᠮᠤᠨ ᠤ ᠪᠡᠶ᠎ᠠ ᠶᠢᠨ ᠡᠪᠡᠳᠴᠢᠨ ᠢ ᠡᠰᠡᠷᠬᠦᠴᠡᠬᠦ ᠴᠢᠳᠠᠪᠤᠷᠢ ᠶᠢ ᠳᠤᠷᠤᠭᠰᠢᠯᠠᠭᠤᠯᠳᠠᠭ᠃ ᠵᠤᠬᠢᠰᠳᠠᠢ ᠢᠳᠡᠬᠡᠨ ᠤ ᠪᠠᠷᠢᠮᠵᠢᠶ᠎ᠠ ᠪᠠᠷ ᠪᠤᠯ᠂ ᠨᠢᠬᠡ ᠬᠦᠮᠤᠨ ᠤ ᠡᠳᠤᠷ ᠪᠦᠷᠢ ᠶᠢᠨ ᠬᠡᠷᠡᠭᠰᠡᠬᠦ ᠠᠮᠢᠳᠠᠨ ᠤ ᠤᠭᠤᠷᠠᠭ ᠨᠢ 44 ~ 45 ᠭᠷᠠᠮ ᠪᠤᠯᠤᠨ᠎ᠠ᠃ ᠮᠢᠬᠠᠨ ᠢᠳᠡᠬᠡᠨ ᠠᠴᠠ ᠡᠳᠡᠬᠡᠷ ᠢ ᠤᠯᠵᠤ ᠪᠤᠯᠬᠤ ᠪᠠᠷ ᠪᠠᠷᠠᠬᠤ ᠦᠬᠡᠢ᠂ ᠦᠨᠢᠶᠠᠨ ᠰᠦ᠂ ᠦᠨᠳᠡᠭᠡ ᠵᠡᠷᠬᠡ ᠠᠴᠠ ᠴᠤ ᠨᠦᠬᠦᠪᠤᠷᠢᠯᠡᠵᠤ ᠪᠤᠯᠳᠠᠭ᠃     ᠡᠶᠢᠮᠤ ᠠᠴᠠ᠂ ᠡᠳᠤᠷ ᠪᠦᠷᠢ ᠨᠢᠬᠡᠬᠡᠨ ᠤᠳᠠᠭ᠎ᠠ ᠮᠢᠬ᠎ᠠ ᠢᠳᠡᠬᠦ ᠪᠦᠬᠡᠳ ᠮᠢᠬᠠᠨ ᠤ ᠬᠡᠮᠵᠢᠶ᠎ᠠ ᠶᠢ 200 ᠭᠷᠠᠮ ᠠᠴᠠ ᠬᠡᠳᠤᠷᠡᠬᠦᠯᠵᠤ ᠪᠤᠯᠬᠤ ᠦᠬᠡᠢ᠃ ᠦᠷᠯᠤᠬᠡ ᠶᠢᠨ ᠬᠤᠭᠤᠯᠠ ᠪᠠ ᠤᠷᠤᠢ ᠶᠢᠨ ᠬᠤᠭᠤᠯᠠᠨ ᠤ ᠴᠠᠭ ᠢᠶᠠᠷ ᠦᠨᠢᠶᠡᠨ ᠰᠦ ᠪᠠ ᠦᠨᠳᠡᠭᠡ ᠵᠡᠷᠬᠡ ᠶᠢ ᠨᠦᠬᠦᠪᠤᠷᠢᠯᠡᠪᠠᠯ ᠬᠦᠮᠤᠨ ᠤ ᠪᠡᠶ᠎ᠠ ᠳᠤ ᠨᠢᠬᠡ ᠡᠳᠤᠷ ᠬᠡᠷᠡᠭᠰᠡᠬᠦ ᠠᠮᠢᠳᠠᠨ ᠤ ᠤᠭᠤᠷᠠᠭ ᠤᠨ ᠬᠡᠷᠡᠭᠴᠡᠭᠡ ᠶᠢ ᠪᠦᠷᠢᠮᠤᠰᠤᠨ ᠬᠠᠨᠭ᠍ᠭᠠᠵᠤ ᠳᠠᠶᠢᠯᠤᠨ᠎ᠠ᠃ ᠳᠠᠪᠤᠰᠤᠯᠠᠭᠰᠠᠨ᠂ ᠬᠡᠤᠷᠰᠢᠬᠦᠯᠦᠭᠰᠡᠨ᠂ ᠰᠢᠷᠠᠭᠰᠠᠨ᠂ ᠳᠤᠰᠤᠨ ᠳᠤ ᠪᠤᠴᠠᠯᠭᠠᠭᠰᠠᠨ ᠮᠢᠬᠠᠨ ᠢᠳᠡᠬᠡᠨ ᠵᠢᠴᠢ ᠬᠢᠷᠤᠭᠤᠳᠠᠭᠰᠠᠨ ᠮᠢᠬᠠᠨ ᠢᠳᠡᠬᠡᠨ ᠤ ᠳᠦᠷᠤᠯ ᠢ ᠳᠤᠳᠠᠭᠤ ᠢᠳᠡᠬᠦ ᠬᠡᠷᠡᠭᠳᠡᠢ᠃ ᠳᠠᠪᠤᠰᠤᠯᠠᠭᠰᠠᠨ᠂ ᠬᠡᠤᠷᠰᠢᠬᠦᠯᠦᠭᠰᠡᠨ᠂ ᠰᠢᠷᠠᠭᠰᠠᠨ᠂ ᠳᠤᠰᠤᠨ ᠳᠤ ᠪᠤᠴᠠᠯᠭᠠᠭᠰᠠᠨ ᠮᠢᠬᠠᠨ ᠢᠳᠡᠬᠡᠨ ᠵᠢᠴᠢ ᠬᠢᠷᠤᠭᠤᠳᠠᠭᠰᠠᠨ ᠮᠢᠬᠠᠨ ᠢᠳᠡᠬᠡᠨ ᠤ ᠳᠦᠷᠤᠯ ᠢ ᠬᠢᠬᠦ ᠦᠶᠡᠰ ᠰᠢᠳᠠᠭᠠᠯᠭ᠎ᠠ ᠶᠢᠨ ᠪᠤᠳᠠᠰ ᠵᠢᠴᠢ ᠦᠬᠡᠬᠦᠨ ᠤ ᠪᠦᠷᠢᠮᠤᠰᠤᠨ ᠰᠢᠳᠠᠬᠤ ᠶᠠᠪᠤᠴᠠ ᠳᠤᠮᠳᠠ ᠪᠦᠷ ᠦᠮᠠᠨ ᠡᠬᠦᠰᠬᠡᠬᠦ ᠪᠤᠳᠠᠰ ᠢ ᠪᠤᠢ ᠪᠤᠯᠭᠠᠳᠠᠭ᠃ ᠢᠳᠡᠬᠡᠨ ᠤ ᠳᠤᠰᠤ ᠪᠠ ᠳᠡᠮᠦᠷᠯᠢᠭ ᠰᠢᠳᠡᠮ ᠨᠢ ᠳᠠᠬᠢᠨ ᠳᠠᠪᠳᠠᠨ ᠬᠠᠯᠠᠭᠠᠬᠤ ᠶᠠᠪᠤᠴᠠ ᠳᠤ ᠮᠦᠨ ᠴᠤ ᠬᠦᠮᠤᠨ ᠤ ᠪᠡᠶ᠎ᠠ ᠳᠤ ᠬᠤᠤᠷ ᠲᠠᠢ ᠪᠤᠳᠠᠰ ᠢ ᠡᠬᠦᠰᠬᠡᠳᠡᠭ᠃ ᠡᠬᠦᠨ ᠠᠴᠠ ᠭᠠᠳᠠᠨ᠎ᠠ᠂ ᠴᠠᠭ ᠨᠢ ᠳᠤᠬᠢᠷᠠᠮᠵᠢᠳᠠᠢ ᠪᠢᠰᠢ ᠠᠴᠠ ᠵᠠᠷᠢᠮ ᠮᠢᠬᠠᠨ ᠳᠤᠳᠤᠷ᠎ᠠ ᠨᠢᠭᠤᠭᠳᠠᠵᠤ ᠪᠠᠶᠢᠭ᠎ᠠ ᠰᠢᠮᠡᠬᠦᠷ ᠬᠤᠷᠤᠬᠠᠢ ᠨᠢ ᠳᠦᠢᠯᠪᠤᠷᠢᠳᠠᠢ ᠦᠬᠦᠵᠤ ᠳᠠᠶᠢᠯᠦᠭᠰᠡᠨ ᠦᠬᠡᠢ ᠠᠴᠠ ᠪᠤᠯᠵᠤ᠂ ᠬᠦᠮᠤᠨ ᠤ ᠪᠡᠶ᠎ᠠ ᠳᠤ ᠤᠷᠤᠵᠤ ᠦᠷᠡᠵᠢᠬᠦ ᠠᠰᠠᠭᠤᠳᠠᠯ ᠭᠠᠷᠳᠠᠭ᠃ ᠤᠨᠴᠠᠭᠠᠶᠢᠢᠯᠠᠨ ᠬᠢᠮ᠎ᠠ᠂ ᠰᠢᠷᠠᠭᠰᠠᠨ ᠬᠢᠮ᠎ᠠ ᠵᠡᠷᠬᠡ ᠨᠢ ᠪᠦᠷ ᠬᠠᠷ᠎ᠠ ᠮᠢᠬ᠎ᠠ ᠪᠠ ᠦᠬᠡᠬᠦ ᠶᠢ ᠬᠤᠯᠢᠯᠳᠤᠭᠤᠯᠤᠨ ᠨᠢᠴᠠᠷᠠᠳᠠᠯ᠎ᠠ ᠬᠡᠷᠴᠢᠬᠡᠳ ᠬᠢᠭᠰᠡᠨ ᠪᠤᠯᠬᠤᠷ᠂ ᠦᠡᠭᠬᠡᠨ ᠳᠠᠯ᠎ᠠ ᠳᠡᠬᠡᠷ᠎ᠠ ᠨᠢ ᠤᠯᠵᠤ ᠦᠵᠡᠬᠦ ᠦᠬᠡᠢ ᠪᠤᠯᠪᠠᠴᠤ ᠳᠤᠩ ᠠᠮᠠᠷᠬᠠᠨ ᠬᠡᠳᠤᠷᠡᠳᠡᠯ᠎ᠠ ᠦᠬᠡᠬᠦ ᠢᠳᠡᠵᠤ ᠤᠷᠤᠭᠤᠯᠳᠠᠭ᠃ ᠡᠶᠢᠮᠤᠷᠬᠦᠤ ᠢᠳᠡᠬᠡᠨ ᠢ ᠦᠷᠬᠦᠯᠵᠢ ᠢᠳᠡᠪᠡᠯ ᠠᠮᠠᠷᠬᠠᠨ ᠮᠠᠷᠢᠶᠠᠯᠠᠨ᠎ᠠ᠃
ᠢᠷᠡᠯᠲᠡ᠄ ᠲᠣᠲᠣᠷᠬᠠᠢ ᠦᠭᠡᠢ