ᠥᠪᠡᠷ ᠢ ᠪᠠᠨ ᠬᠥᠴᠤᠷᠬᠡᠭ ᠪᠤᠯᠭᠠᠶ᠎ᠠ ᠬᠡᠪᠡᠯ ᠲᠠ ᠡᠨᠡ 10 ᠵᠦᠢᠯ ᠢ ᠲᠠᠶᠠᠭᠳᠠᠭᠠᠷᠠᠢ
ᠨᠡᠶᠢᠲᠡᠯᠡᠭᠰᠡᠨ ᠴᠠᠭ᠄
2021/11/22
     ᠨᠢᠬᠡ᠂ ᠨᠡᠷᠡᠯᠬᠡᠭ ᠰᠡᠳᠬᠢᠯ ᠢᠶᠠᠨ ᠲᠠᠶᠠᠭᠳᠠᠬᠤ᠄ ᠵᠠᠷᠢᠮ ᠥᠶ᠎ᠡ ᠳᠤ ᠪᠢᠳᠡ ᠲᠤᠯᠤᠭᠠᠢ ᠪᠥᠬᠦ᠋ᠢᠳᠡᠭ ᠨᠢ ᠤᠷᠤᠭᠰᠢᠯᠠᠬᠤ ᠵᠠᠮ ᠢᠶᠠᠨ ᠨᠡᠩ ᠲᠤᠳᠤᠷᠬᠠᠢ ᠤᠶᠢᠢᠯᠠᠭᠠᠬᠤ ᠶᠢᠨ ᠲᠥᠯᠤᠬᠡ ᠶᠤᠮ᠃ ᠮᠠᠰᠢ ᠤᠯᠠᠨ ᠬᠥᠮᠤᠰ ᠤᠨ ᠥᠵᠡᠬᠦ ᠪᠠᠷ᠂ ᠥᠪᠡᠷ ᠢ ᠪᠠᠨ ᠤᠳᠤ ᠶᠡᠭᠡ ᠵᠥᠬᠡᠷ ᠠᠮᠢᠳᠤᠷᠠᠵᠤ ᠪᠠᠶᠢᠨ᠎ᠠ ᠬᠡᠵᠤ ᠪᠤᠳᠤᠭᠠᠤᠨ ᠰᠢᠨ᠎ᠡ ᠰᠤᠷᠭᠤᠭ ᠬᠡᠷᠡᠭ ᠪᠤᠳᠠᠰ ᠢ ᠬᠥᠯᠢᠶᠡᠨ ᠠᠪᠴᠤ ᠲᠤᠷᠰᠢᠨ ᠬᠢᠬᠦ ᠲᠤᠷ᠎ᠠ ᠥᠬᠡᠢ ᠪᠠᠶᠢᠳᠠᠭ᠃ ᠤᠯᠠᠨ ᠵᠦᠢᠯᠡᠰ ᠢ ᠲᠠᠶᠠᠭᠳᠠᠵᠤ ᠲᠡᠶᠢᠯᠬᠦ ᠥᠬᠡᠢ ᠁ ᠨᠡᠩ ᠴᠢᠨᠠᠭᠰᠢᠯᠠᠪᠠᠯ᠂ ᠥᠪᠡᠷ ᠤᠨ ᠨᠡᠷᠡᠯᠬᠡᠭ ᠰᠡᠳᠬᠢᠯᠬᠡ ᠪᠠᠨ ᠴᠤ ᠲᠠᠶᠠᠭᠳᠠᠵᠤ ᠴᠢᠳᠠᠬᠤ ᠥᠬᠡᠢ ᠠᠴᠠ ᠡᠷᠬᠢᠨ ᠲᠤᠭᠤᠷᠢᠨ ᠤ ᠪᠠᠨ ᠬᠡᠷᠡᠭ ᠪᠤᠳᠠᠰ ᠠᠴᠠ ᠶᠠᠪᠤᠬᠤ ᠲᠤᠳᠤᠮ ᠰᠠᠯᠤᠩᠭᠢᠷᠠᠵᠤ ᠪᠠᠶᠢᠳᠠᠭ᠃ ᠬᠤᠶᠠᠷ ᠂ ᠲᠠᠷᠤᠯᠳᠠ ᠪᠠᠨ ᠲᠠᠶᠠᠭᠳᠠᠬᠤ᠄ ᠠᠵᠢᠯ ᠤᠨ ᠶᠠᠳᠠᠷᠠᠭ᠎ᠠ ᠲᠠᠢ ᠪᠠᠶᠢᠬᠤ ᠡᠰᠡᠬᠦ ᠨᠢ ᠬᠥᠮᠤᠰ ᠤᠨ ᠰᠡᠳᠬᠢᠯ ᠤᠨ ᠪᠠᠶᠢᠳᠠᠯ ᠠᠴᠠ ᠪᠤᠯᠳᠠᠭ᠂ ᠥᠪᠡᠷ ᠤᠨ ᠰᠡᠳᠬᠢᠯ ᠢᠶᠠᠨ ᠴᠡᠪᠡᠷᠯᠡᠬᠦ ᠥᠬᠡᠢ ᠪᠠᠶᠢᠪᠠᠯ ᠬᠤᠭ ᠲᠤᠭᠤᠰᠤᠨ ᠳᠤ ᠪᠤᠯᠠᠭᠳᠠᠴᠢᠬᠠᠳᠠᠭ᠃ ᠰᠡᠳᠬᠢᠯ ᠢᠶᠠᠨ ᠴᠠᠭ ᠲᠤᠬᠠᠢ ᠳᠤ ᠨᠢ ᠴᠡᠪᠡᠷᠯᠡᠬᠦ ᠨᠢ ᠪᠤᠬᠢᠷ ᠪᠤᠷᠳᠠᠭ ᠪᠤᠯᠤᠭᠰᠠᠨ ᠰᠡᠳᠬᠢᠯ ᠳᠤ ᠬᠡᠷᠡᠯ ᠬᠡᠬᠡ ᠤᠯᠭᠤᠳᠠᠭ᠃ ᠬᠡᠷᠡᠭ ᠤᠴᠢᠷ ᠢ ᠰᠡᠳᠬᠢᠯ ᠲᠤᠳᠤᠷ᠎ᠠ ᠪᠠᠨ ᠲᠤᠳᠤᠷᠬᠠᠢ ᠪᠤᠯᠭᠠᠪᠠᠯ ᠰᠠᠶ᠋ᠢ ᠪᠤᠬᠢᠨᠢᠳᠤᠯ ᠠᠴᠠ ᠰᠠᠯᠵᠤ ᠴᠢᠳᠠᠳᠠᠭ᠂ ᠵᠤᠪᠠᠨᠢᠯ ᠢᠶᠠᠨ ᠠᠷᠢᠯᠭᠠᠪᠠᠯ ᠰᠠᠶ᠋ᠢ ᠪᠠᠶᠠᠷ ᠪᠠᠶᠠᠰᠬᠤᠯᠠᠩᠳᠤ ᠤᠷᠤᠨ ᠵᠠᠢ ᠨᠡᠩ ᠥᠷᠬᠡᠨ ᠪᠤᠯᠳᠠᠭ᠃ ᠭᠤᠷᠪᠠ᠂ ᠥᠡᠭᠭᠡᠷᠡᠭᠰᠡᠨ ᠢᠶᠠᠨ ᠲᠠᠶᠠᠭᠳᠠᠬᠤ᠄ ᠥᠡᠭᠭᠡᠷᠡᠭᠰᠡᠨ ᠢᠶᠠᠨ ᠲᠠᠶᠠᠭᠳᠠᠪᠠᠯ ᠰᠠᠶ᠋ᠢ ᠲᠠ ᠵᠤᠯ ᠵᠢᠷᠭᠠᠯ ᠲᠠᠢ ᠠᠮᠢᠳᠤᠷᠠᠨ᠎ᠠ᠃ ᠥᠪᠡᠷ ᠤᠨ ᠤᠪᠤᠷ ᠢᠶᠠᠨ ᠴᠢᠷᠮᠠᠶᠢᠨ ᠥᠬᠡᠷᠡᠴᠢᠯᠡᠵᠤ᠂ ᠰᠠᠨᠠᠭ᠎ᠠ ᠰᠡᠳᠬᠢᠯ ᠢᠶᠠᠨ ᠵᠤᠬᠢᠴᠠᠭᠤᠯᠤᠨ᠎ᠠ᠃ ᠲᠠᠶᠢᠪᠤᠭᠤᠨ ᠲᠤᠭᠳᠠᠭᠤᠨ ᠢᠶᠠᠷ ᠪᠤᠳᠠᠳᠠᠢ ᠪᠠᠶᠢᠳᠠᠯ ᠢ ᠬᠥᠯᠢᠶᠡᠨ ᠠᠪᠤᠨ ᠠᠮᠢᠳᠤᠷᠠᠯ ᠳᠤ ᠪᠠᠨ ᠢᠳᠡᠪᠬᠢᠳᠠᠢ ᠤᠪᠤᠷ ᠢᠶᠠᠷ ᠬᠠᠨᠳᠤᠨ᠂ ᠬᠡᠷᠡᠭ ᠪᠤᠳᠠᠰ ᠢ ᠰᠠᠶᠢᠨ ᠵᠥᠭ ᠲᠤ ᠪᠠᠨ ᠰᠡᠳᠬᠢᠪᠠᠯ ᠠᠮᠢᠳᠤᠷᠠᠯ ᠴᠢᠨᠢ ᠨᠡᠩ ᠭᠤᠶᠢᠳᠠ ᠰᠠᠶᠢᠬᠠᠨ ᠪᠤᠯᠳᠠᠭ᠃ ᠲᠥᠷᠪᠡ᠂ ᠭᠤᠳᠤᠷᠠᠮᠠᠳᠠᠭᠠᠢ ᠥᠵᠡᠯ ᠢᠶᠠᠨ ᠲᠠᠶᠠᠭᠳᠠᠬᠤ᠄ ᠬᠥᠮᠤᠨ ᠪᠤᠯᠭᠠᠨ ᠴᠥᠮ ᠠᠭᠤᠤ ᠶᠡᠭᠡ ᠬᠥᠮᠤᠨ ᠪᠤᠯᠵᠤ ᠴᠢᠳᠠᠳᠠᠭ ᠪᠢᠰᠢ᠂ ᠬᠡᠳᠡᠯ᠎ᠠ ᠬᠥᠮᠤᠨ ᠪᠤᠯᠭᠠᠨ ᠰᠡᠳᠬᠢᠯ ᠤᠨ ᠲᠠᠮᠢᠷ ᠲᠠᠢ ᠬᠥᠮᠤᠨ ᠪᠤᠯᠵᠤ ᠴᠢᠳᠠᠨ᠎ᠠ᠃ ᠥᠪᠡᠷ ᠢ ᠪᠠᠨ ᠢᠳᠡᠬᠡᠨ ᠥᠪᠡᠷ ᠤᠨ ᠤᠷᠤᠨ ᠪᠠᠶᠢᠷᠢ ᠪᠠᠨ ᠵᠥᠪ ᠰᠤᠩᠭᠤᠪᠠᠯ ᠲᠠ ᠲᠡᠳᠡᠬᠡᠷ ᠠᠮᠵᠢᠯᠳᠠ ᠳᠤ ᠬᠦᠷᠦᠭᠰᠡᠨ ᠬᠥᠮᠤᠰ ᠲᠠᠢ ᠠᠳᠠᠯᠢᠬᠠᠨ ᠥᠨ᠎ᠡ ᠥᠷᠳᠡᠭ ᠲᠠᠢ ᠠᠮᠢᠳᠤᠷᠠᠯ ᠢ ᠤᠯᠵᠤ ᠪᠤᠯᠳᠠᠭ᠃ ᠲᠠᠪᠤ᠂ ᠠᠯᠵᠠᠭᠤ ᠵᠠᠯᠬᠠᠭᠤ ᠪᠠᠨ ᠲᠠᠶᠠᠭᠳᠠᠬᠤ᠄ ᠴᠢᠷᠮᠠᠶᠢᠯᠭ᠎ᠠ ᠬᠤᠪᠢ ᠵᠠᠶᠠᠭ᠎ᠠ ᠶᠢ ᠥᠬᠡᠷᠡᠴᠢᠯᠡᠨ᠎ᠡ ᠬᠡᠳᠡᠭ᠃ ᠡᠬᠦᠨ ᠳᠠᠬᠢ ᠠᠨᠢᠰᠤ ᠬᠡᠪᠡᠯ᠄ ᠨᠢᠬᠡᠨ ᠡᠪ ᠡᠩ ᠤᠨ ᠬᠡᠷᠡᠭ ᠤᠴᠢᠷ ᠢ ᠴᠠᠭᠠᠨ᠎ᠠ ᠨᠢ ᠭᠠᠷᠳᠠᠯ᠎ᠠ ᠰᠠᠶᠢᠨ ᠬᠢᠬᠦ ᠳᠤ ᠪᠠᠶᠢᠳᠠᠭ᠃ ᠡᠶᠢᠮᠤ ᠠᠴᠠ ᠪᠢᠳᠡ ᠴᠠᠭ ᠢᠮᠠᠭᠳᠠ ᠥᠪᠡᠷ ᠢ ᠪᠠᠨ ᠰᠡᠷᠡᠮᠵᠢᠯᠡᠬᠦᠯᠤᠨ᠎ᠡ᠃ ᠴᠢᠷᠮᠠᠶᠢᠯᠳᠠ ᠲᠠᠢ᠂ ᠪᠠᠶᠠᠷ ᠬᠥᠷ ᠲᠠᠢ᠂ ᠡᠷᠡᠬᠦᠯ ᠴᠢᠬᠢᠷᠠᠭ ᠴᠠᠭᠠᠪᠤᠷ ᠪᠠᠶᠢᠬᠤ ᠶᠢ ᠪᠠᠳᠤᠯᠠᠨ᠎ᠠ᠃ ᠢᠡᠭᠭᠢᠵᠤ ᠬᠢᠵᠤ ᠲᠡᠶᠢᠯᠪᠡᠯ ᠲᠠ ᠬᠡᠷᠡᠯ ᠬᠢᠯᠪᠠᠭ᠎ᠠ ᠲᠠᠢ ᠠᠮᠢᠳᠤᠷᠠᠯ ᠢ ᠤᠯᠬᠤ ᠪᠤᠯᠤᠨ᠎ᠠ᠃ ᠵᠢᠷᠭᠤᠭ᠎ᠠ᠂ ᠨᠠᠵᠠᠭᠠᠢ ᠤᠪᠤᠷ ᠢᠶᠠᠨ ᠲᠠᠶᠠᠭᠳᠠᠬᠤ᠄ ᠲᠠ ᠬᠡᠷᠪᠡ ᠠᠮᠵᠢᠯᠳᠠ ᠳᠤ ᠬᠥᠷᠤᠶ᠎ᠠ ᠬᠡᠵᠤ ᠪᠤᠳᠤᠪᠠᠯ ᠥᠪᠡᠷ ᠢ ᠪᠠᠨ ᠬᠠᠮᠤᠭ ᠰᠢᠯᠢᠳᠡᠭ ᠪᠤᠯᠭᠠᠬᠤ ᠪᠠᠷ ᠴᠢᠷᠮᠠᠶᠢᠭᠠᠷᠠᠢ᠂ ᠥᠪᠡᠷ ᠤᠨ ᠨᠠᠵᠠᠭᠠᠢ ᠤᠪᠤᠷ ᠢᠶᠠᠨ ᠢᠯᠠᠨ ᠪᠠᠶᠠᠷ ᠬᠥᠷ ᠲᠠᠢ ᠪᠠᠷ ᠴᠢᠷᠮᠠᠶᠢᠨ᠂ ᠡᠷᠡᠰ ᠬᠠᠳᠠᠭᠤ ᠵᠤᠷᠢᠭ ᠲᠠᠢ ᠪᠠᠶᠢᠪᠠᠯ᠂ ᠶᠠᠮᠠᠷ ᠵᠦᠢᠯᠡᠰ ᠴᠤ ᠲᠠᠨ ᠤ ᠠᠮᠵᠢᠯᠳᠠ ᠳᠤ ᠬᠥᠷᠭᠦ ᠵᠠᠮ ᠢ ᠴᠢᠨᠢ ᠬᠤᠷᠢᠭᠯᠠᠵᠤ ᠴᠢᠳᠠᠬᠤ ᠥᠬᠡᠢ ᠪᠠᠶᠢᠳᠠᠭ᠃ ᠲᠤᠯᠤᠭ᠎ᠠ᠂ ᠭᠤᠮᠤᠳᠠᠯ ᠢᠶᠠᠨ ᠲᠠᠶᠠᠭᠳᠠᠬᠤ᠄ ᠪᠢᠳᠡ ᠭᠤᠮᠤᠳᠠᠯ ᠲᠤᠭᠠᠴᠢᠬᠤ ᠶᠢᠨ ᠤᠷᠤᠨ ᠳᠤ ᠴᠢᠷᠮᠠᠶᠢᠭᠰᠠᠨ ᠢ ᠬᠥᠷᠬᠦ ᠥᠬᠡᠢ ᠪᠠᠶᠢᠳᠠᠭ᠃ ᠠᠯᠢᠪᠠ ᠢᠯᠠᠭᠳᠠᠯ ᠨᠢ ᠪᠥᠷ ᠯᠡ ᠠᠮᠵᠢᠯᠳᠠ ᠤᠯᠬᠤ ᠳᠤ ᠪᠡᠯᠡᠳᠬᠡᠯ ᠬᠥᠴᠤᠨ ᠪᠤᠯᠳᠠᠭ᠃ ᠡᠶᠢᠮᠤ ᠠᠴᠠ ᠪᠢᠳᠡ ᠭᠤᠮᠤᠳᠠᠯ ᠢᠶᠠᠨ ᠲᠠᠶᠠᠭᠳᠠᠨ ᠠᠭᠤᠵᠢᠭᠤ ᠲᠠᠯᠪᠢᠭᠤ ᠪᠠᠷ ᠢᠯᠠᠬᠳᠠᠯ ᠢᠶᠠᠨ ᠬᠥᠯᠢᠶᠡᠨ ᠠᠪᠴᠤ ᠴᠢᠷᠮᠠᠶᠢᠪᠠᠯ ᠰᠠᠶ᠋ᠢ ᠠᠮᠵᠢᠯᠳᠠ ᠳᠤ ᠬᠥᠷᠬᠦ ᠡᠷᠡᠮᠡᠯᠵᠡᠯ ᠲᠠᠢ ᠪᠤᠯᠳᠠᠭ᠃ ᠲᠠ ᠪᠢᠳᠡᠬᠡᠢ ᠠᠮᠢᠳᠤᠷᠠᠯ ᠲᠠᠨ ᠳᠤ ᠶᠠᠮᠠᠷ ᠨᠢᠬᠡ ᠵᠦᠢᠯ ᠤᠨ ᠥᠷᠢ ᠲᠠᠢ ᠶᠤᠮ ᠰᠢᠬ ᠪᠤᠳᠤᠭᠠᠤᠨ ᠯᠠ ᠪᠠᠢ᠂ ᠥᠨᠡᠨ ᠳᠡᠭᠡᠨ ᠠᠮᠢᠳᠤᠷᠠᠯ ᠬᠥᠮᠤᠨ ᠪᠤᠯᠭᠠᠨ ᠳᠤ ᠠᠳᠠᠯᠢ ᠵᠦᠢᠯᠡᠰ ᠢ ᠬᠠᠨᠭ᠍ᠭᠠᠵᠤ ᠥᠭᠭᠦᠭᠰᠡᠨ ᠶᠤᠮ᠃ ᠨᠠᠶᠢᠮᠠ᠂ ᠡᠷᠡᠬᠡᠯᠵᠡᠯ ᠢᠶᠠᠨ ᠲᠠᠶᠠᠭᠳᠠᠬᠤ᠄ ᠤᠳᠤ ᠠᠴᠠ ᠡᠬᠢᠯᠡᠨ ᠬᠥᠳᠡᠯᠤᠯᠴᠠᠪᠠᠯ ᠠᠮᠵᠢᠯᠳᠠ ᠤᠶᠢᠢᠷᠠᠬᠠᠨ ᠪᠤᠯᠳᠠᠭ᠂ ᠬᠢᠶ᠎ᠡ ᠬᠡᠵᠤ ᠪᠤᠳᠤᠭᠰᠠᠨ ᠵᠦᠢᠯ ᠢᠶᠠᠨ ᠪᠢᠳᠡᠬᠡᠢ ᠡᠷᠡᠬᠡᠯᠵᠡᠬᠡᠤᠨ ᠪᠠᠢ᠂ ᠶᠠᠮᠠᠷ ᠨᠢᠬᠡᠨ ᠬᠠᠷᠠᠯᠳᠠ ᠶᠢ ᠲᠤᠭᠳᠠᠭᠠᠭᠠᠤᠨ ᠪᠥᠬᠦ ᠵᠤᠷᠢᠭ ᠢᠶᠠᠷ ᠢᠶᠠᠨ ᠴᠢᠷᠮᠠᠶᠢᠭᠠᠤᠨ ᠯᠠ ᠪᠠᠶᠢᠭᠠᠷᠠᠢ᠃ ᠬᠡᠷᠪᠡ ᠲᠠ ᠬᠥᠰᠡᠯ ᠡᠷᠡᠮᠡᠯᠵᠠᠯ ᠲᠠᠢ ᠪᠤᠯᠤᠭᠰᠠᠨ ᠪᠤᠯ ᠤᠳᠤ ᠪᠠᠷ ᠢᠶᠠᠨ ᠬᠥᠳᠡᠯᠤᠯᠴᠡᠬᠡᠷᠡᠢ᠂ ᠬᠡᠷᠪᠡ ᠲᠠᠨ ᠳᠤ ᠶᠠᠮᠠᠷ ᠨᠢᠬᠡᠨ ᠲᠤᠬᠢᠶᠠᠯ ᠲᠤᠬᠢᠶᠠᠯᠳᠤᠭᠰᠠᠨ ᠪᠤᠯ ᠴᠠᠭ ᠲᠤᠬᠠᠢ ᠳᠤ ᠨᠢ ᠡᠨᠡ ᠲᠤᠬᠢᠶᠠᠯ ᠢ ᠠᠳᠬᠤᠵᠤ ᠠᠪᠤᠭᠠᠷᠠᠢ᠃ ᠶᠢᠰᠤ᠂ ᠢᠪᠴᠤᠤ ᠴᠢᠬᠤᠯ ᠥᠵᠡᠯ ᠢᠶᠠᠨ ᠲᠠᠶᠠᠭᠳᠠᠬᠤ᠄ ᠰᠡᠳᠬᠢᠯ ᠠᠭᠤᠵᠢᠭᠤ ᠪᠤᠯ ᠬᠤᠷᠸ᠎ᠠ ᠶᠢᠷᠳᠢᠨᠴᠤ ᠴᠤ ᠲᠠᠭᠠᠭᠠᠤᠨ ᠠᠭᠤᠵᠢᠮ ᠪᠤᠯᠳᠠᠭ᠃      ᠠᠭᠤᠴᠢᠯᠠᠯ ᠨᠢ ᠨᠢᠬᠡ ᠵᠦᠢᠯ ᠤᠨ ᠰᠠᠶᠢᠬᠠᠨ ᠵᠠᠩ ᠰᠤᠷᠳᠠᠯ ᠪᠤᠯᠤᠨ᠎ᠠ᠃ ᠥᠨᠡᠨ ᠳᠤ ᠪᠠᠨ ᠪᠤᠰᠤᠤᠨ ᠢ ᠠᠭᠤᠴᠢᠯᠠᠬᠤ ᠨᠢ ᠥᠪᠡᠷ ᠤᠨ ᠪᠡᠶ᠎ᠡ ᠪᠠᠨ ᠠᠭᠤᠴᠢᠯᠠᠵᠤ᠂ ᠥᠪᠡᠷ ᠤᠨ ᠪᠡᠶ᠎ᠡ ᠳᠤ ᠪᠠᠨ ᠵᠠᠮ ᠵᠠᠰᠠᠵᠤ ᠪᠠᠶᠢᠭ᠎ᠠ ᠶᠠᠪᠤᠳᠠᠯ ᠶᠤᠮ᠃ ᠠᠷᠪᠠ᠂ ᠰᠡᠵᠢᠭ ᠠᠵᠢᠭ ᠢᠶᠠᠨ ᠲᠠᠶᠠᠭᠳᠠᠬᠤ᠄ ᠰᠡᠵᠢᠭ ᠠᠬᠠᠳᠠᠪᠠᠯ ᠶᠡᠭᠡ ᠤᠴᠢᠷ ᠪᠥᠳᠤᠬᠦ ᠳᠤ ᠪᠡᠷᠬᠡ᠃ ᠬᠥᠮᠤᠨ ᠬᠡᠷᠡᠭᠯᠡᠪᠡᠯ ᠪᠢᠳᠡᠬᠡᠢ ᠰᠡᠵᠢᠭᠯᠡ᠃ ᠰᠡᠵᠢᠭᠯᠡᠪᠡᠯ ᠪᠢᠳᠡᠬᠢ ᠬᠡᠷᠡᠭᠯᠡ᠃ ᠪᠢᠳᠡᠬᠡᠢ ᠥᠪᠡᠷ ᠤᠨ ᠰᠡᠵᠢᠭᠯᠡᠯ ᠢᠶᠠᠷ ᠢᠶᠠᠨ ᠪᠤᠰᠤᠤᠨ ᠤᠨ ᠲᠤᠳᠤᠭᠠᠳᠤ ᠰᠡᠳᠬᠢᠯ ᠢ ᠲᠤᠷ᠎ᠠ ᠪᠠᠷ ᠢᠶᠠᠨ ᠲᠠᠭᠠᠭᠠᠵᠤ ᠰᠡᠵᠢᠭᠯᠡᠬᠡᠷᠡᠢ᠃
ᠢᠷᠡᠯᠲᠡ᠄ ᠲᠣᠲᠣᠷᠬᠠᠢ ᠦᠭᠡᠢ