ᠴᠠᠰᠤ ᠮᠥᠰᠤ ᠲᠠᠢ ᠡᠳᠤᠷ ᠮᠠᠰᠢᠨ ᠵᠢᠯᠤᠭᠤᠳᠬᠤ ᠳᠤ ᠶᠠᠭᠤ ᠶᠢ ᠠᠩᠬᠠᠷᠪᠠᠯ ᠵᠤᠬᠢᠬᠤ ᠪᠤᠢ
ᠨᠡᠶᠢᠲᠡᠯᠡᠭᠰᠡᠨ ᠴᠠᠭ᠄
2021/11/22
     ᠠᠭᠤᠷ ᠠᠮᠢᠰᠬᠤᠯ ᠬᠥᠢᠳᠡᠷᠡᠨ᠂ ᠴᠠᠰᠤ ᠮᠥᠰᠤ ᠠᠷᠪᠢᠳᠤᠭᠠᠤᠨ ᠵᠠᠮ ᠬᠠᠷᠢᠯᠴᠠᠭ᠎ᠠ ᠳᠤ ᠲᠤᠩ ᠬᠠᠷᠰᠢ ᠰᠠᠭᠠᠤᠨ ᠪᠤᠯᠪᠠ᠃ ᠡᠶᠢᠮᠤᠷᠬᠦᠤ ᠪᠠᠶᠢᠳᠠᠯ ᠲᠤᠤᠷ᠎ᠠ ᠪᠢᠳᠡ ᠮᠠᠰᠢᠨ ᠵᠢᠯᠤᠭᠤᠳᠬᠤ ᠳᠤ ᠶᠠᠭᠤ ᠶᠢ ᠠᠩᠬᠠᠷᠪᠠᠯ ᠵᠤᠬᠢᠬᠤ ᠪᠤᠢ︖ ᠲᠡᠷᠬᠡ ᠬᠥᠳᠡᠯᠬᠡᠬᠦ ᠠᠴᠠ ᠪᠠᠨ ᠡᠮᠤᠨ᠎ᠡ ᠡᠷᠬᠡᠪᠰᠢ ᠲᠡᠷᠬᠡ ᠪᠠᠨ ᠬᠠᠯᠠᠭᠤᠯᠵᠤ᠂ ᠲᠡᠷᠬᠡᠨ ᠤ ᠪᠠᠶᠢᠳᠠᠯ ᠢ ᠨᠠᠷᠢᠨ ᠬᠢᠨᠠᠮᠠᠭᠠᠢ ᠪᠠᠶᠢᠴᠠᠭᠠᠵᠤ᠂ ᠲᠡᠷᠬᠡᠨ ᠲᠡᠬᠡᠷᠡᠬᠢ ᠲᠥᠬᠦᠬᠡᠷᠤᠮᠵᠢ ᠶᠢᠨ ᠬᠡᠪ ᠤᠨ ᠪᠠᠶᠢᠬᠤ ᠶᠢ ᠪᠠᠳᠤᠯᠠᠨ᠎ᠠ᠃ ᠬᠡᠷᠪᠡ ᠲᠡᠷᠬᠡᠨ ᠤ ᠴᠤᠩᠬᠤ ᠮᠥᠰᠤᠳᠤᠪᠠᠯ ᠲᠡᠷᠬᠡ ᠪᠠᠨ ᠨᠤᠴᠤᠭᠠᠵᠤ᠂ ᠲᠤᠯᠠᠭᠠᠯᠠᠮᠵᠢ ᠶᠢ ᠨᠡᠬᠡᠬᠡᠵᠤ ᠴᠤᠩᠬᠤᠨ ᠲᠡᠬᠡᠷᠡᠬᠢ ᠮᠥᠰᠤ ᠶᠢ ᠠᠭᠠᠵᠢᠮ ᠢᠶᠠᠷ ᠬᠠᠶᠢᠯᠤᠭᠤᠯᠤᠨ᠎ᠠ᠂ ᠪᠠᠰᠠ ᠲᠤᠰᠬᠠᠢ ᠮᠥᠰᠤ ᠴᠠᠰᠤ ᠠᠷᠢᠯᠭᠠᠬᠤ ᠬᠤᠰᠤᠭᠤᠷ ᠢᠶᠠᠷ ᠠᠷᠢᠯᠭᠠᠵᠤ ᠪᠤᠯᠤᠨ᠎ᠠ᠃ ᠠᠩᠬᠠᠷᠬᠤ ᠨᠢ᠂ ᠬᠠᠯᠠᠭᠤᠨ ᠤᠰᠤ ᠪᠠᠷ ᠴᠤᠩᠬᠤᠨ ᠲᠡᠬᠡᠷᠡᠬᠢ ᠮᠥᠰᠤ ᠶᠢ ᠬᠠᠶᠢᠯᠤᠭᠤᠯᠵᠤ ᠪᠤᠯᠬᠤ ᠥᠬᠡᠢ᠂ ᠢᠡᠭᠭᠢᠭᠦ ᠨᠢ ᠲᠡᠷᠬᠡᠨ ᠤ ᠴᠤᠩᠬᠤᠨ ᠰᠢᠯ ᠢ ᠲᠤᠩ ᠠᠮᠠᠷᠬᠠᠨ ᠰᠦᠢᠷᠡᠬᠦᠯᠤᠨ᠎ᠠ᠃      ᠴᠠᠰᠤ ᠮᠥᠰᠤ ᠲᠠᠢ ᠡᠳᠤᠷ ᠮᠠᠰᠢᠨ ᠲᠡᠷᠬᠡ ᠶᠢ ᠠᠮᠤᠷ ᠲᠥᠪᠰᠢᠨ ᠵᠢᠯᠤᠭᠤᠳᠬᠤ ᠶᠢᠨ ᠰᠠᠨᠠᠭᠤᠯᠤᠮᠵᠢ᠄ ᠬᠠᠮᠤᠭ ᠲᠡᠷᠢᠬᠦᠨ ᠳᠤ᠂ ᠴᠠᠰᠤ ᠮᠥᠰᠤ ᠲᠠᠢ ᠡᠳᠤᠷ ᠲᠡᠷᠬᠡᠨ ᠤ ᠡᠮᠤᠨ᠎ᠠ ᠲᠠᠯ᠎ᠠ ᠶᠢᠨ ᠰᠠᠯᠬᠢ ᠬᠠᠯᠬᠠᠯᠠᠬᠤ ᠰᠢᠯ ᠨᠢ ᠲᠤᠩ ᠠᠮᠠᠷᠬᠠᠨ ᠮᠠᠨᠠᠨᠳᠤᠳᠠᠭ ᠲᠤᠯᠠ ᠰᠠᠯᠬᠢ ᠬᠠᠯᠬᠠᠯᠠᠬᠤ ᠰᠢᠯ ᠤᠨ ᠮᠠᠨᠠᠨ ᠢ ᠲᠤᠯᠠᠭᠠᠨ ᠢ ᠨᠡᠮᠡᠭᠳᠡᠭᠦᠯᠭᠦ ᠠᠷᠭ᠎ᠠ ᠪᠠᠷ ᠠᠷᠢᠯᠭᠠᠵᠤ ᠪᠤᠯᠤᠨ᠎ᠠ᠃ ᠲᠡᠷᠬᠡ ᠵᠢᠯᠤᠭᠤᠳᠬᠤ ᠶᠢᠨ ᠲᠠᠭᠠᠤ ᠳᠤ ᠵᠥᠯᠬᠦᠬᠦᠷ ᠢᠶᠠᠷ ᠵᠥᠯᠬᠦᠬᠦ ᠶᠢ ᠡᠷᠡᠰ ᠲᠡᠪᠴᠢᠨ᠎ᠠ᠃ ᠲᠠᠷᠠᠭ᠎ᠠ ᠳᠤ ᠨᠢ᠂ ᠴᠠᠰᠤ ᠮᠥᠰᠤ ᠲᠠᠢ ᠡᠳᠤᠷ ᠮᠠᠰᠢᠨ ᠲᠡᠷᠬᠡ ᠵᠢᠯᠤᠭᠤᠳᠬᠤ ᠥᠶᠡᠰ ᠲᠡᠷᠬᠡᠨ ᠤ ᠬᠤᠷᠳᠤᠴᠠ ᠶᠢ ᠰᠠᠶᠢᠳᠤᠷ ᠡᠵᠡᠮᠳᠡᠭᠦ ᠬᠡᠷᠡᠭᠳᠡᠢ᠂ ᠶᠡᠷᠦ ᠳᠤ ᠪᠠᠨ ᠴᠠᠭ ᠪᠥᠷᠢ 30 ᠺᠢᠯᠤᠮᠧᠳ᠋ᠷ ᠠᠴᠠ ᠬᠡᠳᠤᠷᠡᠭᠦᠯᠭᠦ ᠥᠬᠡᠢ ᠪᠠᠶᠢᠭᠠᠷᠠᠢ᠃ ᠡᠬᠦᠨ ᠠᠴᠠ ᠭᠠᠳᠠᠨ᠎ᠠ ᠬᠥᠢᠴᠡᠤᠨ ᠲᠤᠷᠮᠤᠰᠤᠯᠠᠬᠤ ᠵᠠᠶᠢᠳᠠᠢ ᠪᠠᠶᠢᠬᠤ ᠶᠢ ᠪᠠᠳᠤᠯᠠᠵᠤ ᠡᠮᠤᠨ᠎ᠡ ᠬᠤᠶᠢᠨᠠᠬᠢ ᠲᠡᠷᠬᠡᠨ ᠤ ᠬᠤᠭᠤᠷᠤᠨᠳᠤᠬᠢ ᠵᠠᠢ ᠶᠢ ᠵᠤᠬᠢᠰᠳᠠᠢ ᠪᠠᠶᠢᠯᠭᠠᠵᠤ᠂ ᠪᠤᠯᠬᠤ ᠶᠢᠨ ᠨᠥᠬᠦᠴᠡᠯ ᠳᠤ ᠡᠮᠤᠨᠡᠬᠢ ᠲᠡᠷᠬᠡ ᠶᠢ ᠲᠠᠪᠠᠭ᠋ᠤ ᠪᠠᠷ ᠬᠤᠷᠳᠤᠯᠠᠬᠤ ᠬᠡᠷᠡᠭ ᠥᠬᠡᠢ᠃ ᠭᠤᠷᠪᠠ ᠳᠤ᠂ ᠴᠠᠰᠤ ᠮᠥᠰᠤ ᠲᠠᠢ ᠵᠠᠮ ᠲᠡᠬᠡᠷ᠎ᠡ ᠲᠡᠷᠬᠡ ᠵᠢᠯᠤᠭᠤᠳᠬᠤ ᠳᠤ ᠪᠤᠯᠭᠤᠮᠵᠢᠳᠠᠢ ᠪᠠᠶᠢᠵᠤ᠂ ᠲᠡᠷᠬᠡᠨ ᠤ ᠬᠥᠷᠳᠤ ᠭᠤᠯᠭᠤᠷᠢᠬᠤ ᠪᠠᠶᠢᠳᠠᠯ ᠲᠤᠬᠢᠶᠠᠯᠳᠤᠪᠠᠯ ᠤᠭᠵᠤᠮ ᠲᠤᠷᠮᠤᠰᠤᠯᠠᠬᠤ ᠪᠠ ᠬᠡᠳᠤ ᠲᠥᠷᠬᠡᠨ ᠵᠠᠯᠠᠭᠤᠷ ᠢᠶᠠᠨ ᠡᠷᠬᠢᠬᠦᠯᠬᠦ ᠶᠢ ᠴᠡᠬᠡᠷᠯᠡᠵᠤ᠂ ᠵᠠᠪᠠᠯ ᠬᠠᠯᠳᠤᠷᠢᠭᠰᠠᠨ ᠴᠢᠭᠯᠡᠯ ᠲᠡᠶᠢᠰᠢ ᠬᠥᠡᠭᠭᠡᠬᠡᠨ ᠰᠢᠭ ᠵᠠᠯᠠᠭᠤᠷ ᠢᠶᠠᠨ ᠵᠠᠯᠠᠵᠤ᠂ ᠲᠡᠷᠬᠡ ᠬᠡᠪ ᠤᠨ ᠪᠠᠶᠢᠳᠠᠯ ᠳᠤ ᠤᠷᠤᠭᠰᠠᠨ ᠤ ᠲᠠᠷᠠᠭ᠎ᠠ ᠰᠠᠶ᠋ᠢ ᠲᠤᠷᠮᠤᠰᠤᠯᠠᠭᠤᠷ ᠢᠶᠠᠨ ᠬᠢᠰᠬᠢᠵᠤ ᠲᠡᠷᠬᠡ ᠪᠠᠨ ᠠᠯᠭᠤᠷ ᠡᠵᠡᠮᠳᠡᠨ᠎ᠠ᠃ ᠴᠠᠰᠤ ᠮᠥᠰᠤ ᠲᠠᠢ ᠵᠠᠮ ᠲᠡᠬᠡᠷ᠎ᠠ ᠮᠠᠰᠢᠨ ᠲᠡᠷᠬᠡ ᠵᠢᠯᠤᠭᠤᠳᠬᠤ ᠨᠢ ᠪᠤᠷᠤᠭᠠᠨ ᠤᠰᠤ ᠲᠠᠢ ᠵᠠᠮ ᠲᠡᠬᠡᠷ᠎ᠡ ᠮᠠᠰᠢᠨ ᠵᠢᠯᠤᠭᠤᠳᠬᠤ ᠲᠠᠢ ᠬᠠᠷᠢᠴᠠᠭᠤᠯᠪᠠᠯ ᠨᠡᠩ ᠬᠥᠴᠢᠷ ᠪᠠᠶᠢᠵᠤ᠂ ᠬᠡᠨᠡᠳᠤᠯ ᠭᠠᠷᠬᠤ ᠨᠤᠷᠮ᠎ᠠ ᠨᠢ ᠪᠠᠰᠠ ᠨᠡᠩ ᠥᠨᠳᠤᠷ ᠪᠠᠶᠢᠳᠠᠭ᠃ ᠮᠥᠰᠤ ᠴᠠᠰᠤ ᠲᠠᠢ ᠡᠳᠤᠷ ᠮᠠᠰᠢᠨ ᠲᠡᠷᠬᠡ ᠵᠢᠯᠤᠭᠤᠳᠬᠤ ᠤᠷ᠎ᠠ ᠴᠢᠳᠠᠪᠤᠷᠢ ᠶᠢᠨ ᠲᠤᠬᠠᠢ ᠰᠢᠨᠬᠤᠸᠠ ᠰᠥᠯᠵᠢᠶᠡᠨ ᠲᠡᠬᠡᠷ᠎ᠡ ᠭᠤᠷᠪᠠᠨ ᠥᠰᠦᠭ ᠊᠊᠊᠊᠊ ︽ᠠᠯᠭᠤᠷ᠂ ᠲᠡᠮᠳᠡᠢ᠂ ᠠᠭᠠᠵᠢᠮ︾ ᠬᠡᠵᠤ ᠬᠤᠷᠢᠶᠠᠩᠭᠤᠶᠢᠢᠯᠠᠭᠰᠠᠨ ᠪᠠᠶᠢᠨ᠎ᠠ᠃ ᠲᠠᠷᠤᠢ ᠠᠯᠭᠤᠷ ᠲᠤᠰᠤ ᠨᠡᠮᠡᠬᠦ᠂ ᠮᠠᠰᠢᠨ ᠲᠡᠷᠬᠡᠨ ᠤ ᠬᠤᠷᠳᠤᠴᠠ ᠶᠢ ᠲᠡᠮᠳᠡᠢ ᠡᠵᠡᠮᠰᠢᠵᠤ᠂ ᠠᠭᠠᠵᠢᠮ ᠢᠶᠠᠷ ᠴᠢᠭᠯᠡᠯ ᠥᠬᠡᠷᠡᠴᠢᠯᠡᠬᠦ ᠪᠤᠯᠤᠨ᠎ᠠ᠃ ᠲᠤᠰᠤ ᠠᠯᠭᠤᠷ ᠨᠡᠮᠡᠭᠦ ᠬᠡᠳᠡᠭ ᠨᠢ ᠲᠠᠷᠤᠢ ᠮᠠᠰᠢᠨ ᠲᠡᠷᠬᠡ ᠶᠢ ᠵᠢᠯᠤᠭᠤᠳᠬᠤ ᠥᠶ᠎ᠡ ᠳᠤ ᠲᠤᠰᠤ ᠶᠢ ᠬᠥᠡᠭᠭᠡᠭᠡᠡ ᠥᠭᠴᠤ᠂ ᠶᠠᠭᠠᠷᠠᠵᠤ ᠪᠠᠴᠢᠮᠳᠠᠬᠤ ᠥᠬᠡᠢ᠂ ᠮᠠᠰᠢᠨ ᠲᠡᠷᠬᠡ ᠡᠬᠢᠯᠡᠵᠤ ᠬᠥᠳᠡᠯᠬᠦ ᠥᠶᠡᠰ ᠤᠨ ᠠᠶᠤᠯ ᠥᠬᠡᠢ ᠪᠠᠶᠢᠬᠤ ᠶᠢ ᠪᠠᠳᠤᠯᠠᠨ᠎ᠠ᠃ ᠮᠥᠰᠤ ᠴᠠᠰᠤ ᠲᠠᠢ ᠵᠠᠮ ᠨᠢ ᠬᠡᠪ ᠤᠨ ᠵᠠᠮ ᠠᠴᠠ ᠨᠡᠩ ᠬᠥᠯᠢᠬᠡᠷ ᠪᠠᠶᠢᠳᠠᠭ ᠠᠴᠠ ᠬᠡᠷᠪᠡ ᠮᠠᠰᠢᠨ ᠲᠡᠷᠬᠡᠨ ᠳᠤ ᠲᠡᠩᠳᠡᠬᠦᠤ ᠲᠥᠷᠬᠡᠨ ᠲᠤᠰᠤ ᠥᠭᠪᠠᠯ ᠮᠠᠰᠢᠨ ᠲᠡᠷᠬᠡᠨ ᠤ ᠬᠥᠳᠡᠯᠬᠡᠬᠦ ᠬᠥᠴᠤᠨ ᠨᠢ ᠭᠠᠵᠠᠷ ᠤᠨ ᠭᠠᠳᠠᠷᠭᠤ ᠶᠢᠨ ᠨᠠᠭᠠᠯᠳᠤᠬᠤ ᠬᠥᠴᠤ ᠠᠴᠠ ᠶᠡᠭᠡ ᠪᠤᠯᠵᠤ ᠲᠡᠷᠬᠡᠨ ᠤ ᠬᠥᠷᠳᠤ ᠨᠢ ᠬᠤᠭᠤᠰᠤᠨ ᠡᠷᠬᠢᠬᠡᠤᠨ ᠮᠠᠰᠢᠨ ᠲᠡᠷᠬᠡ ᠨᠢ ᠬᠥᠨᠳᠡᠯᠡᠨ ᠲᠡᠶᠢᠰᠢ ᠬᠥᠪᠪᠤᠨ ᠰᠢᠯᠵᠢᠬᠦ ᠪᠤᠯᠤᠨ᠎ᠠ᠃ ᠲᠡᠷᠬᠡᠨ ᠤ ᠬᠤᠷᠳᠤᠴᠠ ᠶᠢ ᠲᠡᠮᠳᠡᠢ ᠡᠵᠡᠮᠰᠢᠬᠦ ᠬᠡᠳᠡᠭ ᠨᠢ ᠲᠠᠷᠤᠢ ᠲᠡᠷᠬᠡᠨ ᠤ ᠲᠤᠷᠮᠤᠰᠤᠯᠠᠭᠤᠷ ᠢ ᠬᠥᠡᠭᠭᠡᠭᠡᠨ ᠬᠢᠰᠭᠢᠭᠦ᠂ ᠡᠰᠡᠬᠦᠯ᠎ᠠ ᠬᠥᠳᠡᠯᠬᠡᠬᠦᠷ ᠢᠶᠠᠷ ᠲᠤᠷᠮᠤᠰᠤᠯᠠᠵᠤ᠂ ᠲᠤᠰᠤᠨ ᠨᠡᠬᠡᠯᠡᠬᠡᠢ ᠶᠢ ᠬᠠᠭᠠᠵᠤ ᠬᠥᠳᠡᠯᠬᠡᠬᠦᠷ ᠤᠨ ᠡᠷᠬᠢᠯᠳᠡ ᠶᠢᠨ ᠬᠤᠷᠳᠤᠴᠠ ᠶᠢ ᠥᠳᠳᠠᠷ ᠲᠥᠷᠬᠡᠨ ᠪᠠᠭᠤᠷᠠᠭᠤᠯᠵᠤ᠂ ᠲᠡᠷᠬᠡᠨ ᠤ ᠬᠤᠷᠳᠤᠴᠠ ᠶᠢᠨ ᠤᠳᠠᠭᠠᠨ ᠪᠤᠯᠬᠤ ᠶᠢ ᠪᠡᠶᠡᠯᠡᠬᠦᠯᠤᠨ᠎ᠠ᠃ ᠶᠠᠭᠠᠬᠢᠭᠰᠠᠨ ᠴᠤ ᠪᠠᠴᠢᠮ ᠲᠤᠷᠮᠤᠰᠤᠯᠠᠵᠤ ᠪᠤᠯᠬᠤ ᠥᠬᠡᠢ᠃ ᠲᠤᠷᠮᠤᠰᠤᠯᠠᠬᠤ ᠪᠠᠷ ᠲᠠᠮᠵᠢᠵᠤ ᠲᠡᠷᠬᠡ ᠶᠢ ᠵᠤᠭᠰᠤᠭᠠᠬᠤ ᠬᠡᠰᠡᠨ ᠴᠤ ᠲᠤᠷᠮᠤᠰᠤᠯᠠᠬᠤ ᠠᠴᠠ ᠡᠮᠤᠨ᠎ᠡ ᠤᠷᠢᠳ ᠢᠶᠠᠷ ᠬᠥᠳᠡᠯᠬᠡᠬᠦᠷ ᠢ ᠵᠤᠭᠰᠤᠭᠠᠭᠠᠤᠨ ᠰᠠᠶ᠋ᠢ ᠮᠠᠰᠢᠨ ᠲᠡᠷᠬᠡ ᠪᠠᠨ ᠵᠤᠭᠰᠤᠭᠠᠨ᠎ᠠ᠃ ᠴᠢᠭᠯᠡᠯ ᠢ ᠠᠭᠠᠵᠢᠮ ᠢᠶᠠᠷ ᠥᠬᠡᠷᠡᠴᠢᠯᠡᠬᠦ ᠬᠡᠳᠡᠭ ᠨᠢ ᠲᠠᠷᠤᠢ ᠲᠡᠷᠬᠡᠨ ᠤ ᠴᠢᠭᠯᠡᠯ ᠢ ᠥᠬᠡᠷᠡᠴᠢᠯᠡᠭᠦ ᠠᠴᠠ ᠡᠮᠤᠨ᠎ᠡ ᠲᠡᠷᠬᠡᠨ ᠤ ᠬᠤᠷᠳᠤᠴᠠ ᠶᠢ ᠤᠳᠠᠭᠠᠨ ᠪᠤᠯᠭᠠᠨ᠎ᠠ᠃      ᠬᠡᠷᠪᠡ ᠵᠠᠮ ᠤᠨ ᠪᠠᠶᠢᠳᠠᠯ ᠰᠠᠶᠢᠨ ᠪᠤᠯ ᠷᠠᠳᠢᠤᠰ ᠢ ᠶᠡᠭᠡ ᠪᠠᠶᠢᠯᠭᠠᠵᠤ ᠵᠠᠯᠠᠭᠤᠷ ᠢ ᠠᠭᠠᠵᠢᠮ ᠡᠷᠬᠢᠬᠦᠯᠵᠤ᠂ ᠬᠠᠵᠠᠭᠤ ᠲᠡᠶᠢᠰᠢ ᠪᠠᠨ ᠬᠠᠯᠳᠤᠷᠢᠬᠤ ᠪᠠᠶᠢᠳᠠᠯ ᠭᠠᠷᠪᠠᠯ ᠬᠥᠷᠳᠤ ᠪᠠᠨ ᠵᠤᠬᠢᠰᠳᠠᠢ ᠪᠤᠴᠠᠭᠠᠵᠤ ᠡᠷᠬᠢᠬᠦᠯᠵᠤ ᠪᠤᠯᠤᠨ᠎ᠠ᠃ ᠴᠠᠰᠤ ᠮᠥᠰᠤ ᠲᠠᠢ ᠡᠳᠤᠷ ᠲᠡᠷᠬᠡ ᠪᠠᠨ ᠬᠥᠮᠤᠷᠬᠡ ᠳᠤ ᠪᠠᠨ ᠵᠤᠭᠰᠤᠭᠠᠨ᠎ᠠ᠂ ᠬᠡᠷᠪᠡ ᠨᠥᠬᠦᠴᠡᠯ ᠬᠥᠷᠤᠯᠴᠡᠭᠦ ᠥᠬᠡᠢ ᠪᠤᠯ ᠠᠯᠢ ᠪᠤᠯᠬᠤ ᠪᠠᠷ ᠤᠰᠤ ᠬᠤᠷᠠᠬᠤ ᠥᠬᠡᠢ ᠭᠠᠵᠠᠷ ᠵᠤᠭᠰᠤᠭᠠᠵᠤ᠂ ᠮᠥᠰᠤ ᠬᠥᠯᠳᠡᠬᠡᠤᠨ ᠶᠠᠷᠰᠢᠭ ᠪᠤᠯᠬᠤ ᠠᠴᠠ ᠰᠡᠷᠬᠡᠶᠢᠯᠡᠬᠡᠷᠡᠢ᠃
ᠢᠷᠡᠯᠲᠡ᠄ ᠲᠣᠲᠣᠷᠬᠠᠢ ᠦᠭᠡᠢ