ᠦᠡᠭᠬᠡ ᠪᠤᠳᠤᠭ ᠨᠢ ᠬᠦᠮᠤᠨ ᠤ ᠤᠶᠤᠨ ᠰᠠᠨᠠᠭ᠎ᠠ ᠶᠢ ᠰᠢᠭᠤᠳ ᠨᠦᠯᠤᠬᠡᠯᠡᠵᠤ ᠪᠠᠶᠢᠳᠠᠭ
ᠨᠡᠶᠢᠲᠡᠯᠡᠭᠰᠡᠨ ᠴᠠᠭ᠄
2021/11/22
     ᠦᠡᠭᠬᠡ ᠪᠤᠳᠤᠭ ᠨᠢ ᠬᠦᠮᠤᠨ ᠤ ᠬᠠᠷᠠᠴᠠ ᠪᠠᠷ ᠳᠠᠮᠵᠢᠨ ᠤᠶᠢᠢᠯᠡᠳᠤᠯ ᠢᠶᠠᠨ ᠪᠠᠳᠠᠷᠠᠭᠤᠯᠳᠠᠭ᠃ ᠠᠳᠠᠯᠢ ᠪᠤᠰᠤ ᠶᠢᠨ ᠦᠡᠭᠬᠡ ᠪᠤᠳᠤᠭ ᠤᠨ ᠬᠡᠷᠡᠯ ᠤᠨ ᠳᠤᠯᠬᠢᠶᠠᠨ ᠤ ᠤᠷᠳᠤ ᠨᠢ ᠠᠳᠠᠯᠢ ᠪᠤᠰᠤ ᠪᠠᠶᠢᠳᠠᠭ ᠢᠶᠠᠷ ᠠᠳᠠᠯᠢ ᠪᠤᠰᠤ ᠶᠢᠨ ᠦᠡᠭᠬᠡ ᠪᠤᠳᠤᠭ ᠢ ᠦᠵᠡᠭᠰᠡᠨ ᠤ ᠳᠠᠷᠠᠭ᠎ᠠ ᠬᠦᠮᠤᠰ ᠤᠨ ᠤᠶᠤᠨ ᠳᠠᠷᠢᠬᠢᠨ ᠳᠤ ᠠᠳᠠᠯᠢ ᠪᠤᠰᠤ ᠶᠢᠨ ᠬᠤᠯᠪᠤᠨ ᠪᠤᠳᠤᠬᠤᠢ ᠪᠤᠯᠤᠨ ᠳᠤᠰᠬᠠᠯ ᠡᠬᠦᠰᠳᠡᠭ᠃ ᠡᠶᠢᠮᠤ ᠠᠴᠠ ᠦᠡᠭᠬᠡ ᠪᠤᠳᠤᠭ ᠨᠢ ᠬᠦᠮᠤᠰ ᠤᠨ ᠤᠶᠤᠨ ᠰᠠᠨᠠᠭ᠎ᠠ ᠶᠢ ᠰᠢᠭᠤᠳ ᠨᠦᠯᠤᠬᠡᠯᠡᠵᠤ ᠪᠠᠶᠢᠳᠠᠭ ᠶᠤᠮ᠃ ᠨᠤᠭᠤᠭᠠᠨ ᠦᠡᠭᠬᠡ᠄ ᠨᠤᠭᠤᠭᠠᠨ ᠦᠡᠭᠬᠡ ᠪᠤᠯ ᠬᠦᠮᠤᠨ ᠢ ᠯᠠᠪᠳᠠᠭᠤᠨ ᠳᠠᠭᠠᠯᠠᠮᠵᠢᠳᠠᠢ ᠪᠤᠯᠭᠠᠳᠠᠭ ᠦᠡᠭᠬᠡ ᠪᠤᠯᠤᠨ᠎ᠠ᠃ ᠨᠤᠭᠤᠭᠠᠨ ᠦᠡᠭᠬᠡ ᠨᠢ ᠮᠡᠳᠡᠷᠡᠯ ᠢ ᠠᠮᠤᠷᠵᠢᠭᠤᠯᠬᠤ᠂ ᠨᠢᠳᠤᠨ ᠤ ᠳᠠᠷᠤᠯᠳᠠ ᠶᠢ ᠪᠠᠭᠤᠷᠠᠭᠤᠯᠬᠤ᠂ ᠨᠢᠳᠤ ᠶᠢ ᠠᠮᠠᠷᠠᠭᠤᠯᠬᠤ᠂ ᠪᠤᠯᠴᠢᠩ ᠤᠨ ᠴᠢᠳᠠᠪᠤᠷᠢ ᠶᠢ ᠰᠠᠶᠢᠵᠢᠷᠠᠭᠤᠯᠬᠤ ᠤᠶᠢᠢᠯᠡᠳᠤᠯ ᠲᠠᠢ ᠪᠦᠬᠡᠳ ᠪᠠᠶᠢᠭᠠᠯᠢ ᠶᠢᠨ ᠨᠤᠭᠤᠭᠠᠨ ᠦᠡᠭᠬᠡ ᠨᠢ ᠪᠠᠰᠠ ᠬᠠᠷᠠᠯᠠᠵᠤ ᠮᠠᠨᠠᠷᠠᠬᠤ᠂ ᠶᠠᠳᠠᠷᠠᠵᠤ ᠵᠦᠳᠡᠷᠡᠬᠦ᠂ ᠪᠦᠬᠡᠯᠵᠢᠰᠤ ᠬᠦᠷᠬᠦ ᠪᠤᠯᠤᠨ ᠰᠠᠨᠠᠭ᠎ᠠ ᠰᠡᠳᠬᠢᠯᠬᠡ ᠶᠢᠨ ᠪᠠᠶᠠᠰᠤᠩᠭᠤᠢ ᠪᠤᠰᠤ ᠪᠠᠶᠢᠬᠤ ᠵᠡᠷᠬᠡ ᠳᠤ ᠡᠶᠡᠳᠡᠬᠦᠯᠬᠦ ᠤᠶᠢᠢᠯᠡᠳᠤᠯ ᠲᠠᠢ ᠪᠠᠶᠢᠳᠠᠭ᠃ ᠬᠡᠪᠡᠴᠤ ᠤᠳᠠᠭᠠᠨ ᠴᠠᠭ ᠢᠶᠠᠷ ᠨᠤᠭᠤᠭᠠᠨ ᠦᠡᠭᠬᠡ ᠲᠠᠢ ᠬᠠᠪᠢᠳᠠᠭᠠᠳ ᠪᠠᠶᠢᠪᠠᠯ᠂ ᠬᠦᠮᠤᠨ ᠪᠠᠰᠠ ᠠᠮᠠᠷᠬᠠᠨ ᠢᠶᠠᠷ ᠤᠶᠢᠢᠳᠬᠤ᠂ ᠬᠤᠳᠤᠭᠤᠳᠤ ᠮᠠᠭᠤᠳᠠᠬᠤ᠂ ᠢᠳᠡᠰᠢᠨ ᠳᠤᠷᠠᠰᠢᠯ ᠳᠤᠷᠦ᠋ᠢᠳᠠᠬᠤ ᠮᠡᠳᠤ ᠶᠢᠨ ᠬᠡᠮ ᠲᠠᠢ ᠪᠤᠯᠵᠤ ᠮᠡᠳᠡᠨ᠎ᠠ᠃ ᠬᠦᠬᠡ ᠦᠡᠭᠬᠡ᠄ ᠮᠠᠰᠢ ᠳᠦᠪ ᠴᠢᠩᠭ᠎ᠠ ᠪᠠᠶᠢᠬᠤ ᠶᠢᠨ ᠢᠯᠡᠷᠡᠬᠦᠯᠤᠯ ᠪᠤᠯᠬᠤ ᠬᠦᠬᠡ ᠦᠡᠭᠬᠡ ᠶᠢ ᠦᠵᠡᠪᠡᠯ ᠬᠦᠮᠤᠰ ᠪᠠᠰᠠ ᠠᠯᠢ ᠤᠯᠠᠨ ᠵᠦᠢᠯ ᠢ ᠠᠮᠠᠷᠬᠠᠨ ᠢᠶᠠᠷ ᠬᠡᠶᠢᠷᠬᠡᠨ ᠪᠤᠳᠤᠬᠤ ᠪᠤᠯᠳᠠᠭ᠃ ᠬᠦᠬᠡ ᠦᠡᠭᠬᠡ ᠨᠢ ᠮᠡᠳᠡᠷᠡᠯ ᠤᠨ ᠠᠵᠢᠯᠯᠠᠭ᠎ᠠ ᠶᠢ ᠵᠤᠬᠢᠴᠠᠭᠤᠯᠵᠤ᠂ ᠰᠡᠳᠬᠢᠯ ᠰᠠᠨᠠᠭ᠎ᠠ ᠶᠢ ᠠᠮᠤᠷᠵᠢᠭᠤᠯᠬᠤ ᠤᠶᠢᠢᠯᠡᠳᠤᠯ ᠲᠠᠢ ᠪᠠᠶᠢᠵᠤ᠂ ᠨᠦᠢᠷ ᠬᠤᠯᠵᠢᠬᠤ ᠶᠢ ᠵᠠᠰᠠᠬᠤ᠂ ᠴᠢᠰᠤᠨ ᠤ ᠳᠠᠷᠤᠯᠳᠠ ᠶᠢ ᠪᠠᠭᠤᠷᠠᠭᠤᠯᠬᠤ ᠪᠤᠯᠤᠨ ᠬᠢᠮᠤᠷᠠᠭ᠎ᠠ ᠶᠢ ᠰᠡᠷᠬᠡᠶᠢᠯᠡᠬᠦ ᠳᠤ ᠬᠦᠬᠡ ᠬᠡᠷᠡᠯ ᠲᠠᠢ ᠳ᠋ᠸᠡᠭ ᠢ ᠵᠠᠷᠤᠵᠤ ᠪᠠᠶᠢᠪᠠᠯ᠂ ᠮᠡᠳᠡᠭᠳᠡᠬᠦ᠋ᠢᠴᠠ ᠤᠶᠢᠢᠯᠡᠳᠤᠯ ᠲᠠᠢ ᠪᠠᠶᠢᠳᠠᠭ ᠪᠢᠯᠠ᠃ ᠵᠢᠭᠤᠯᠴᠢᠯᠠᠵᠤ ᠳᠤᠭᠤᠷᠢᠬᠤ ᠳᠤ ᠪᠠᠨ ᠬᠦᠮᠤᠰ ᠬᠦᠬᠡ ᠰᠢᠯ ᠵᠡᠬᠦᠪᠠᠯ᠂ ᠤᠡᠭᠭᠤᠴᠠ ᠮᠠᠰᠢᠨ ᠳᠤ ᠰᠠᠭᠤᠭᠰᠠᠨ ᠴᠤ ᠳᠤᠯᠤᠭᠠᠢ ᠨᠢ ᠳᠡᠮᠡᠢ ᠡᠷᠬᠢᠬᠦ ᠦᠬᠡᠢ ᠪᠤᠯᠳᠠᠭ᠃       ᠬᠡᠪᠡᠴᠤ ᠤᠶᠤᠨ ᠮᠡᠳᠡᠷᠡᠯ ᠮᠠᠭᠤᠳᠠᠭᠰᠠᠨ ᠬᠦᠮᠤᠰ᠂ ᠭᠠᠨᠭ᠍ᠰᠠᠷᠠᠳᠠᠭ ᠬᠦᠮᠤᠰ ᠲᠤ ᠬᠦᠬᠡ ᠦᠡᠭᠬᠡ ᠨᠢ ᠳᠠᠮᠠᠢ ᠳᠤᠬᠢᠷᠠᠬᠤ ᠦᠬᠡᠢ ᠪᠠᠶᠢᠵᠤ᠂ ᠡᠶᠢᠮᠤ ᠬᠦᠮᠤᠰ ᠬᠦᠬᠡ ᠦᠡᠭᠬᠡ ᠲᠠᠢ ᠢᠯᠡᠬᠦᠤ ᠬᠠᠪᠢᠳᠠᠬᠤ ᠳᠤ ᠬᠦᠷᠪᠠᠯ ᠬᠡᠮ ᠡᠪᠡᠳᠴᠢᠨ ᠨᠢ ᠬᠦᠨᠳᠤᠷᠡᠬᠦ ᠠᠶᠤᠯ ᠲᠠᠢ᠃ ᠰᠢᠷ᠎ᠠ ᠦᠡᠭᠬᠡ᠄ ᠰᠢᠷ᠎ᠠ ᠦᠡᠭᠬᠡ ᠪᠤᠯ ᠡᠷᠡᠬᠦᠯ ᠴᠢᠬᠢᠷᠠᠭ ᠤᠨ ᠪᠡᠯᠬᠡᠳᠡᠯᠳᠤ ᠦᠡᠭᠬᠡ ᠪᠤᠯᠤᠨ᠎ᠠ᠃ ᠬᠦᠮᠤᠨ ᠡᠬᠡ ᠶᠢᠨ ᠤᠮᠠᠢ ᠠᠴᠠ ᠪᠠᠨ ᠤᠨᠠᠮᠠᠭᠴᠠ ᠬᠠᠮᠤᠭ ᠤᠨ ᠳᠦᠷᠦᠬᠦᠨ ᠳᠤ ᠰᠢᠷ᠎ᠠ ᠦᠡᠭᠬᠡ ᠶᠢ ᠤᠯᠵᠤ ᠦᠵᠡᠳᠡᠭ᠃ ᠰᠢᠷ᠎ᠠ ᠦᠡᠭᠬᠡ ᠨᠢ ᠬᠡᠷᠡᠯ ᠵᠢᠭᠰᠠᠯ ᠳᠠᠬᠢ ᠬᠠᠮᠤᠭ ᠤᠨ ᠠᠮᠠᠷᠬᠠᠨ ᠰᠢᠩᠬᠡᠳᠡᠭ ᠦᠡᠭᠬᠡ ᠪᠤᠯᠬᠤᠷ ᠬᠢᠯᠪᠠᠮ᠎ᠠ ᠰᠠᠶᠢᠬᠠᠨ ᠡᠷᠡᠬᠦᠯ ᠰᠠᠷᠠᠭᠤᠯ ᠦᠡᠭᠬᠡ ᠪᠤᠯᠤᠨ ᠬᠠᠷᠠᠭᠳᠠᠵᠤ ᠪᠠᠶᠢᠳᠠᠭ ᠶᠤᠮ᠃ ᠬᠤᠤᠰ ᠴᠢᠳᠠᠪᠤᠷᠢᠳᠤ ᠰᠢᠷ᠎ᠠ ᠦᠡᠭᠬᠡ ᠨᠢ ᠡᠷᠡᠬᠦᠯ ᠴᠢᠬᠢᠷᠠᠭ ᠬᠦᠮᠤᠨ ᠳᠤ ᠪᠤᠯ ᠰᠠᠨᠠᠭ᠎ᠠ ᠰᠡᠳᠬᠢᠯ ᠢ ᠨᠢ ᠳᠤᠭᠳᠠᠪᠤᠷᠢᠵᠢᠭᠤᠯᠵᠤ᠂ ᠢᠳᠡᠰᠢᠨ ᠳᠤᠷᠠᠰᠢᠯ ᠢ ᠨᠢ ᠬᠦᠳᠡᠯᠬᠡᠬᠦ ᠤᠶᠢᠢᠯᠡᠳᠤᠯ ᠲᠠᠢ ᠪᠠᠶᠢᠵᠤ᠂ ᠤᠶᠤᠨ ᠰᠠᠨᠠᠭᠠᠨ ᠤ ᠳᠠᠷᠤᠯᠳᠠ ᠲᠠᠢ᠂ ᠪᠠᠶᠠᠰᠤᠩᠭᠤᠢ ᠪᠤᠰᠤ ᠬᠦᠮᠤᠨ ᠳᠤ ᠪᠤᠯ ᠪᠠᠶᠠᠰᠤᠩᠭᠤᠢ ᠪᠤᠰᠤ ᠰᠠᠨᠠᠭ᠎ᠠ ᠰᠡᠳᠬᠢᠯᠬᠡ ᠶᠢ ᠨᠢ ᠤᠯᠠᠮ ᠬᠡᠴᠡᠬᠦᠳᠡᠬᠦᠯᠬᠦ ᠤᠶᠢᠢᠯᠡᠳᠤᠯ ᠲᠠᠢ ᠪᠠᠶᠢᠳᠠᠭ᠃ ᠤᠯᠠᠪᠤᠷ ᠦᠡᠭᠬᠡ᠄ ᠤᠯᠠᠪᠤᠷ ᠦᠡᠭᠬᠡ ᠪᠤᠯ ᠳᠤᠯᠤᠭᠠᠨ ᠦᠡᠭᠬᠡ ᠶᠢᠨ ᠳᠦᠯᠤᠬᠡᠯᠡᠭᠴᠢ ᠦᠡᠭᠬᠡ ᠪᠤᠯᠬᠤ ᠪᠦᠬᠡᠳ ᠪᠠᠰᠠ ᠴᠤ ᠡᠷᠡᠬᠦᠯ ᠴᠢᠬᠢᠷᠠᠭ ᠢ ᠳᠦᠯᠤᠬᠡᠯᠡᠳᠡᠭ ᠦᠡᠭᠬᠡ ᠪᠤᠯᠤᠨ᠎ᠠ᠃ ᠤᠯᠠᠪᠤᠷ ᠦᠡᠭᠬᠡ ᠨᠢ ᠬᠦᠮᠤᠰ ᠢ ᠴᠤᠭ ᠵᠤᠯᠢ ᠲᠠᠢ ᠪᠤᠯᠭᠠᠵᠤ᠂ ᠬᠦᠮᠤᠨ ᠤ ᠢᠳᠡᠰᠢᠨ ᠳᠤᠷᠠᠰᠢᠯ ᠢ ᠬᠦᠳᠡᠯᠬᠡᠬᠦ ᠤᠶᠢᠢᠯᠡᠳᠤᠯ ᠲᠠᠢ ᠪᠠᠶᠢᠳᠠᠭ ᠢᠶᠠᠷ ᠪᠠᠷᠠᠬᠤ ᠦᠬᠡᠢ ᠪᠠᠰᠠ ᠪᠤᠶᠢᠵᠢᠨ ᠪᠤᠯᠪᠠᠰᠤᠷᠠᠭᠰᠠᠨ᠂ ᠵᠤᠯ ᠵᠢᠷᠭᠠᠯ ᠲᠠᠢ ᠪᠠᠶᠢᠬᠤ ᠰᠠᠨᠠᠭ᠎ᠠ ᠶᠢ ᠠᠭᠤᠯᠤᠭᠰᠠᠨ ᠤᠨᠴᠠᠯᠢᠬ ᠲᠠᠢ ᠪᠠᠶᠢᠳᠠᠭ᠃ ᠴᠠᠭᠠᠨ ᠦᠡᠭᠬᠡ᠄ ᠴᠠᠭᠠᠨ ᠦᠡᠭᠬᠡ ᠨᠢ ᠬᠡᠷᠡᠯ ᠪᠦᠬᠦᠨ ᠢ ᠤᠶᠢᠢᠯᠠᠭᠤᠯᠵᠤ᠂ ᠬᠦᠮᠤᠰ ᠲᠤ ᠠᠷᠢᠭᠤᠨ ᠴᠡᠪᠡᠷ ᠠᠭᠤᠵᠢᠮ ᠳᠡᠨᠢᠬᠦᠨ ᠪᠠᠶᠢᠬᠤ ᠳᠦᠷᠦᠭᠳᠡᠯ ᠢ ᠦᠭᠳᠡᠭ᠃ ᠳᠠᠪᠴᠢᠭᠤ ᠴᠢᠬᠤᠯ ᠭᠠᠵᠠᠷ ᠲᠤ ᠴᠠᠭᠠᠨ ᠦᠡᠭᠬᠡ ᠨᠢ ᠠᠮᠠᠷᠬᠠᠨ ᠠᠭᠤᠷᠯᠠᠵᠤ ᠬᠢᠯᠢᠩᠨᠡᠳᠡᠭ ᠬᠦᠮᠤᠰ ᠤᠨ ᠰᠡᠳᠬᠢᠯ ᠢ ᠳᠠᠶᠢᠪᠤᠰᠢᠷᠠᠭᠤᠯᠤᠨ ᠠᠮᠤᠷᠵᠢᠭᠤᠯᠵᠤ᠂ ᠴᠢᠰᠤᠨ ᠳᠠᠷᠤᠯᠳᠠ ᠶᠢ ᠨᠢ ᠳᠤᠭᠳᠠᠪᠤᠷᠢᠵᠢᠭᠤᠯᠬᠤ ᠤᠶᠢᠢᠯᠡᠳᠤᠯ ᠭᠠᠷᠭᠠᠵᠤ ᠪᠠᠶᠢᠳᠠᠭ᠃ ᠬᠡᠪᠡᠴᠤ ᠤᠶᠢᠢᠳᠬᠠᠷᠯᠠᠨ ᠭᠠᠨᠭ᠍ᠰᠠᠷᠠᠳᠠᠭ ᠬᠦᠮᠤᠰ ᠴᠠᠭᠠᠨ ᠦᠡᠭᠬᠡ ᠲᠠᠢ ᠤᠷᠴᠢᠨ ᠳᠤ ᠤᠳᠠᠭᠠᠨ ᠠᠮᠢᠳᠤᠷᠠᠵᠤ ᠦᠯᠤ ᠪᠤᠯᠤᠨ᠎ᠠ᠃ ᠶᠠᠭᠠᠨ ᠦᠡᠭᠬᠡ᠄ ᠶᠠᠭᠠᠨ ᠦᠡᠭᠬᠡ ᠪᠤᠯ ᠡᠶᠡᠯᠳᠡᠭ ᠵᠦᠬᠡᠯᠠᠨ ᠤ ᠬᠠᠮᠤᠭ ᠤᠨ ᠰᠠᠶᠢᠨ ᠢᠯᠡᠷᠡᠬᠦᠯᠤᠯ ᠪᠤᠯᠤᠨ᠎ᠠ᠃ ᠶᠠᠭᠠᠨ ᠦᠡᠭᠬᠡ ᠶᠢ ᠦᠵᠡᠪᠡᠯ᠂ ᠬᠦᠮᠤᠨ ᠤ ᠪᠦᠬᠡᠷ᠎ᠠ ᠶᠢᠨ ᠳᠡᠬᠡᠳᠤ ᠪᠤᠯᠴᠢᠷᠬᠠᠢ ᠶᠢᠨ ᠬᠤᠷᠮᠤᠨ ᠤ ᠱᠦᠬᠦᠷᠡᠯᠳᠠ ᠳᠠᠷᠤᠢ ᠪᠠᠭᠠᠰᠴᠤ᠂ ᠬᠦᠮᠤᠨ ᠤ ᠰᠠᠨᠠᠭ᠎ᠠ ᠰᠡᠳᠬᠢᠯᠬᠡ ᠳᠠᠷᠤᠢ ᠳᠤᠭᠳᠠᠪᠤᠷᠢᠳᠠᠢ ᠪᠤᠯᠳᠠᠭ ᠪᠤᠯᠬᠤᠷ ᠠᠭᠤᠷᠯᠠᠵᠤ ᠬᠢᠯᠢᠩᠨᠡᠭᠰᠡᠨ ᠬᠦᠮᠤᠨ ᠶᠠᠭᠠᠨ ᠦᠡᠭᠬᠡ ᠶᠢ ᠦᠵᠡᠪᠡᠯ ᠠᠭᠤᠷ ᠤᠴᠠᠭᠠᠷ ᠨᠢ ᠳᠤᠤᠷ᠎ᠠ ᠪᠠᠨ ᠳᠠᠷᠤᠭᠳᠠᠴᠢᠬᠠᠳᠠᠭ ᠬᠡᠰᠡᠨ ᠢ ᠳᠤᠷᠰᠢᠯᠳᠠ ᠬᠡᠷᠡᠴᠢᠯᠡᠪᠡ᠃ ᠤᠶᠢᠢᠳᠬᠠᠷᠯᠠᠵᠤ ᠭᠠᠨᠭ᠍ᠰᠠᠷᠠᠳᠠᠭ ᠬᠦᠮᠤᠰ ᠶᠠᠭᠠᠨ ᠦᠡᠭᠬᠡ ᠲᠠᠢ ᠢᠯᠡᠬᠦᠤ ᠬᠠᠪᠢᠳᠠᠵᠤ ᠪᠠᠶᠢᠪᠠᠯ ᠰᠠᠶᠢᠨ ᠶᠤᠮ᠃ ᠤᠯᠠᠭᠠᠨ ᠦᠡᠭᠬᠡ᠄ ᠤᠯᠠᠭᠠᠨ ᠦᠡᠭᠬᠡ ᠪᠤᠯ ᠰᠡᠳᠤᠯᠳᠠ ᠶᠡᠭᠡ ᠲᠠᠢ ᠦᠡᠭᠬᠡ ᠪᠠᠶᠢᠵᠤ᠂ ᠬᠦᠮᠤᠰ ᠲᠤ ᠳᠦᠷᠡᠯᠵᠡᠭᠰᠡᠨ ᠭᠠᠯ ᠪᠤᠯᠤᠨ ᠤᠷᠬᠢᠯᠤᠮ᠎ᠠ ᠬᠠᠯᠠᠭᠤᠨ ᠰᠡᠳᠬᠢᠯᠬᠡ ᠶᠢ ᠰᠠᠨᠠᠭᠳᠠᠭᠤᠯᠵᠤ ᠪᠠᠶᠢᠳᠠᠭ᠃ ᠤᠯᠠᠭᠠᠨ ᠦᠡᠭᠬᠡ ᠲᠠᠢ ᠦᠷᠬᠦᠯᠵᠢ ᠬᠠᠪᠢᠳᠠᠵᠤ ᠦᠯᠤ ᠪᠤᠯᠤᠨ᠎ᠠ᠃ ᠤᠯᠠᠭᠠᠨ ᠦᠡᠭᠬᠡ ᠶᠢ ᠤᠳᠠᠭᠠᠨ ᠬᠠᠷᠠᠪᠠᠯ ᠬᠦᠮᠤᠨ ᠤ ᠨᠢᠳᠤ ᠮᠠᠭᠤᠳᠠᠬᠤ ᠪᠠᠷ ᠪᠠᠷᠠᠬᠤ ᠦᠬᠡᠢ ᠳᠤᠯᠤᠭᠠᠢ ᠨᠢ ᠪᠠᠰᠠ ᠡᠷᠬᠢᠳᠡᠭ᠃ ᠵᠢᠷᠤᠬᠡ ᠪᠠ ᠳᠠᠷᠢᠬᠢᠨ ᠡᠪᠡᠳᠴᠢᠨ ᠲᠠᠢ ᠬᠦᠮᠤᠨ ᠤᠯᠠᠭᠠᠨ ᠦᠡᠭᠬᠡ ᠠᠴᠠ ᠵᠠᠶᠢᠳᠠᠭᠤ ᠪᠠᠶᠢᠬᠤ ᠬᠡᠷᠡᠭᠳᠡᠢ᠃ ᠬᠠᠷ᠎ᠠ ᠦᠡᠭᠬᠡ᠄ ᠬᠠᠷ᠎ᠠ ᠦᠡᠭᠬᠡ ᠨᠢ ᠬᠠᠯᠠᠭᠤᠨ ᠢ ᠳᠠᠭᠤᠬᠤ᠂ ᠠᠮᠤᠷᠵᠢᠭᠤᠯᠤᠨ ᠳᠠᠶᠢᠪᠤᠰᠢᠷᠠᠭᠤᠯᠬᠤ ᠤᠶᠢᠢᠯᠡᠳᠤᠯ ᠲᠠᠢ ᠪᠠᠶᠢᠵᠤ᠂ ᠬᠦᠭᠰᠡᠵᠤ ᠪᠠᠴᠢᠮᠳᠠᠬᠤ᠂ ᠨᠦᠢᠷ ᠬᠤᠯᠵᠢᠨ ᠠᠶᠤᠵᠤ ᠰᠤᠴᠢᠬᠤ ᠮᠡᠳᠤ ᠶᠢᠨ ᠬᠡᠮ ᠲᠠᠢ ᠬᠦᠮᠤᠰ ᠢ ᠠᠮᠤᠷᠵᠢᠭᠤᠯᠤᠨ ᠳᠠᠶᠢᠪᠤᠰᠢᠷᠠᠭᠤᠯᠬᠤ ᠤᠶᠢᠢᠯᠡᠳᠤᠯ ᠲᠠᠢ ᠪᠠᠶᠢᠳᠠᠭ᠃ ᠦᠨᠡᠰᠤᠨ ᠪᠤᠷᠤ ᠦᠡᠭᠬᠡ᠄ ᠦᠨᠡᠰᠤᠨ ᠪᠤᠷᠤ ᠦᠡᠭᠬᠡ ᠪᠤᠯ ᠦᠡᠭᠬᠡ ᠪᠦᠬᠦᠨ ᠲᠠᠢ ᠵᠤᠬᠢᠯᠳᠤᠳᠠᠭ ᠦᠡᠭᠬᠡ ᠪᠤᠯᠤᠨ᠎ᠠ᠃ ᠦᠨᠡᠰᠤᠨ ᠪᠤᠷᠤ ᠦᠡᠭᠬᠡ ᠨᠢ ᠬᠦᠮᠤᠨ ᠤ ᠡᠷᠡᠬᠦᠯ ᠮᠡᠨᠳᠤ ᠳᠤ ᠬᠠᠷᠰᠢ ᠨᠦᠯᠤᠬᠡ ᠦᠬᠡᠢ ᠪᠠᠶᠢᠳᠠᠭ᠃ ᠦᠡᠭᠬᠡ ᠪᠤᠳᠤᠭ ᠤᠨ ᠳᠤᠬᠠᠢ ᠡᠷᠳᠡᠮᠳᠡᠳ ᠳᠡᠬᠡᠷᠡᠬᠢ ᠮᠡᠳᠤ ᠪᠠᠷ ᠳᠠᠶᠢᠯᠪᠤᠷᠢᠯᠠᠨ ᠶᠠᠷᠢᠪᠠ᠃ ᠦᠡᠭᠬᠡ ᠪᠤᠳᠤᠭ ᠨᠢ ᠶᠡᠷᠤ ᠳᠤ ᠪᠠᠨ ᠰᠠᠶᠢᠨ ᠪᠠ ᠰᠠᠶᠢᠨ ᠪᠤᠰᠤ ᠳᠠᠯ᠎ᠠ ᠶᠢᠨ ᠨᠦᠯᠤᠬᠡᠯᠡᠯ ᠲᠠᠢ ᠪᠠᠶᠢᠬᠤ ᠨᠢ ᠭᠠᠷᠴᠠᠭ᠎ᠠ ᠦᠬᠡᠢ᠃      ᠪᠢᠳᠠᠨ ᠤ ᠬᠦᠮᠤᠨ ᠪᠤᠯᠭᠠᠨ ᠳᠤ ᠠᠪᠴᠤ ᠬᠡᠯᠡᠪᠡᠯ᠂ ᠬᠦᠮᠤᠨ ᠪᠦᠬᠦᠨ ᠪᠦᠷ ᠦᠪᠡᠷ ᠦᠪᠡᠷᠰᠡᠳ ᠤᠨ ᠢᠶᠠᠨ ᠳᠦᠯᠤᠬᠡᠯᠡᠭᠴᠢ ᠦᠡᠭᠬᠡ ᠶᠢᠨ ᠡᠷᠬᠢᠮᠯᠠᠯ ᠲᠠᠢ ᠪᠠᠶᠢᠳᠠᠭ᠃ ᠦᠡᠭᠬᠡ ᠪᠤᠳᠤᠭ ᠤᠨ ᠡᠷᠬᠢᠮᠯᠡᠯ ᠠᠴᠠ ᠨᠢ ᠪᠢᠳᠠ ᠨᠢᠬᠡ ᠬᠦᠮᠤᠨ ᠤ ᠤᠶᠤᠨ ᠰᠠᠨᠠᠭᠠᠨ ᠤ ᠪᠠᠶᠢᠳᠠᠯ ᠢ ᠤᠶᠢᠢᠯᠠᠭᠠᠨ ᠮᠡᠳᠡᠵᠤ ᠪᠤᠯᠤᠨ᠎ᠠ᠃ ᠬᠡᠬᠦ ᠳᠤ ᠪᠠᠨ ᠶᠢᠷᠳᠢᠨᠴᠤ ᠳᠡᠯᠡᠬᠡᠢ ᠳᠡᠬᠡᠷ᠎ᠠ ᠴᠤᠯ ᠨᠢᠬᠡ ᠯᠠ ᠦᠡᠭᠬᠡ ᠪᠠᠷ ᠢᠯᠡᠷᠡᠵᠤ ᠤᠶᠢᠢᠯᠠᠭᠠᠭᠳᠠᠬᠤ ᠬᠦᠮᠤᠨ ᠪᠠᠶᠢᠵᠤ ᠴᠢᠳᠠᠰᠢ ᠦᠬᠡᠢ ᠶᠤᠮ᠃ ᠤᠴᠢᠷ ᠨᠢ ᠬᠦᠮᠤᠨ ᠪᠤᠯ ᠪᠦᠷ ᠨᠠᠷᠢᠨ ᠪᠤᠳᠤᠯᠢᠶᠠᠨᠳᠤ ᠰᠠᠨᠠᠭ᠎ᠠ ᠰᠡᠳᠬᠢᠯᠬᠡ ᠲᠠᠢ ᠠᠮᠢᠳᠠᠨ ᠪᠠᠶᠢᠭ᠎ᠠ ᠪᠢᠯᠠ᠃
ᠢᠷᠡᠯᠲᠡ᠄ ᠲᠣᠲᠣᠷᠬᠠᠢ ᠦᠭᠡᠢ