ᠣᠶᠢᠷ᠎ᠠ ᠶᠢᠨ ᠵᠢᠯ ᠤᠳ ᠳᠤ᠂ ᠮᠠᠨ ᠤ ᠤᠯᠤᠰ ᠤᠨ ᠲᠢᠲᠢᠮᠯᠢᠭ ᠯᠤᠬᠰᠢᠭᠤᠨ ᠰᠤᠳᠠᠯ ᠤᠨ ᠵᠢᠷᠦᠭᠡᠨ | ᠡᠪᠡᠳᠴᠢᠨ ᠳᠤ ᠨᠡᠷᠪᠡᠭᠳᠡᠬᠦ ᠡᠪᠡᠳᠴᠢᠳᠠᠨ ᠤ ᠨᠣᠷᠮ᠎ᠠ ᠤᠯᠠᠮ ᠠᠴᠠ ᠤᠯᠠᠮ ᠥᠨᠳᠥᠷ ᠪᠣᠯᠵᠣ᠂ ᠡᠪᠡᠳᠴᠢᠯᠡᠬᠦ | ᠨᠠᠰᠤ ᠨᠢ ᠴᠤ ᠤᠯᠠᠮ ᠠᠴᠠ ᠤᠯᠠᠮ ᠵᠠᠯᠠᠭᠤᠵᠢᠵᠤ ᠪᠠᠶᠢᠨ᠎ᠠ᠃ ᠲᠢᠲᠢᠮᠯᠢᠭ ᠰᠤᠳᠠᠯ ᠤᠨ ᠴᠢᠰᠤᠨ ᠰᠤᠳᠠᠯ ᠬᠦᠨᠳᠦ | ᠬᠡᠴᠡᠭᠦᠦ ᠨᠠᠷᠢᠰᠬᠤ ᠳᠤ ᠬᠦᠷᠪᠡᠯ᠂ ᠲᠤᠯᠤᠬᠴᠢ ᠲᠠᠯᠪᠢᠪᠡᠯ ᠴᠢᠰᠤᠨ ᠰᠤᠳᠠᠯ ᠢ ᠨᠡᠪᠲᠡᠷᠡᠭᠦᠯᠵᠦ ᠴᠢᠰᠤᠨ ᠤ | ᠬᠠᠨᠭ᠍ᠭᠠᠯᠳᠠ ᠶᠢ ᠰᠠᠶᠢᠵᠢᠷᠠᠭᠤᠯᠵᠤ᠂ ᠶᠠᠭ ᠲᠦᠭᠵᠢᠷᠡᠭᠰᠡᠨ ᠭᠤᠤᠯ ᠤᠨ ᠤᠰᠤ ᠶᠢ ᠨᠡᠪᠳᠡᠷᠡᠭᠦᠯᠵᠦ᠂ ᠤᠰᠤᠨ | ᠤᠷᠤᠰᠬᠠᠯ ᠢ ᠤᠤᠯ ᠤᠨ ᠬᠢ ᠰᠠᠭᠠᠳ ᠥᠬᠡᠶ ᠨᠡᠪᠲᠡᠷᠡᠭᠦᠯᠬᠦ ᠰᠢᠭ ᠪᠤᠯᠳᠠᠭ᠃ ᠭᠡᠪᠡᠴᠦ ᠴᠢᠰᠤᠨ ᠰᠤᠳᠠᠯ ᠶᠠᠮᠠᠷ | ᠬᠡᠮᠵᠢᠶᠡᠨ ᠳᠤ ᠬᠦᠷᠲᠡᠯ᠎ᠡ ᠲᠦᠭᠵᠢᠷᠡᠪᠡᠯ ᠰᠠᠶ᠋ᠢ ᠲᠤᠯᠤᠬᠴᠢ ᠲᠠᠯᠪᠢᠬᠤ ᠴᠢᠬᠤᠯᠠᠳᠠᠢ ᠪᠤᠢ︖ ᠣᠳᠣᠬᠠᠨ ᠳᠤ᠂ | ᠲᠢᠲᠢᠮᠯᠢᠭ ᠯᠤᠬᠰᠢᠭᠤᠨ ᠰᠤᠳᠠᠯ ᠤᠨ ᠵᠢᠷᠦᠭᠡᠨ ᠡᠪᠡᠳᠴᠢᠨ ᠢ ᠵᠠᠰᠠᠬᠤ ᠠᠷᠭ᠎ᠠ ᠭᠤᠤᠯᠳᠠᠭᠤ ᠭᠤᠷᠪᠠᠨ ᠵᠦᠢᠯ | ᠪᠠᠶᠢᠳᠠᠭ᠄ ᠡᠮ ᠢᠶᠠᠷ ᠵᠠᠰᠠᠬᠤ᠂ ᠭᠤᠤᠷᠰᠤᠨ ᠲᠤᠯᠤᠬᠴᠢ ᠲᠠᠯᠪᠢᠬᠤ ᠪᠠ ᠲᠢᠲᠢᠮᠯᠢᠭ ᠯᠤᠬᠰᠢᠭᠤᠨ ᠰᠤᠳᠠᠯ ᠳᠤ | ᠬᠦᠬᠦᠷᠭᠡ ᠮᠠᠶ᠋ᠢᠭ ᠤᠨ ᠲᠤᠯᠤᠬᠴᠢ ᠲᠠᠯᠪᠢᠬᠤ ᠪᠤᠯᠤᠨ᠎ᠠ᠃ ᠬᠡᠷᠪᠡ ᠲᠦᠷᠭᠡᠨ ᠴᠢᠨᠠᠷᠲᠠᠶ ᠲᠢᠲᠢᠮᠯᠢᠭ ᠯᠤᠬᠰᠢᠭᠤᠨ | ᠰᠤᠳᠠᠯ ᠤᠨ ᠵᠢᠷᠦᠭᠡᠨ ᠡᠪᠡᠳᠴᠢᠨ᠂ ᠵᠢᠱᠢᠶᠡᠯᠡᠪᠡᠯ ᠲᠦᠷᠭᠡᠨ ᠴᠢᠨᠠᠷᠲᠠᠶ ᠵᠢᠷᠦᠬᠡᠨ ᠪᠤᠯᠴᠢᠩ ᠤᠨ ᠲᠦᠭᠵᠢᠷᠡᠯ ᠤᠨ | ᠡᠪᠡᠳᠴᠢᠨ ᠢ ᠡᠮᠨᠡᠨ ᠵᠠᠰᠠᠬᠤ ᠶᠢᠨ ᠵᠠᠩᠭᠢᠯᠠᠭ᠎ᠠ ᠨᠢ ᠳᠠᠷᠤᠶ ᠲᠦᠭᠵᠢᠷᠡᠭᠰᠡᠨ ᠲᠢᠲᠢᠮᠯᠢᠭ ᠯᠤᠭᠰᠢᠭᠤᠨ ᠰᠤᠳᠠᠯ ᠢ | ᠲᠦᠷᠭᠡᠨ ᠨᠡᠪᠳᠡᠷᠡᠬᠦᠯᠬᠦ ᠴᠢᠬᠤᠯᠠᠳᠠᠢ ᠲᠤᠯᠠ ᠭᠤᠤᠷᠰᠤᠨ ᠲᠤᠯᠤᠬᠴᠢ ᠲᠠᠯᠪᠢᠬᠤ ᠪᠣᠯ ᠲᠡᠷᠢᠭᠦᠨ ᠰᠣᠩᠭᠤᠯᠲᠠ | ᠪᠣᠯᠤᠨ᠎ᠠ︔ ᠲᠣᠭᠲᠠᠪᠤᠷᠢᠲᠠᠶ ᠴᠢᠨᠠᠷᠳᠠᠢ ᠲᠢᠲᠢᠮᠯᠢᠭ ᠯᠤᠬᠰᠢᠭᠤᠨ ᠰᠤᠳᠠᠯ ᠤᠨ ᠵᠢᠷᠦᠭᠡᠨ ᠡᠪᠡᠳᠴᠢᠨ ᠢ ᠪᠣᠯ ᠦᠨᠡᠯᠡᠬᠦ | ᠪᠠᠷᠢᠮᠵᠢᠶ᠎ᠠ ᠨᠢ ᠵᠢᠭᠠᠬᠠᠨ ᠪᠤᠳᠤᠯᠢᠶᠠᠨᠲᠠᠶ ᠪᠠᠶᠢᠳᠠᠭ᠃ ᠡᠩ ᠤᠨ ᠪᠠᠶᠢᠳᠠᠯ ᠲᠤᠤᠷ᠎ᠠ᠂ ᠡᠮᠴᠢ ᠭᠤᠣᠯᠳᠠᠭᠤ ᠳᠣᠣᠷᠠᠬᠢ | ᠪᠠᠶᠢᠳᠠᠯ ᠠᠴᠠ ᠭᠤᠤᠷᠰᠤᠨ ᠲᠤᠯᠤᠬᠴᠢ ᠪᠠ ᠬᠦᠬᠦᠷᠭᠡ ᠮᠠᠶ᠋ᠢᠭ ᠤᠨ ᠲᠤᠯᠤᠬᠴᠢ ᠲᠠᠯᠪᠢᠬᠤ ᠡᠰᠡᠬᠦ ᠶᠢ ᠪᠦᠬᠦ | ᠲᠠᠯ᠎ᠠ ᠪᠠᠷ ᠪᠣᠳᠣᠯᠬᠢᠯᠠᠳᠠᠬ᠄ 1. ᠲᠢᠲᠢᠮᠯᠢᠭ ᠯᠤᠬᠰᠢᠭᠤᠨ ᠰᠤᠳᠠᠯ ᠢ ᠰᠡᠭᠦᠳᠡᠷᠯᠡᠬᠦ ᠳᠤ ᠡᠪᠡᠳᠴᠢᠲᠡᠨ ᠤ ᠲᠢᠲᠢᠮᠯᠢᠭ | ᠯᠤᠬᠰᠢᠭᠤᠨ ᠰᠤᠳᠠᠯ ᠨᠢ ᠲᠦᠢᠯ ᠤᠨ ᠬᠦᠨᠳᠦ ᠭᠡᠴᠡᠭᠦᠦ ᠨᠠᠷᠢᠰᠤᠬᠰᠠᠨ᠂ ᠳᠠᠷᠤᠢ ᠳ᠋ᠢᠶᠠᠮᠧᠳ᠋ᠷ ᠨᠢ 2.5 | ᠮᠢᠯᠢᠮᠧᠳ᠋ᠷ ᠤᠨ ᠲᠢᠲᠢᠮᠯᠢᠭ ᠯᠤᠬᠰᠢᠭᠤᠨ ᠰᠤᠳᠠᠯ ᠤᠨ ᠨᠠᠷᠢᠰᠤᠯ ᠤᠨ ᠬᠡᠮᠵᠢᠶ᠎ᠡ ᠨᠢ 90% ᠠᠴᠠ ᠬᠡᠲᠦᠷᠡᠭᠰᠡᠨ | ᠪᠠᠶᠢᠪᠠᠯ᠂ ᠥᠴᠦᠬᠡᠨ ᠴᠦ ᠲᠠᠲᠠᠭᠠᠯᠵᠠᠯ ᠦᠭᠡᠢ ᠪᠠᠷ ᠲᠤᠯᠤᠬᠴᠢ ᠲᠠᠯᠪᠢᠵᠦ ᠪᠣᠯᠤᠨ᠎ᠠ᠃ 2. ᠲᠢᠲᠢᠮᠯᠢᠭ | ᠯᠤᠬᠰᠢᠭᠤᠨ ᠰᠤᠳᠠᠯ ᠤᠨ ᠨᠠᠷᠢᠰᠤᠯ ᠤᠨ ᠬᠡᠮᠵᠢᠶ᠎ᠡ ᠨᠢ 50% ᠠᠴᠠ ᠳᠣᠷᠤᠬᠰᠢ ᠪᠠᠶᠢᠬᠤ ᠳᠤ ᠬᠦᠷᠪᠡᠯ᠂ | ᠡᠪᠡᠳᠴᠢᠲᠡᠨ ᠳᠤ ᠤᠨᠴᠠ ᠢᠯᠡᠷᠬᠡᠢ ᠰᠢᠨᠵᠢ ᠢᠯᠡᠷᠡᠯ ᠭᠠᠷᠳᠠᠭ ᠦᠭᠡᠢ᠂ ᠡᠨᠡ ᠦᠶ᠎ᠡ ᠳᠤ ᠶᠡᠷᠦ ᠳᠡᠭᠡᠨ ᠲᠤᠯᠤᠬᠴᠢ | ᠲᠠᠯᠪᠢᠬᠤ ᠴᠢᠬᠤᠯᠠ ᠦᠭᠡᠢ᠂ ᠭᠡᠪᠡᠴᠦ ᠨᠠᠷᠢᠰᠤᠯ ᠤᠨ ᠬᠤᠪᠢᠷᠠᠯᠲᠠ ᠶᠢᠨ ᠪᠠᠶᠢᠳᠠᠯ ᠢ ᠪᠠᠶᠢᠡᠭᠭᠤ ᠠᠵᠢᠬᠯᠠᠬᠤ ᠬᠡᠷᠡᠭᠳᠡᠢ | ᠃ 3. ᠲᠢᠲᠢᠮᠯᠢᠭ ᠯᠤᠬᠰᠢᠭᠤᠨ ᠰᠤᠳᠠᠯ ᠤᠨ ᠨᠠᠷᠢᠰᠤᠯ ᠤᠨ ᠬᠡᠮᠵᠢᠶ᠎ᠡ ᠨᠢ 70% ᠣᠷᠴᠢᠮ ᠪᠠᠶᠢᠬᠤ ᠳᠤ ᠬᠦᠷᠪᠡᠯ᠂ | ᠡᠪᠡᠳᠴᠢᠲᠡᠨ ᠤ ᠵᠢᠷᠦᠬᠡᠨ ᠪᠤᠯᠴᠢᠩ ᠤᠨ ᠴᠢᠰᠤ ᠳᠤᠲᠠᠬᠤ ᠪᠠᠶᠢᠳᠠᠯ ᠢ ᠰᠠᠶᠢᠳᠤᠷ ᠤᠶᠢᠯᠠᠭᠠᠬᠤ ᠬᠡᠷᠡᠭᠲᠡᠢ᠃ ᠴᠢᠰᠤᠨ | ᠰᠤᠳᠠᠯ ᠤᠨ ᠶᠡᠭᠡ ᠪᠠᠭ᠎ᠠ ᠵᠢᠴᠢ ᠡᠪᠡᠳᠴᠢᠨ ᠤ ᠪᠠᠶᠢᠳᠠᠯ ᠤᠨ ᠬᠤᠪᠢᠷᠠᠯᠲᠠ ᠲᠠᠢ ᠤᠶᠠᠯᠳᠤᠭᠤᠯᠤᠨ ᠡᠮᠨᠡᠬᠦ ᠬᠡᠷᠡᠭᠳᠡᠢ᠂ | ᠬᠡᠷᠪᠡ ᠡᠪᠡᠳᠴᠢᠲᠡᠨ ᠳᠤ ᠦᠷᠭᠦᠯᠵᠢ ᠵᠢᠷᠦᠬᠡ ᠪᠠᠵᠠᠯᠠᠨ ᠡᠪᠡᠳᠬᠦ ᠰᠢᠨᠵᠢ ᠢᠯᠡᠷᠡᠯ ᠭᠠᠷᠬᠤ ᠦᠶ᠎ᠡ ᠳᠤ᠂ ᠵᠢᠷᠦᠬᠡᠨ ᠤ | ᠯᠤᠭᠰᠢᠯᠲᠠ ᠶᠢᠨ ᠵᠢᠷᠤᠭ ᠬᠢᠬᠦ᠂ ᠬᠥᠳᠡᠯᠭᠡᠭᠡᠨ ᠤ ᠳᠠᠭᠠᠭᠠᠴᠠ ᠶᠢᠨ ᠲᠤᠷᠰᠢᠯᠲᠠ ᠬᠢᠬᠦ ᠪᠤᠶᠤ ᠲᠢᠲᠢᠮᠯᠢᠭ ᠯᠤᠬᠰᠢᠭᠤᠨ | ᠰᠤᠳᠠᠯ ᠢ ᠨᠢ ᠰᠡᠭᠦᠳᠡᠷᠯᠡᠬᠦ ᠳᠡᠭᠡᠨ ᠳᠠᠮᠵᠢᠭᠤᠯᠬᠤ ᠭᠤᠤᠷᠰᠤᠨ ᠳᠣᠲᠣᠷᠠᠬᠢ ᠳᠠᠷᠤᠯᠲᠠ ᠶᠢᠨ ᠬᠤᠪᠢᠷᠠᠯᠲᠠ ᠵᠡᠷᠭᠡ ᠶᠢ | ᠰᠢᠭᠤᠳ ᠬᠡᠮᠵᠢᠬᠦ ᠳᠤ ᠬᠦᠷᠪᠡᠯ᠂ ᠴᠦᠮ ᠢᠯᠡᠷᠬᠡᠢ ᠵᠢᠷᠦᠬᠡᠨ ᠪᠤᠯᠴᠢᠩ ᠤᠨ ᠴᠢᠰᠤ ᠳᠤᠲᠠᠬᠤ ᠪᠠᠶᠢᠳᠠᠯ ᠲᠠᠢ ᠪᠠᠶᠢᠳᠠᠭ | ᠂ ᠡᠨᠡ ᠦᠶ᠎ᠡ ᠳᠤ ᠲᠤᠯᠤᠬᠴᠢ ᠲᠠᠯᠪᠢᠪᠡᠯ ᠵᠤᠬᠢᠨ᠎ᠡ᠃ 4. ᠴᠢᠰᠤᠨ ᠰᠤᠳᠠᠯ ᠲᠦᠭᠵᠢᠷᠡᠬᠦ ᠨᠢ ᠭᠤᠷᠪᠠᠨ ᠰᠠᠯᠪᠤᠷᠢ | ᠰᠤᠳᠠᠯ ︵ᠡᠮᠦᠨ᠎ᠡ ᠲᠠᠯ᠎ᠠ ᠶᠢᠨ ᠪᠠᠭᠤᠬᠤ ᠰᠠᠯᠪᠤᠷᠢ ᠰᠤᠳᠠᠯ᠂ ᠡᠷᠭᠢᠯᠳᠤᠬᠦ ᠰᠠᠯᠪᠤᠷᠢ ᠰᠤᠳᠠᠯ ᠪᠠ ᠪᠠᠷᠠᠭᠤᠨ ᠲᠢᠲᠢᠮ︶ | ᠤᠨ ᠤᠶᠢᠷᠠᠯᠴᠠᠭ᠎ᠠ ᠳᠤᠮᠳᠠ ᠬᠡᠰᠡᠭ ᠢᠶᠠᠷ ᠡᠪᠡᠳᠴᠢᠨ ᠡᠭᠦᠰᠳᠡᠭ᠂ ᠬᠤᠶᠢᠰᠢᠳᠠ ᠶᠢᠨ ᠨᠥᠯᠥᠭᠡᠯᠠᠯ ᠤᠨ ᠬᠡᠪᠴᠢᠶ᠎ᠡ ᠨᠢ | ᠨᠡᠯᠢᠶᠡᠳ ᠶᠡᠭᠡ ᠤᠴᠢᠷ ᠠᠴᠠ ᠲᠤᠯᠤᠬᠴᠢ ᠲᠠᠯᠪᠢᠬᠤ ᠶᠢ ᠪᠣᠳᠣᠯᠬᠢᠯᠠᠬᠤ ᠬᠡᠷᠡᠭᠲᠡᠢ᠃ |