ᠨᠠᠰᠤᠳᠠᠶᠢᠴᠤᠳ ᠤᠨ ᠬᠤᠭᠤᠯᠠ ᠵᠠᠭᠤᠰᠢ ᠶᠢ ᠳᠤᠯᠤᠭᠠᠨ ᠵᠦᠢᠯ ᠤᠨ ᠤᠨᠴᠠᠯᠢᠬ ᠲᠠᠢ ᠳᠤᠬᠢᠷᠠᠭᠤᠯᠵᠤ ᠪᠤᠯᠤᠨ᠎ᠠ
ᠨᠡᠶᠢᠲᠡᠯᠡᠭᠰᠡᠨ ᠴᠠᠭ᠄
2021/11/25
     ᠨᠠᠰᠤᠳᠠᠶᠢᠴᠤᠳ ᠤᠨ ᠬᠤᠭᠤᠯᠠ ᠵᠠᠭᠤᠰᠢ ᠶᠢ ᠳᠤᠯᠤᠭᠠᠨ ᠵᠦᠢᠯ ᠤᠨ ᠤᠨᠴᠠᠯᠢᠬ ᠲᠠᠢ ᠳᠤᠬᠢᠷᠠᠭᠤᠯᠵᠤ ᠪᠤᠯᠤᠨ᠎ᠠ᠄ 1. ᠰᠢᠮ᠎ᠠ ᠳᠡᠵᠢᠬᠡᠯ ᠲᠠᠢ ᠪᠠᠶᠢᠬᠤ᠄ ᠨᠠᠰᠤᠳᠠᠶᠢᠴᠤᠳ ᠤᠨ ᠪᠡᠶ᠎ᠠ ᠶᠢᠨ ᠳᠤᠳᠤᠭᠠᠳᠤ ᠰᠤᠯᠢᠯᠴᠠᠭ᠎ᠠ ᠨᠢ ᠵᠠᠳᠠᠷᠠᠭᠤᠯᠬᠤ ᠰᠤᠯᠢᠯᠴᠠᠭ᠎ᠠ ᠪᠠᠷ ᠭᠤᠤᠯ ᠪᠤᠯᠭᠠᠳᠠᠭ  ᠠᠴᠠ ᠨᠡᠯᠢᠶᠡᠳ ᠠᠷᠪᠢᠨ ᠤᠭᠤᠷᠠᠭ ᠬᠡᠷᠡᠭᠰᠡᠵᠤ᠂ ᠨᠡᠬᠡᠳᠡᠰᠤ ᠶᠢᠨ ᠤᠭᠤᠷᠠᠭ ᠤᠨ ᠬᠤᠷᠤᠭᠳᠠᠯ ᠢ ᠨᠦᠬᠦᠪᠤᠷᠢᠯᠡᠬᠦ ᠬᠡᠷᠡᠭᠳᠡᠢ ᠪᠠᠶᠢᠳᠠᠭ᠃ ᠳᠡᠬᠡᠬᠦ ᠳᠤ ᠪᠠᠨ᠂ ᠳᠠᠬᠢᠶᠠᠨ ᠮᠢᠬ᠎ᠠ᠂ ᠵᠢᠭᠠᠰᠤᠨ ᠮᠢᠬ᠎ᠠ᠂ ᠳᠠᠤᠯᠠᠢ ᠶᠢᠨ ᠮᠢᠬ᠎ᠠ᠂ ᠬᠤᠨᠢᠨ ᠮᠢᠬ᠎ᠠ᠂ ᠦᠬᠡᠷ ᠤᠨ ᠮᠢᠬ᠎ᠠ᠂ ᠭᠠᠭ᠋ᠠᠢ ᠶᠢᠨ ᠮᠢᠬ᠎ᠠ ᠪᠤᠯᠤᠨ ᠪᠤᠷᠴᠠᠭ ᠤᠨ ᠤᠶᠢᠢᠯᠡᠳᠬᠦᠨ ᠢ ᠢᠯᠡᠬᠦᠤ ᠢᠳᠡᠪᠠᠯ ᠡᠳᠡᠬᠡᠷ ᠢᠳᠡᠬᠡᠨ ᠳᠤ ᠪᠠᠶᠢᠳᠠᠭ ᠰᠢᠮ᠎ᠠ ᠳᠡᠵᠢᠬᠡᠯ ᠢᠶᠠᠷ ᠡᠯᠪᠡᠭ ᠪᠦᠬᠡᠳ ᠰᠢᠩᠬᠡᠬᠡᠬᠦ ᠳᠤ ᠬᠢᠯᠪᠠᠷ᠂ ᠰᠢᠯᠢᠳᠡᠭ ᠴᠢᠨᠠᠷ ᠤᠨ ᠤᠭᠤᠷᠠᠭ ᠨᠢ ᠬᠦᠮᠤᠨ  ᠢ ᠴᠢᠬᠢᠷᠠᠭᠵᠢᠭᠤᠯᠳᠠᠭ᠃ 2. ᠡᠯᠳᠡᠪ ᠶᠠᠩᠵᠤ ᠶᠢᠨ ᠪᠠᠶᠢᠬᠤ᠄ ᠤᠭᠤᠷᠠᠭ᠂ ᠦᠬᠡᠬᠦ᠂ ᠰᠢᠬᠢᠷ᠂ ᠸᠢᠲ᠋ᠠᠮᠢᠨ᠂ ᠡᠷᠤᠳᠡᠰᠤ ᠪᠤᠯᠤᠨ ᠤᠰᠤ ᠪᠤᠯ ᠬᠦᠮᠤᠨ ᠤ ᠪᠡᠶ᠎ᠠ ᠳᠤ ᠴᠢᠬᠤᠯᠠ ᠬᠡᠷᠡᠭᠴᠡᠭᠡ ᠪᠦᠬᠦᠢ ᠳᠡᠵᠢᠬᠡᠯᠳᠤ ᠡᠳ᠋ ᠮᠦᠨ᠂ ᠡᠳᠡᠬᠡᠷ ᠨᠢ ᠡᠯ᠎ᠠ ᠵᠦᠢᠯ ᠤᠨ ᠢᠳᠡᠬᠡᠨ ᠳᠤ ᠦᠷᠬᠡᠨ ᠢᠶᠠᠷ ᠪᠠᠶᠢᠳᠠᠭ᠃ ᠰᠢᠮ᠎ᠠ ᠳᠡᠵᠢᠬᠡᠯ ᠢ ᠳᠡᠩᠴᠡᠬᠦᠷᠢᠳᠠᠢ ᠰᠢᠩᠬᠡᠬᠡᠨ ᠠᠪᠴᠤ ᠪᠡᠶ᠎ᠠ ᠶᠢᠨ ᠴᠢᠬᠢᠷᠠᠭ ᠢ ᠪᠠᠳᠤᠯᠠᠬᠤ ᠶᠢᠨ ᠳᠦᠯᠤᠬᠡ ᠡᠯ᠎ᠠ ᠵᠦᠢᠯ ᠤᠨ ᠢᠳᠡᠬᠡᠨ ᠠᠴᠠ ᠴᠦᠮ ᠪᠠᠭ᠎ᠠ ᠢᠳᠡᠵᠤ᠂ ᠪᠤᠯᠤᠯᠴᠠᠭ᠎ᠠ ᠲᠠᠢ ᠪᠤᠯ ᠡᠳᠤᠷ ᠪᠦᠷᠢ ᠶᠢᠨ ᠭᠤᠤᠯ ᠢᠳᠡᠬᠡᠨ ᠪᠠ ᠬᠤᠯᠢᠰᠢᠨ ᠢᠳᠡᠬᠡᠨ ᠢ ᠠᠷᠪᠠᠭᠠᠳ ᠵᠦᠢᠯ ᠪᠠᠶᠢᠯᠭᠠᠪᠠᠯ ᠵᠤᠬᠢᠨ᠎ᠠ᠃      ᠰᠢᠨ᠎ᠠ ᠰᠤᠷᠭᠤᠭ ᠢᠳᠡᠰᠢᠨ ᠨᠤᠭᠤᠭ᠎ᠠ ᠪᠤᠯ ᠨᠠᠰᠤᠳᠠᠶᠢᠴᠤᠳ ᠤᠨ ᠡᠷᠡᠬᠦᠯ ᠮᠡᠨᠳᠤ  ᠶᠢᠨ ᠬᠠᠨᠢ ᠶᠤᠮ᠂ ᠳᠠᠷᠠ ᠨᠢ ᠸᠢᠲ᠋ᠠᠮᠢᠨ C ᠪᠠ ᠡᠷᠤᠳᠡᠰᠤ ᠡᠯᠪᠡᠭ ᠪᠠᠶᠢᠬᠤ ᠪᠠᠷ ᠪᠠᠷᠠᠬᠤ ᠦᠬᠡᠢ᠂ ᠪᠠᠰᠠ ᠰᠢᠷᠬᠡᠭᠯᠢᠭ ᠡᠳ᠋ ᠨᠡᠯᠢᠶᠡᠳ ᠠᠷᠪᠢᠨ ᠪᠠᠶᠢᠵᠤ᠂ ᠵᠢᠷᠤᠬᠡ ᠴᠢᠰᠤᠨ ᠰᠤᠳᠠᠯ ᠢ ᠬᠠᠮᠠᠭᠠᠯᠠᠬᠤ ᠪᠠ ᠦᠮᠠᠨ ᠢ ᠰᠡᠷᠬᠡᠶᠢᠯᠡᠬᠦ᠂ ᠬᠤᠷᠭᠤᠰᠤᠯᠠᠬᠤ ᠶᠢ ᠰᠡᠷᠬᠡᠶᠢᠯᠡᠬᠦ ᠳᠤ ᠴᠢᠬᠤᠯᠠ ᠤᠶᠢᠢᠯᠡᠳᠤᠯ ᠦᠵᠡᠬᠦᠯᠳᠡᠭ ᠳᠤᠯᠠ ᠡᠳᠤᠷ ᠲᠤ 250 ᠭᠷᠡᠮ ᠠᠴᠠ ᠳᠡᠬᠡᠭᠰᠢ ᠢᠳᠡᠰᠢᠨ ᠨᠤᠭᠤᠭ᠎ᠠ ᠢᠳᠡᠬᠦ ᠬᠡᠷᠡᠭᠳᠡᠢ᠃ 3. ᠪᠠᠭ᠎ᠠ ᠪᠠᠶᠢᠬᠤ᠄ ᠰᠤᠳᠤᠯᠭᠠᠨ ᠠᠴᠠ ᠦᠵᠡᠬᠦ ᠳᠤ᠂ ᠬᠡᠳᠤᠷᠡᠳᠡᠯ᠎ᠠ ᠴᠠᠳᠬᠤ ᠨᠢ ᠡᠷᠡᠬᠦᠯ ᠮᠡᠨᠳᠤ ᠳᠤ ᠬᠤᠤᠷᠳᠠᠢ᠂ ᠨᠠᠰᠤᠳᠠᠢ ᠬᠦᠮᠤᠨ ᠡᠷᠢᠨ ᠪᠦᠷᠢ ᠶᠢᠨ ᠬᠤᠭᠤᠯᠠᠨ ᠳᠤ ᠪᠠᠨ ᠨᠠᠶᠢᠮᠠ ᠶᠢᠰᠤᠨ ᠬᠤᠪᠢ ᠴᠠᠳᠪᠠᠯ ᠪᠤᠯᠴᠢᠬᠠᠨ᠎ᠠ᠂ ᠨᠠᠩ ᠤᠷᠤᠢ ᠶᠢᠨ ᠬᠤᠭᠤᠯᠠ ᠶᠢ ᠪᠠᠭ᠎ᠠ ᠢᠳᠡᠪᠡᠯ ᠵᠤᠬᠢᠨ᠎ᠠ᠃ 4. ᠨᠠᠷᠢᠯᠢᠬ ᠪᠠᠶᠢᠬᠤ᠄ ᠤᠯᠠᠩᠬᠢ ᠨᠠᠰᠤᠳᠠᠨ ᠤ ᠰᠢᠳᠤ ᠮᠠᠭᠤ ᠳᠤᠯᠠ ᠨᠠᠷᠢᠯᠢᠬ ᠵᠠᠵᠢᠯᠵᠤ ᠳᠠᠶᠢᠯᠬᠦ ᠦᠬᠡᠢ ᠪᠠᠷ ᠵᠠᠯᠬᠢᠴᠢᠬᠠᠳᠠᠭ᠂ ᠡᠨᠡ ᠨᠢ ᠤᠳᠠᠭᠠᠨ ᠳᠤ  ᠪᠠᠨ ᠡᠷᠡᠬᠦᠯ ᠮᠡᠨᠳᠤ ᠳᠤ ᠬᠤᠤᠷᠳᠠᠢ ᠶᠤᠮ᠃ ᠳᠠᠶᠢᠮᠤ ᠠᠴᠠ ᠮᠢᠬ᠎ᠠ ᠶᠢ ᠨᠠᠷᠢᠯᠢᠬ ᠬᠡᠷᠴᠢᠵᠤ᠂ ᠵᠠᠵᠢᠯᠬᠤ ᠳᠤ ᠪᠡᠷᠬᠡ ᠢᠳᠡᠬᠡᠨ ᠢ ᠬᠡᠮᠬᠡᠯᠵᠤ ᠢᠳᠡᠬᠦ ᠬᠡᠷᠡᠭᠳᠡᠢ᠃ ᠬᠤᠭᠤᠯᠠ ᠢᠳᠡᠬᠦ ᠳᠤ ᠪᠠᠨ ᠨᠠᠷᠢᠯᠢᠬ ᠵᠠᠵᠢᠯᠵᠤ ᠠᠭᠠᠵᠢᠮ ᠵᠠᠯᠬᠢᠨ ᠬᠤᠳᠤᠭᠤᠳᠤ ᠬᠡᠳᠡᠰᠤᠨ ᠤ ᠡᠬᠦᠷᠬᠡᠳᠡᠯ ᠢ ᠬᠦᠩᠬᠡᠷᠡᠬᠦᠯᠤᠨ ᠰᠢᠩᠬᠡᠬᠡᠯᠳᠠ ᠶᠢ ᠠᠬᠢᠭᠤᠯᠬᠤ ᠬᠡᠷᠡᠭᠳᠡᠢ ᠃ 5. ᠢᠯᠵᠠᠷᠠᠳᠠᠯ᠎ᠠ ᠴᠢᠨᠠᠬᠤ᠄ ᠨᠠᠰᠤᠳᠠᠶᠢᠴᠤᠳ ᠤᠨ ᠰᠢᠳᠤ ᠬᠦᠳᠡᠯᠬᠦ ᠦᠬᠡᠢ ᠪᠤᠯ ᠤᠨᠠᠵᠤ᠂ ᠵᠠᠪᠠᠵᠢᠨ ᠤ ᠪᠤᠯᠴᠢᠩ ᠰᠤᠯᠠᠷᠠᠨ᠂ ᠰᠢᠩᠬᠡᠬᠡᠬᠦ ᠰᠢᠩᠬᠡᠨ ᠪᠠ ᠰᠢᠩᠬᠡᠬᠡᠬᠦ ᠢᠰᠬᠡᠬᠦᠷ ᠤᠨ ᠱᠦᠬᠦᠷᠡᠯᠳᠠ ᠪᠠᠭᠠᠰᠴᠤ᠂ ᠬᠤᠳᠤᠭᠤᠳᠤ ᠬᠡᠳᠡᠰᠤᠨ ᠤ ᠰᠢᠩᠬᠡᠬᠡᠯᠳᠠ ᠶᠢᠨ ᠴᠢᠳᠠᠪᠤᠷᠢ ᠮᠠᠭᠤᠳᠠᠳᠠᠭ᠃ ᠡᠶᠢᠮᠤ ᠠᠴᠠ᠂ ᠵᠠᠭᠤᠰᠢ ᠪᠠᠨ ᠢᠯᠵᠠᠷᠠᠳᠡᠯ᠎ᠠ ᠴᠢᠨᠠᠪᠠᠯ ᠵᠤᠬᠢᠨ᠎ᠠ᠃ 6. ᠬᠠᠯᠠᠭᠤᠨ ᠪᠠᠶᠢᠬᠤ᠄ ᠨᠠᠰᠤᠳᠠᠶᠢᠴᠤᠳ ᠤᠨ ᠬᠦᠢᠳᠡᠨ ᠢ ᠡᠰᠡᠷᠬᠦᠴᠡᠬᠦ ᠴᠢᠳᠠᠪᠤᠷᠢ ᠳᠤᠷᠦ᠋ᠢᠳᠠᠵᠤ᠂ ᠬᠦᠢᠳᠡᠨ ᠢᠳᠡᠬᠡᠨ ᠢᠳᠡᠪᠡᠯ ᠬᠤᠳᠤᠭᠤᠳᠤᠨ ᠤ ᠬᠠᠨ᠎ᠠ ᠶᠢᠨ ᠴᠢᠰᠤᠨ ᠰᠤᠳᠠᠯ ᠠᠪᠴᠢᠵᠤ ᠴᠢᠰᠤᠨ ᠤ ᠬᠠᠩᠭᠠᠯᠭ᠎ᠠ ᠪᠠᠭᠠᠰᠬᠤ ᠶᠢᠨ ᠬᠠᠮᠳᠤ᠂ ᠡᠬᠡᠬᠦ ᠴᠢᠨᠠᠷ ᠠᠴᠠ ᠪᠤᠯᠵᠤ ᠪᠤᠰᠤᠳ ᠳᠤᠳᠤᠷ ᠡᠷᠬᠡᠳᠡᠨ ᠤ ᠴᠢᠰᠤᠨ ᠤ ᠡᠷᠬᠢᠯᠳᠠ ᠶᠢᠨ ᠬᠡᠮᠵᠢᠶ᠎ᠠ ᠪᠠᠭᠠᠰᠤᠨ ᠡᠷᠡᠬᠦᠯ ᠮᠡᠨᠳᠤ ᠶᠢ ᠨᠦᠯᠤᠬᠡᠯᠡᠳᠡᠭ᠃ ᠡᠶᠢᠮᠤ ᠠᠴᠠ᠂ ᠨᠠᠰᠤᠳᠠᠶᠢᠴᠤᠳ ᠤᠨ ᠢᠳᠡᠬᠡᠨ ᠢ ᠬᠠᠯᠠᠭᠤᠬᠠᠨ ᠪᠠᠶᠢᠯᠭᠠᠵᠤ᠂ ᠢᠳᠡᠬᠦ ᠳᠤ ᠠᠮᠠ ᠬᠠᠯᠠᠬᠤ ᠦᠬᠡᠢ ᠪᠤᠯ ᠪᠤᠯᠴᠢᠬᠠᠨ᠎ᠠ᠃ 7. ᠳᠠᠪᠤᠰᠤ ᠪᠠᠭ᠎ᠠ ᠢᠳᠡᠬᠦ᠄ ᠵᠠᠷᠢᠮ ᠨᠠᠰᠤᠳᠠᠨ ᠳᠠᠪᠤᠰᠤ ᠴᠢᠩᠭ᠎ᠠ ᠢᠳᠡᠬᠦ ᠳᠤᠷᠠᠳᠠᠢ᠂ ᠬᠡᠳᠡᠯ᠎ᠠ ᠳᠠᠪᠤᠰᠤ ᠠᠬᠠᠳᠠᠪᠠᠯ ᠵᠢᠷᠤᠬᠡ᠂ ᠪᠦᠬᠡᠷ᠎ᠠ ᠶᠢᠨ ᠡᠬᠦᠷᠬᠡᠳᠡᠯ ᠢ ᠬᠦᠨᠳᠤᠷᠡᠬᠦᠯᠵᠤ ᠴᠢᠰᠤᠨ ᠳᠠᠷᠤᠯᠳᠠ ᠶᠢ ᠦᠨᠳᠤᠷᠵᠢᠬᠦᠯᠳᠡᠭ᠂ ᠡᠷᠡᠬᠦᠯ ᠮᠡᠨᠳᠤ ᠶᠢᠨ ᠳᠦᠯᠤᠬᠡ ᠨᠠᠰᠤᠳᠠᠶᠢᠴᠤᠳ ᠡᠳᠤᠷ ᠲᠤ 6 ~ 8 ᠭᠷᠠᠮ ᠳᠠᠪᠤᠰᠤ ᠢᠳᠡᠪᠡᠯ ᠵᠤᠬᠢᠨ᠎ᠠ᠃
ᠢᠷᠡᠯᠲᠡ᠄ ᠲᠣᠲᠣᠷᠬᠠᠢ ᠦᠭᠡᠢ