ᠰᠠᠬᠠᠯ ᠲᠠᠯᠪᠢᠬᠤ ᠳᠤ ᠶᠤᠰᠤ ᠵᠥᠢ ᠪᠠᠶᠢᠳᠠᠭ
ᠨᠡᠶᠢᠲᠡᠯᠡᠭᠰᠡᠨ ᠴᠠᠭ᠄
2021/11/29
     ᠰᠠᠬᠠᠯ ᠲᠠᠯᠪᠢᠬᠤ ᠪᠤᠯ ᠡᠷ᠎ᠡ ᠬᠥᠮᠥᠨ ᠤ ᠡᠷᠬᠡ ᠰᠥᠷ᠂ ᠬᠠᠰᠢᠷ ᠳᠤᠬᠢ᠂ ᠪᠠᠶᠢᠷᠢ ᠰᠠᠭᠤᠷᠢ ᠶᠢ ᠬᠠᠷᠠᠭᠤᠯᠬᠤ ᠪᠡᠯᠬᠡ ᠲᠡᠮᠳᠡᠭ ᠪᠤᠯᠬᠤ ᠪᠠᠷ ᠪᠠᠷᠠᠬᠤ ᠥᠬᠡᠢ ᠡᠷ᠎ᠡ ᠬᠥᠮᠥᠨ ᠤ ᠰᠥᠷ ᠰᠥᠯᠳᠡ᠂ ᠴᠤᠭ ᠵᠢᠪᠬᠤᠭ᠎ᠠ᠂ ᠤᠮᠤᠭ ᠵᠤᠷᠢᠭ ᠢ ᠢᠯᠡᠷᠡᠬᠦᠯᠬᠦ ᠤᠤᠠᠬ᠎ᠠ ᠰᠠᠨᠠᠭ᠎ᠠ ᠠᠭᠤᠯᠣᠬᠳᠠᠵᠥ ᠪᠠᠶᠢᠳᠠᠭ᠃ ᠬᠡᠬᠦ ᠳᠤ ᠤᠯᠠᠮᠵᠢᠯᠠᠯᠲᠤ ᠶᠤᠰᠤ ᠰᠤᠷᠲᠠᠬᠤᠨ ᠳᠤ᠂ ᠰᠠᠬᠠᠯ ᠢ ᠳᠤᠷ᠎ᠠ ᠵᠤᠷᠢᠭ ᠢᠶᠠᠷ ᠢᠶᠠᠨ ᠲᠠᠯᠪᠢᠵᠥ ᠪᠤᠯᠳᠠᠭ ᠥᠬᠡᠢ ᠮᠦᠷᠲᠡᠬᠡᠨ ᠮᠠᠰᠢ ᠨᠠᠷᠢᠨ ᠲᠤᠳᠤᠷᠬᠠᠢ ᠶᠤᠰᠤ ᠵᠥᠢ᠂ ᠲᠡᠰ ᠳᠠᠷᠠᠭᠠᠯᠠᠯ᠂ ᠬᠡᠪᠰᠢᠭᠰᠡᠨ ᠵᠠᠩ ᠳᠠᠤᠨᠬᠠᠯ ᠲᠠᠢ ᠪᠠᠶᠢᠵᠠᠢ᠃ ᠪᠢᠳᠡ ᠡᠨᠡ ᠬᠦ ᠤᠯᠠᠮᠵᠢᠯᠠᠯᠲᠤ ᠵᠠᠩ ᠳᠠᠤᠨᠬᠠᠯ ᠢᠶᠠᠨ ᠲᠤᠳᠤᠷᠬᠠᠢ ᠤᠶᠢᠯᠠᠭᠠᠵᠤ᠂ ᠶᠤᠰᠤᠴᠢᠯᠠᠨ ᠬᠥᠢᠴᠠᠤᠨᠬᠡᠬᠦ ᠴᠢᠬᠤᠯᠠᠲᠡᠢ ᠪᠠᠶᠢᠨ᠎ᠠ᠃ ᠡᠷᠲᠡ ᠳᠡᠬᠡᠳᠥᠰ ᠤᠨ ᠥᠶ᠎ᠡ ᠠᠴᠠ ᠪᠠᠨ ᠪᠠᠭᠠᠴᠤᠤᠨ ᠵᠠᠯᠠᠭᠤᠴᠤᠤᠨ ᠤᠨ ᠰᠠᠬᠠᠯ ᠲᠠᠯᠪᠢᠬᠤ ᠶᠢ ᠤᠭᠲᠤ ᠵᠦᠪᠰᠢᠶᠡᠷᠡᠳᠡᠭ ᠥᠬᠡᠢ ᠶᠤᠰᠤ ᠳᠦᠷᠢᠮ ᠲᠠᠢ ᠪᠠᠶᠢᠵᠡᠢ᠃ ᠤᠷᠢ ᠵᠠᠯᠠᠭᠤ ᠨᠠᠰᠤᠨ ᠤ ᠬᠡᠷᠡᠯ ᠬᠢᠯᠪᠠᠭ᠎ᠠ᠂ ᠦᠩᠬᠡ ᠲᠦᠷᠬᠦ᠂ ᠴᠤᠭ ᠰᠥᠯᠳᠡ ᠶᠢ ᠨᠦᠯᠥᠬᠡᠯᠡᠨ᠎ᠡ᠂ ᠤᠳᠤᠮ ᠤᠭᠰᠠᠭ᠎ᠠ᠂ ᠤᠪᠤᠭ ᠠᠶᠢᠮᠠᠭ᠂ ᠡᠪᠦᠭᠡ ᠳᠡᠬᠡᠳᠥᠰ᠂ ᠠᠬᠠᠮᠠᠤᠨ ᠥᠶ᠎ᠡ ᠶᠢᠨ ᠬᠢᠨ ᠤ ᠠᠯᠳᠠᠷ ᠬᠥᠨᠳᠥ᠂ ᠪᠠᠶᠢᠷᠢ ᠰᠠᠭᠤᠷᠢ᠂ ᠬᠥᠨᠳᠥᠤᠨᠬᠡᠯ ᠪᠢᠰᠢᠷᠡᠯ ᠢ ᠬᠠᠷᠰᠢᠯᠠᠬᠤ ᠪᠤᠯᠪᠠᠰᠤᠨ ᠪᠤᠰᠤ ᠥᠵᠡᠭᠳᠡᠯ ᠬᠡᠵᠤ ᠥᠵᠡᠳᠡᠭ ᠠᠴᠠ ᠪᠠᠭᠠᠴᠤᠤᠨ ᠵᠠᠯᠠᠭᠤᠴᠤᠤᠨ ᠤᠨ ᠰᠠᠬᠠᠯ ᠲᠠᠯᠪᠢᠬᠤ ᠶᠢ ᠴᠢᠩᠭ᠎ᠠ ᠬᠤᠷᠢᠬᠯᠠᠳᠠᠭ᠃ ᠦᠪᠡᠷ ᠤᠨ ᠡᠬᠦᠳᠡ ᠡᠷᠥᠬᠡ ᠠᠶᠢᠯ ᠬᠡᠷ ᠤᠨ ᠬᠡᠥᠬᠡᠤᠨ ᠪᠠᠭᠠᠴᠤᠤᠨ᠂ ᠬᠤᠶᠢᠴᠢ ᠥᠶ᠎ᠡ ᠶᠢᠨ ᠬᠢᠨ ᠢᠶᠠᠨ ᠰᠤᠷᠭᠠᠵᠤ ᠬᠥᠮᠥᠵᠢᠬᠦᠯᠬᠦ ᠶᠢᠨ ᠴᠢᠬᠤᠯᠠ ᠨᠢᠬᠡᠨ ᠵᠤᠷᠪᠤᠰ ᠪᠤᠯᠭᠠᠨ ᠬᠥᠢᠴᠠᠤᠨᠬᠡᠳᠡᠭ ᠤᠴᠢᠷᠲᠡᠢ᠃ ᠰᠠᠬᠠᠯ ᠲᠠᠯᠪᠢᠬᠤ ᠳᠠᠭᠠᠨ ᠵᠠᠪᠠᠯ ᠬᠤᠶᠠᠷ ᠤᠴᠢᠷ ᠢ ᠤᠷᠢᠳ ᠢᠶᠠᠷ ᠬᠥᠢᠴᠠᠤᠨᠬᠡᠳᠡᠭ᠃ ᠨᠢᠬᠡ ᠨᠢ ᠡᠴᠢᠬᠡ ᠳᠡᠬᠡᠳᠥᠰ ᠤᠨ ᠢᠶᠠᠨ ᠵᠦᠪᠰᠢᠶᠡᠷᠡᠯ ᠢ ᠤᠯᠳᠠᠭ ᠤᠴᠢᠷᠲᠡᠢ᠂ ᠵᠦᠪᠰᠢᠶᠡᠷᠡᠯ ᠤᠯᠬᠤ ᠥᠬᠡᠢ ᠪᠤᠯ ᠲᠠᠯᠪᠢᠵᠥ ᠪᠤᠯᠳᠠᠭ ᠥᠬᠡᠢ︔ ᠨᠦᠬᠦᠬᠡ ᠨᠢᠬᠡ ᠨᠢ ᠵᠠᠪᠠᠯ ᠢᠪᠡᠬᠡᠯ ᠵᠢᠯ ᠲᠠᠢ ᠬᠥᠮᠥᠨ ᠢᠶᠠᠷ ᠵᠠᠰᠠᠭᠤᠯᠵᠤ ᠲᠠᠯᠪᠢᠳᠠᠭ᠂ ᠬᠡᠬᠦ ᠳᠡᠭᠡᠨ ᠵᠠᠪᠠᠯ ︽ᠰᠡᠷᠪᠡᠭᠡ ᠰᠠᠬᠠᠯ︾ ᠲᠠᠯᠪᠢᠳᠠᠭ ᠶᠤᠰᠤᠲᠡᠢ᠂ ᠬᠠᠷᠢᠨ ᠪᠢᠲᠡᠬᠦᠥ ᠰᠠᠬᠠᠯ ᠲᠠᠯᠪᠢᠵᠤ ᠪᠤᠯᠬᠤ ᠥᠬᠡᠢ᠃ ᠰᠠᠬᠠᠯ ᠲᠠᠯᠪᠢᠪᠠᠯ ᠰᠠᠶ᠋ᠢ ᠬᠠᠰᠢᠷ ᠳᠤᠬᠢ ᠰᠠᠭᠤᠯ᠎ᠠ᠂ ᠨᠢᠬᠡᠨ ᠲᠤᠮᠤᠭᠠᠲᠡᠢ ᠬᠥᠮᠥᠨ ᠪᠤᠯᠤᠯ᠎ᠠ ᠬᠡᠵᠥ ᠥᠵᠡᠳᠡᠭ᠃ ᠡᠬᠦᠨ ᠠᠴᠠ ᠥᠵᠡᠬᠦ ᠳᠤ᠂ ᠰᠠᠬᠠᠯ ᠲᠠᠯᠪᠢᠬᠤ ᠨᠢ ᠡᠩ ᠤᠨ ᠨᠢᠬᠡᠨ ᠤᠴᠢᠷ ᠶᠠᠪᠤᠳᠠᠯ ᠲᠡᠳᠥᠢ ᠯᠡ ᠪᠢᠰᠢ᠂ ᠬᠠᠷᠢᠨ ᠬᠥᠮᠥᠨ ᠤ ᠠᠮᠢ ᠠᠮᠢᠳᠤᠷᠠᠯ᠂ ᠨᠠᠰᠤ ᠵᠢᠯ᠂ ᠪᠠᠶᠢᠷᠢ ᠰᠠᠭᠤᠷᠢ ᠵᠡᠷᠬᠡ ᠲᠠᠯ᠎ᠠ ᠪᠠᠷ ᠬᠢ ᠨᠢᠬᠡᠨ ᠴᠢᠬᠤᠯᠠ ᠰᠢᠯᠵᠢᠯᠲᠡ ᠶᠢᠨ ᠴᠠᠭ ᠥᠶ᠎ᠡ ᠪᠤᠶᠤ ᠪᠡᠯᠬᠡ ᠲᠡᠮᠳᠡᠭ ᠤᠨ ᠴᠢᠨᠠᠷᠲᠡᠢ ᠤᠤᠠᠬ᠎ᠠ ᠠᠭᠤᠯᠭ᠎ᠠ ᠠᠭᠤᠯᠣᠭᠳᠠᠵᠤ ᠪᠠᠶᠢᠳᠠᠭ ᠬᠡᠵᠤ ᠣᠶᠢᠯᠠᠭᠠᠵᠤ ᠪᠤᠯᠬᠤ ᠶᠤᠮ᠃ ᠦᠡᠭᠭᠡᠷᠡᠭᠰᠡᠨ ᠳᠤ᠂ ᠡᠷ᠎ᠡ ᠬᠥᠮᠥᠨ 40 ᠨᠠᠰᠤ ᠬᠥᠷᠪᠡᠯ ︽ᠡᠷ᠎ᠡ ᠶᠢᠨ ᠴᠡᠬᠡᠯ ᠬᠥᠷᠴᠥ᠂ ᠡᠷᠳᠡᠮ ᠤᠬᠠᠭᠠᠨ ᠪᠦᠷᠢᠤᠨᠴᠥ ᠶᠡᠬᠡᠴᠤᠤᠯ ᠤᠨ ᠲᠤᠭᠠᠨ ᠳᠤ ᠤᠷᠤᠯ᠎ᠠ︾ ᠬᠡᠵᠤ ᠥᠵᠡᠵᠥ᠂ ᠰᠠᠬᠠᠯ ᠲᠠᠯᠪᠢᠬᠤ ᠶᠢ ᠵᠦᠪᠰᠢᠶᠡᠷᠡᠳᠡᠭ ᠪᠠᠶᠢᠵᠡᠢ᠃ 45 ᠨᠠᠰᠤ ᠬᠥᠷᠪᠡᠯ ︽ᠨᠠᠷᠠ ᠥᠳᠡ ᠪᠤᠯᠵᠡᠢ᠂ ᠨᠠᠰᠤᠨ ᠤ ᠳᠤᠮᠳᠠ ᠬᠥᠷᠴᠡᠢ᠂ ᠬᠢᠵᠢᠶᠡᠯᠢ ᠨᠠᠰᠤ ᠶᠢ ᠤᠯᠵᠡᠢ᠂ ᠬᠡᠷᠰᠡᠤ ᠲᠤᠮᠤᠭᠠᠲᠡᠢ ᠪᠤᠯᠵᠡᠢ︾ ᠬᠡᠵᠤ ᠥᠵᠡᠳᠡᠭ ᠪᠦᠬᠡᠤᠨ ᠡᠬᠦᠨ ᠠᠴᠠ ᠡᠬᠢᠯᠡᠨ ᠪᠢᠲᠡᠬᠦᠥ ᠰᠠᠬᠠᠯ ᠲᠠᠯᠪᠢᠬᠤ ᠶᠢ ᠨᠢ ᠵᠦᠪᠰᠢᠶᠡᠷᠡᠳᠡᠭ ᠪᠠᠶᠢᠨ᠎ᠠ᠃ 50 ᠨᠠᠰᠤ ᠬᠥᠷᠪᠡᠯ ︽ᠲᠠᠪᠤᠨ ᠪᠤᠲᠠ ᠰᠠᠬᠠᠯ ᠲᠠᠢ᠂ ᠲᠠᠩᠰᠤᠭ ᠠᠮᠢᠳᠤᠷᠠᠬᠤ ᠴᠠᠭ ᠪᠤᠯᠵᠡᠢ︾ ᠬᠡᠵᠥ ᠥᠵᠡᠳᠡᠭ ᠪᠦᠬᠡᠤᠨ ᠨᠡᠶᠢᠬᠡᠮ ᠤᠨ ᠪᠠᠶᠢᠷᠢ ᠰᠠᠭᠤᠷᠢ ᠳᠡᠬᠡᠭᠰᠢᠯᠡᠵᠥ᠂ ᠨᠡᠶᠢᠲᠡ ᠤᠯᠠᠨ ᠳᠠᠭᠠᠨ ᠬᠥᠨᠳᠥᠳᠡᠢ ᠠᠬᠠᠮᠠᠤᠨ ᠲᠤᠮᠤᠭᠠᠲᠠᠨ ᠳᠤ ᠲᠤᠭᠠᠴᠠᠭᠳᠠᠳᠠᠭ ᠪᠠᠶᠢᠨ᠎ᠠ᠃ 60 ᠨᠠᠰᠤ ᠬᠥᠷᠪᠡᠯ ᠶᠠᠮᠠᠷ ᠴᠤ ᠰᠠᠬᠠᠯ ᠰᠤᠩᠭᠤᠨ ᠲᠠᠯᠪᠢᠵᠥ ᠪᠤᠯᠬᠤ ᠪᠦᠬᠡᠤᠨ ᠰᠡᠶᠢᠬᠠᠨ ᠰᠠᠬᠠᠯ ᠲᠠᠢ ᠪᠤᠭᠤᠷᠤᠯ ᠤᠨ ᠲᠤᠭᠠᠨ ᠳᠤ ᠤᠷᠤᠵᠤ᠂ ᠨᠡᠶᠢᠲᠡ ᠤᠯᠠᠨ᠂ ᠨᠤᠲᠤᠭ ᠤᠰᠤᠨ ᠤ ᠪᠠᠨ ᠬᠠᠶᠢᠷ᠎ᠠ ᠬᠥᠨᠳᠥᠤᠨᠬᠡᠯ᠂ ᠢᠲᠡᠬᠡᠯ ᠪᠢᠰᠢᠷᠠᠯ ᠢ ᠬᠥᠯᠢᠶᠡᠵᠤ ᠶᠠᠪᠤᠳᠠᠭ ᠠᠵᠢ᠃
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ